7 ᠨᠠᠰᠤᠲᠠᠢ ᠤᠨᠤᠭᠠᠴᠢ ᠬᠦᠦ ᠲᠤᠳᠤᠬᠠᠨ
ᠨᠡᠶᠢᠲᠡᠯᠡᠭᠰᠡᠨ ᠴᠠᠭ᠄
2024/12/9
   ᠤᠷᠲᠤ ᠶᠢᠨ ᠳᠠᠭᠤᠤ ᠲᠠᠢ ᠲᠡᠨᠢᠭᠡᠷ ᠲᠠᠯ᠎ᠠ ᠳᠤ ᠨᠠᠭᠠᠳᠤᠮ ᠤᠨ ᠤᠤᠬᠠᠢ ᠴᠤᠤᠷᠢᠶᠠᠳᠤᠨ᠂ ᠤᠨᠤᠭᠠᠴᠢ ᠬᠡᠦᠬᠡᠳ ᠤᠨ ᠬᠢᠩᠭᠤᠤᠯᠬᠤ ᠳᠠᠭᠤᠨ ᠳᠤ ᠤᠶᠠᠭᠠᠴᠢ ᠲᠦᠮᠡᠨ ᠤ ᠬᠡᠶᠢᠮᠦᠷᠢ ᠰᠡᠷᠭᠦᠨ᠎ᠡ᠃ ᠦᠶ᠎ᠡ ᠦᠶ᠎ᠡ ᠶᠢᠨ ᠰᠠᠶᠢᠨ ᠤᠶᠠᠭᠠᠴᠢᠳ ᠢ ᠳᠠᠭᠠᠵᠤ᠂ ᠰᠣᠳᠣᠨ ᠰᠣᠳᠣᠨ ᠣᠨᠤᠭᠠᠴᠢ ᠬᠡᠦᠬᠡᠳ ᠤᠳ ᠲᠤᠳᠤᠷᠠᠭᠰᠠᠨ ᠪᠢᠯᠡ᠃ ᠠᠪᠠᠭ᠎ᠠ ᠬᠤᠰᠢᠭᠤᠨ ᠤ ᠶᠡᠬᠡᠭᠤᠣᠯ ᠰᠤᠮᠤᠨ ᠤ ᠳᠡᠯᠭᠡᠷ ᠭᠠᠴᠠᠭᠠᠨ ᠤ ᠠᠯᠲᠠᠨᠴᠤᠭᠲᠣ᠂ ᠬᠤᠸᠠᠷ ᠤᠨ ᠬᠦᠦ ᠲᠤᠳᠤᠬᠠᠨ ᠪᠣᠯ ᠮᠣᠷᠢᠨ ᠳᠤ ᠣᠨᠴᠠᠭᠠᠢ ᠬᠠᠶᠢᠷᠠᠲᠠᠢ ᠨᠢᠭᠡᠨ ᠪᠠᠶᠢᠵᠤ᠂ ᠣᠯᠠᠨ ᠤᠳᠠᠭᠠᠨ ᠤ ᠨᠠᠶᠢᠷ ᠨᠠᠭᠠᠳᠤᠮ ᠢᠶᠠᠷ ᠤᠨᠤᠭᠰᠠᠨ ᠬᠦᠯᠦᠭ ᠢᠶᠠᠨ ᠬᠤᠷᠳᠤᠯᠠᠭᠤᠯᠵᠤ ᠰᠢᠯᠢᠳᠡᠭ ᠬᠢᠷᠢ ᠪᠦᠲᠦᠮᠵᠢ ᠣᠯᠪᠠ᠃    ᠲᠤᠳᠤᠬᠠᠨ ᠬᠦᠦ ᠲᠠᠢ ᠲᠠᠨᠢᠯᠴᠠᠬᠤᠢ    ᠲᠤᠳᠤᠬᠠᠨ ᠡᠨᠡ ᠵᠢᠯ 7 ᠨᠠᠰᠤᠲᠠᠢ᠂ ᠮᠣᠷᠢᠨ ᠳᠤ ᠠᠷᠭ᠎ᠠ ᠦᠭᠡᠢ ᠶᠡᠭᠡ ᠬᠠᠶᠢᠷᠠᠲᠠᠢ᠂ ᠲᠡᠷᠡ ᠣᠳᠣ ᠠᠪᠠᠭ᠎ᠠ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠶᠢᠨ ᠬᠤᠶᠠᠳᠤᠭᠠᠷ ᠣᠨ ᠳᠤ ᠰᠤᠷᠤᠯᠴᠠᠵᠤ ᠪᠠᠶᠢᠨ᠎ᠠ᠃ ᠲᠤᠳᠤᠬᠠᠨ ᠬᠠᠮᠤᠭ ᠠᠩᠬ᠎ᠠ ᠮᠣᠷᠢᠨ ᠨᠢᠷᠤᠭᠤᠨ ᠳᠤ ᠮᠤᠷᠳᠠᠬᠤ ᠳᠤ ᠠᠷᠠᠢ ᠪᠦᠬᠦᠯᠢ ᠭᠤᠷᠪᠠᠨ ᠨᠠᠰᠤ ᠬᠦᠷᠦᠭᠡᠳᠦᠢ ᠪᠠᠶᠢᠵᠡᠢ᠃ ᠠᠪᠤ ᠠᠯᠲᠠᠨᠴᠤᠭᠲᠣ ᠨᠢ ᠰᠠᠶᠢᠨ ᠤᠶᠠᠭᠠᠴᠢ ᠪᠤᠯᠬᠤᠷ ᠲᠡᠷᠡ ᠠᠪᠤ ᠶᠢᠨ ᠢᠶᠠᠨ ᠨᠥᠯᠦᠭᠡ ᠪᠠᠷ ᠬᠠᠷᠠᠬᠠᠨ ᠪᠠᠭ᠎ᠠ ᠠᠴᠠ ᠪᠠᠨ ᠠᠳᠤᠭᠤ ᠮᠣᠷᠢ ᠲᠠᠢ ᠣᠶᠢᠷᠠᠳᠴᠦ᠂ ᠮᠣᠷᠢᠨ ᠨᠢᠷᠤᠭᠤᠨ ᠳᠡᠭᠡᠷ᠎ᠡ ᠦᠰᠴᠡᠢ᠃    ᠲᠤᠳᠤᠬᠠᠨ ᠤᠷᠤᠯᠳᠤᠭᠠᠨ ᠮᠣᠷᠢ ᠣᠨᠣᠬᠤ ᠳᠤ ᠪᠠᠨ ᠰᠠᠶᠢᠨ ᠪᠠᠶᠢᠵᠤ᠂ ᠣᠯᠠᠨ ᠤᠳᠠᠭᠠᠨ ᠤ ᠣᠪᠤᠭᠠᠨ ᠨᠠᠶᠢᠷ᠂ ᠬᠡᠦᠬᠡᠳ ᠤᠨ ᠥᠷᠪᠦᠭᠡᠨ ᠨᠠᠶᠢᠷ ᠵᠢᠴᠢ ᠰᠢᠯᠢ ᠶᠢᠨ ᠭᠤᠣᠯ ᠠᠶᠢᠮᠠᠭ ᠤᠨ ᠮᠤᠩᠭᠤᠯ ᠮᠣᠷᠢᠨ ᠤ ᠬᠤᠯᠪᠤᠭᠠᠲᠤ ᠤᠷᠤᠯᠳᠤᠭᠠᠨ ᠵᠡᠷᠭᠡ ᠤᠷᠤᠯᠳᠤᠭᠠᠨ ᠲᠡᠮᠡᠴᠡᠭᠡᠨ ᠳᠤ ᠣᠷᠤᠯᠴᠠᠵᠤ᠂ ᠤᠨᠤᠭᠰᠠᠨ ᠬᠥᠯᠦᠭ ᠢᠶᠠᠨ ᠬᠤᠷᠳᠤᠯᠠᠭᠤᠯᠤᠨ ᠰᠢᠯᠢᠳᠡᠭ ᠬᠢᠷᠢ ᠪᠦᠲᠦᠮᠵᠢ  ᠣᠯᠤᠭᠰᠠᠭᠠᠷ ᠢᠷᠡᠪᠡ᠃    ᠤᠷᠭ᠎ᠠ ᠪᠠᠷᠢᠵᠤ ᠤᠨᠠᠭ᠎ᠠ ᠳᠠᠭ᠎ᠠ ᠤᠷᠭᠠᠯᠠᠨ᠎ᠠ    ᠠᠳᠤᠭᠤ ᠮᠠᠯ ᠲᠤ ᠪᠠᠨ ᠬᠠᠶᠢᠷᠠᠲᠠᠢ ᠪᠤᠯᠬᠤᠷ ᠠᠪᠤ ᠠᠪᠠᠭ᠎ᠠ ᠨᠠᠷ ᠨᠢ ᠠᠳᠤᠭᠤ ᠮᠠᠯ ᠲᠠᠢ ᠨᠤᠴᠤᠯᠳᠤᠬᠤ ᠪᠠᠷ ᠲᠤᠳᠤᠬᠠᠨ ᠴᠦ ᠶᠡᠷᠦ ᠠᠴᠠ ᠬᠤᠴᠤᠷᠬᠤ ᠦᠭᠡᠢ ᠪᠠᠶᠢᠵᠤ᠂ ᠤᠷᠭ᠎ᠠ ᠪᠠᠷᠢᠵᠤ ᠤᠨᠠᠭ᠎ᠠ ᠳᠠᠭ᠎ᠠ᠂ ᠬᠤᠨᠢ ᠢᠮᠠᠭ᠎ᠠ ᠤᠷᠭᠠᠯᠠᠵᠤ ᠡᠪ ᠳᠡᠮ ᠢ ᠨᠢ ᠣᠯᠳᠠᠭ᠃ ᠪᠠᠶᠠᠷ ᠳᠤᠷᠠᠰᠬᠠᠯ ᠤᠨ ᠡᠳᠦᠷ᠂ ᠲᠦᠷᠦᠭᠰᠡᠨ ᠡᠳᠦᠷ ᠤᠨ ᠪᠠᠶᠠᠷ ᠢᠶᠠᠷ ᠳᠤᠲᠤᠬᠠᠨ ᠠᠪᠠᠭ᠎ᠠ ᠨᠠᠭᠠᠴᠤ᠂ ᠠᠬ᠎ᠠ ᠡᠭᠡᠴᠢ ᠨᠠᠷ ᠠᠴᠠ ᠪᠠᠨ ᠥᠭᠡᠷ᠎ᠡ ᠶᠠᠭᠤ ᠴᠦ ᠬᠦᠰᠡᠳᠡᠭ ᠦᠭᠡᠢ᠂ ᠭᠠᠭᠴᠠ ᠯᠡ ᠨᠢᠭᠡ ᠰᠠᠶᠢᠬᠠᠨ ᠮᠣᠷᠢᠨ ᠤ ᠵᠠᠭᠪᠤᠷ ᠤᠨ ᠪᠡᠯᠡᠭ ᠳᠣᠰᠴᠢᠬᠠᠬᠤ ᠶᠤᠮ ᠪᠣᠯ ᠣᠨᠲᠠᠵᠤ ᠠᠮᠠᠷᠠᠬᠤ ᠪᠠᠨ ᠤᠮᠠᠷᠳᠠᠨ ᠬᠠᠭ᠎ᠠ ᠪᠠᠶᠠᠷᠯᠠᠨ᠎ᠠ᠃ ᠪᠤᠰᠤᠳ ᠬᠡᠦᠬᠡᠳ ᠤᠳ ᠨᠠᠭᠠᠳᠤᠮ ᠤᠨ ᠲᠡᠷᠭᠡ ᠫᠣᠣ᠂ ᠭᠠᠷ ᠣᠲᠠᠰᠤ ᠠᠪᠤᠨ᠎ᠠ ᠭᠡᠳ ᠬᠦᠶᠦᠯᠳᠦᠵᠦ ᠪᠠᠶᠢᠬᠤ ᠳᠤ ᠲᠤᠳᠤᠬᠠᠨ ᠬᠦᠦ ᠮᠣᠷᠢᠨ ᠤ ᠲᠣᠭᠯᠠᠭᠠᠮ᠂ ᠵᠠᠭᠪᠤᠷ ᠵᠡᠷᠭᠡ ᠪᠠᠷ ᠢᠶᠠᠨ ᠬᠥᠳᠡᠭᠡ ᠬᠡᠭᠡᠷ᠎ᠡ ︽ᠮᠣᠷᠢᠳ ᠢᠶᠠᠨ ᠬᠥᠲᠦᠯᠵᠦ ᠤᠷᠤᠯᠳᠤᠭᠠᠨ ᠳᠤ ᠶᠠᠪᠤᠵᠤ ᠪᠠᠶᠢᠨ᠎ᠠ︾ ᠭᠡᠵᠦ ᠥᠪᠡᠷ ᠤᠨ ᠵᠤᠬᠢᠶᠠᠮᠵᠢᠯᠠᠭᠰᠠᠨ ᠦᠯᠢᠭᠡᠷ ᠤᠨ ᠳᠤᠮᠳᠠ ᠪᠠᠨ ᠠᠮᠲᠠᠷᠬᠠᠨ ᠨᠠᠭᠠᠳᠴᠦ ᠰᠠᠭᠤᠳᠠᠭ ᠭᠡᠨ᠎ᠡ᠃  ᠡᠮᠦᠨ᠎ᠡ ᠬᠡᠰᠡᠭ ᠬᠤᠭᠤᠴᠠᠭ᠎ᠠ ᠲᠤᠳᠤᠬᠠᠨ ᠤ ᠬᠡᠳᠦᠨ ᠮᠣᠷᠢᠨ ᠤ ᠵᠠᠭᠪᠤᠷ ᠢᠶᠠᠷ ᠢᠶᠠᠨ ᠭᠤᠶᠤ ᠰᠠᠶᠢᠬᠠᠨ ᠲᠣᠭᠯᠠᠵᠤ ᠪᠠᠶᠢᠭᠰᠠᠨ ᠲᠥᠷᠰᠦ ᠰᠢᠩᠭᠡᠭᠡᠯᠲᠡ ᠰᠦᠯᠵᠢᠶ᠎ᠡ ᠳᠠᠪᠴᠠᠩ ᠢᠶᠠᠷ ᠦᠷᠭᠡᠨ ᠰᠠᠴᠤᠭᠳᠠᠵᠤ᠂ ᠰᠦᠯᠵᠢᠶᠡᠨ ᠠᠨᠳᠠ ᠨᠠᠷ ᠤᠨ ᠪᠠᠭ᠋ᠠᠷᠬᠠᠯ ᠮᠠᠭᠲᠠᠭᠠᠯ ᠢ ᠬᠦᠷᠲᠡᠵᠦ ᠪᠠᠶᠢᠭᠰᠠᠨ ᠪᠢᠯᠡ᠃    ᠠᠪᠤ ᠡᠵᠢ ᠳᠤ ᠪᠠᠨ ᠲᠤᠰᠠ ᠳᠡᠮ ᠪᠣᠯᠳᠠᠭ    ᠲᠣᠳᠤᠬᠠᠨ ᠰᠤᠷᠭᠠᠭᠤᠯᠢ ᠳᠤ ᠪᠠᠨ ᠬᠦᠷᠪᠡᠯ ᠬᠢᠴᠢᠶᠡᠯ ᠰᠤᠷᠤᠯᠭ᠎ᠠ ᠳᠤ ᠪᠠᠨ ᠴᠢᠷᠮᠠᠶᠢᠵᠤ᠂ ᠠᠮᠠᠷᠠᠯᠲᠠ ᠲᠠᠯᠪᠢᠪᠠᠯ ᠠᠳᠤᠭᠤ ᠮᠠᠯ ᠲᠠᠢ ᠪᠠᠨ ᠨᠤᠴᠤᠯᠳᠤᠵᠤ᠂ ᠬᠥᠳᠡᠭᠡ ᠶᠢᠨ ᠬᠠᠷ᠎ᠠ ᠪᠣᠷᠣ ᠠᠵᠢᠯ ᠳᠤ ᠳᠠᠰᠴᠤ ᠶᠠᠪᠤᠭ᠎ᠠ ᠬᠥᠭᠡᠷᠦᠬᠦᠨ ᠵᠢᠭᠠᠯ ᠪᠢᠯᠡ᠃ ᠲᠡᠷᠡ ᠮᠣᠷᠢ ᠪᠠᠨ ᠤᠨᠤᠵᠤ ᠬᠤᠨᠢ ᠮᠠᠯ ᠢᠶᠠᠨ ᠡᠷᠭᠢᠭᠦᠯᠵᠦ᠂ ᠤᠰᠤᠯᠠᠵᠤ ᠡᠪᠡᠰᠦᠯᠡᠵᠦ ᠴᠢᠳᠠᠬᠤ ᠪᠠᠷ ᠪᠠᠷᠠᠬᠤ ᠦᠭᠡᠢ ᠬᠤᠨᠢ ᠬᠠᠶᠢᠴᠢᠯᠠᠬᠤ ᠶᠠᠭᠠᠷᠠᠯᠲᠠᠢ ᠴᠠᠭ ᠲᠤ 5  ᠨᠠᠰᠤᠲᠠᠢ ᠦᠬᠢᠨ ᠳᠡᠭᠦᠦ ᠠᠷᠤᠤᠬᠠᠨ ᠲᠠᠢ ᠪᠠᠨ ᠬᠠᠮᠲᠤ ᠬᠤᠨᠢ ᠬᠠᠶᠢᠴᠢᠯᠠᠵᠦ ᠠᠪᠤ ᠡᠵᠢ ᠳᠤ ᠪᠠᠨ ᠳᠤᠰᠠ ᠳᠡᠮ ᠪᠣᠯᠬᠤ ᠭᠡᠵᠦ ᠪᠤᠵᠢᠭᠢᠨᠠᠭᠤᠯᠳᠠᠭ᠃    — ᠮᠢᠨᠤ ᠬᠦᠦ ᠭᠡᠷ ᠲᠤ ᠪᠠᠨ ᠢᠷᠡᠪᠡᠯ ᠪᠢᠳᠡᠨᠦᠰ ᠲᠤ ᠳᠤᠰᠠᠯᠠᠬᠤ ᠭᠡᠵᠦ ᠶᠡᠭᠡ ᠬᠢᠴᠢᠶᠡᠨ᠎ᠡ᠂ ᠮᠣᠷᠢᠨ ᠳᠤ ᠠᠷᠭ᠎ᠠ ᠦᠭᠡᠢ ᠶᠡᠭᠡ ᠬᠠᠶᠢᠷᠠᠲᠠᠢ ᠪᠢᠯᠡ᠂ ᠮᠠᠭᠤ ᠬᠦᠦ ᠮᠢᠨᠢ ᠳᠤᠷᠠᠲᠠᠢ ᠪᠠᠭ᠋ᠠᠲᠠᠢ ᠵᠦᠢᠯ ᠢᠶᠠᠨ ᠬᠢᠵᠦ᠂ ᠮᠣᠷᠢ ᠮᠠᠯ ᠠᠴᠠ ᠪᠠᠨ ᠣᠶᠢᠷᠠᠬᠠᠨ ᠪᠠᠶᠢᠵᠤ᠂ ᠡᠷᠡᠭᠦᠯ ᠡᠩᠬᠡ ᠥᠰᠦᠨ ᠪᠤᠶᠢᠵᠢᠬᠤ ᠶᠢ ᠨᠢ ᠬᠦᠰᠡᠨ᠎ᠡ ᠭᠡᠵᠦ ᠲᠤᠳᠤᠬᠠᠨ ᠤ ᠡᠵᠢ ᠬᠤᠸᠠᠷ ᠬᠥᠥ ᠪᠠᠨ ᠥᠬᠦᠭᠡᠷᠳᠦᠨ  ᠶᠠᠷᠢᠵᠤ  ᠪᠠᠶᠢᠯ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号