ᠪᠠᠶᠠᠨᠲᠤᠭ ᠰᠤᠮᠤ ᠨᠢ ᠠᠪᠠᠭ᠎ᠠ ᠬᠤᠰᠢᠭᠤᠨ ᠤ ᠬᠢᠯᠢ ᠶᠢᠨ ᠰᠤᠮᠤ ᠪᠠᠶᠢᠵᠤ᠂ ᠨᠡᠩ ᠴᠦ ᠲᠤᠰ ᠰᠤᠮᠤᠨ ᠤ | ᠪᠠᠶᠠᠨᠲᠤᠭ ᠭᠠᠴᠠᠭ᠎ᠠ ᠨᠢ ᠬᠢᠯᠢ ᠵᠠᠭᠠᠭᠯᠠᠵᠤ ᠪᠠᠶᠢᠳᠠᠭ ᠪᠠᠶᠢᠷᠢᠰᠢᠯ ᠲᠠᠢ ᠪᠢᠯᠡ᠃ ᠪᠠᠶᠠᠨᠲᠤᠭ ᠭᠠᠴᠠᠭᠠᠨ ᠤ ᠵᠠᠯᠠᠭᠤ | ᠮᠠᠯᠴᠢᠨ ᠭᠡᠷᠡᠯᠴᠤᠭᠲᠤ ᠶᠢᠨ ᠬᠢ ᠡᠷᠳᠡ ᠶᠢᠨ ᠰᠢᠲᠦᠭᠡᠨ ᠲᠠᠢ ᠪᠠᠶᠠᠨᠲᠤᠭ ᠠᠭᠤᠯᠠ ᠶᠢᠨ ᠡᠩᠭᠡᠷ ᠲᠤ ᠪᠠᠶᠢᠭᠠᠯᠢ ᠶᠢᠨ | ᠰᠢᠯᠢᠷᠭᠡᠭ ᠨᠤᠲᠤᠭ ᠤᠨ ᠤᠨᠴᠠᠯᠢᠭ ᠲᠠᠢ᠂ ᠬᠦᠷᠦᠰᠦ ᠰᠠᠶᠢᠲᠠᠢ᠂ ᠥᠩ ᠰᠢᠮᠡᠯᠢᠭ ᠰᠠᠬᠤᠯᠢᠭ ᠪᠡᠯᠴᠢᠭᠡᠷ ᠲᠠᠢ ᠭᠠᠵᠠᠷ | ᠨᠤᠲᠤᠭᠰᠢᠵᠤ ᠪᠠᠶᠢᠭ᠎ᠠ ᠶᠤᠮ᠃ | ᠡᠨᠡ ᠠᠶᠢᠯ ᠡᠷᠳᠡ ᠲᠡᠭᠡᠲᠦ ᠠᠴᠠ ᠪᠠᠨ ᠨᠤᠲᠤᠭ ᠤᠰᠤᠨ ᠳᠠᠭᠠᠨ ᠠᠯᠲᠠᠷ ᠬᠦᠨᠳᠦᠳᠡᠢ ᠦᠶ᠎ᠡ ᠵᠠᠯᠭᠠᠭᠰᠠᠨ | ᠤᠳᠤᠮ ᠲᠠᠢ ᠪᠠᠶᠢᠳᠠᠭ᠃ ᠠᠳᠡ ᠤᠷᠮᠠᠳᠠᠶᠢᠬᠠᠨ ᠡᠷᠬᠢᠴᠡᠭᠦᠯᠦᠯ ᠠᠴᠠ ᠳᠦᠬᠦᠮ ᠳᠤᠷᠠᠳᠪᠠᠯ᠂ ᠶᠡᠭᠡ ᠬᠠᠮᠲᠤ ᠶᠢᠨ | ᠦᠶ᠎ᠡ ᠳᠤ ᠭᠡᠷᠡᠯᠴᠤᠭᠲᠤ ᠶᠢᠨ ᠠᠪᠤ ᠨᠠᠴᠤᠭᠳᠣᠷᠵᠢ ᠰᠤᠮᠤᠨ ᠤ ᠪᠠᠨ ᠠᠮᠤ ᠪᠤᠳᠠᠭ᠎ᠠ ᠬᠠᠩᠭᠠᠬᠤ ᠦᠷᠲᠡᠭᠡᠨ ᠤ | ᠠᠵᠢᠯᠲᠠᠨ ᠪᠠᠶᠢᠵᠤ᠂ ᠭᠡᠷᠭᠡᠢ ᠨᠢ ᠠᠳᠠᠯᠢᠪᠢᠰᠢ ᠨᠢ ᠭᠠᠴᠠᠭᠠᠨ ᠳᠠᠭᠠᠨ 1992 ᠣᠨ ᠠᠴᠠ 2000 ᠣᠨ ᠪᠣᠯᠲᠠᠯ᠎ᠠ | ᠡᠮᠡᠭᠲᠡᠶᠢᠴᠦᠳ ᠤᠨ ᠬᠤᠯᠪᠤᠭᠠᠲᠤ ᠬᠤᠷᠠᠯ ᠤᠨ ᠡᠷᠬᠢᠯᠡᠭᠴᠢ ᠶᠢᠨ ᠲᠤᠰᠢᠶᠠᠯ ᠡᠭᠦᠷᠭᠡᠯᠡᠵᠦ ᠪᠠᠶᠢᠭᠰᠠᠨ ᠪᠠᠶᠢᠨ᠎ᠠ᠃ | ᠠᠳᠠᠯᠢᠪᠢᠰᠢ 1982 ᠣᠨ ᠠᠴᠠ ᠨᠠᠭᠠᠰᠢ ︽3·8︾ ᠶᠢᠨ ᠤᠯᠠᠭᠠᠨ ᠲᠤᠭᠴᠢ ᠪᠠᠷ ᠬᠡᠳᠦᠨᠳᠡ ᠰᠤᠩᠭᠤᠭᠳᠠᠵᠤ᠂ | ᠰᠤᠮᠤ ᠭᠠᠴᠠᠭᠠᠨ ᠤ ᠰᠢᠯᠢᠳᠡᠭ ᠡᠮᠡᠭᠲᠡᠶᠢᠴᠦᠳ ᠤᠨ ᠡᠷᠬᠢᠯᠡᠭᠴᠢ᠂ ᠰᠢᠯᠢᠳᠡᠭ ᠨᠠᠮ ᠤᠨ ᠭᠡᠰᠢᠭᠦᠨ᠂ ᠬᠦᠳᠡᠯᠮᠦᠷᠢ ᠶᠢᠨ | ᠵᠢᠱᠢᠶᠡᠴᠢ ᠪᠠᠷ ᠣᠯᠠᠨᠲᠠ ᠰᠤᠩᠭᠤᠭᠳᠠᠭᠰᠠᠨ ᠤᠳᠠᠭ᠎ᠠ ᠲᠠᠢ ᠪᠢᠯᠡ᠃ ᠡᠶᠢᠮᠦ ᠠᠴᠠ ᠭᠠᠴᠠᠭᠠᠨ ᠤ ᠬᠢᠨᠢ | ᠡᠮᠡᠭᠲᠡᠶᠢᠴᠦᠳ ᠤᠨ ᠬᠤᠯᠪᠤᠭᠠᠲᠤ ᠬᠤᠷᠠᠯ ᠨᠢ ᠴᠦ ᠬᠤᠰᠢᠭᠤ ᠰᠤᠮᠤᠨ ᠤ ᠲᠡᠷᠢᠭᠦᠨ ᠤ ᠨᠢᠭᠡᠴᠢ ᠪᠠᠷ ᠰᠤᠩᠭᠤᠭᠳᠠᠨ | ᠰᠠᠶᠢᠰᠢᠶᠠᠭᠳᠠᠵᠤ ᠪᠠᠶᠢᠪᠠ᠃ | ᠡᠶᠢᠮᠦᠷᠬᠦᠦ ᠤᠷᠴᠢᠨ ᠲᠤᠭᠤᠷᠢᠨ ᠳᠤ ᠦᠰᠴᠦ ᠪᠤᠶᠢᠵᠢᠭᠰᠠᠨ ᠭᠡᠷᠡᠯᠴᠤᠭᠲᠤ ᠮᠠᠨᠢ ᠶᠠᠷᠢᠶᠠᠨ ᠦᠭᠡᠢ ᠠᠵᠢᠯ | ᠬᠦᠳᠡᠯᠮᠦᠷᠢ᠂ ᠰᠤᠶᠤᠯ ᠪᠤᠯᠪᠠᠰᠤᠷᠠᠯ᠂ ᠤᠷ᠎ᠠ ᠤᠬᠠᠭᠠᠨ᠂ ᠮᠡᠳᠡᠯᠭᠡ ᠮᠡᠷᠭᠡᠵᠢᠯ ᠳᠤ ᠳᠠᠪᠳᠠᠭᠳᠠᠨ ᠴᠠᠭᠠᠷᠠᠭᠰᠠᠨ ᠨᠢ | ᠲᠤᠳᠤᠷᠬᠠᠢ ᠪᠢᠯᠡ᠃ ᠭᠡᠷᠭᠡᠢ ᠨᠠᠷᠠᠨᠴᠢᠮᠡᠭ ᠨᠢ ᠠᠵᠢᠯᠴᠢ ᠪᠤᠷᠤᠭᠵᠢᠭᠤᠨ ᠰᠢᠷᠭᠠᠭᠤ ᠬᠠᠳᠠᠭᠤᠵᠢᠯᠲᠠᠢ | ᠬᠦᠳᠡᠯᠮᠦᠷᠢ ᠶᠢᠨ ᠵᠣᠷᠢᠭ ᠰᠥᠰᠦ ᠨᠢ ᠭᠠᠴᠠᠭ᠎ᠠ ᠰᠤᠮᠤᠨ ᠤ ᠪᠠᠨ ᠦᠵᠡᠭᠰᠡᠨ ᠬᠠᠷᠠᠭᠰᠠᠨ ᠪᠦᠬᠦᠨ ᠤ ᠪᠢᠰᠢᠷᠡᠯ ᠢ | ᠲᠠᠲᠠᠳᠠᠭ ᠪᠦᠰᠡᠭᠦᠢ ᠶᠣᠮ᠃ | — ᠵᠠ ᠂ ᠲᠠᠨ ᠤ ᠬᠡᠳᠦᠨ ᠬᠦᠮᠦᠨ ᠲᠠᠢ ᠪᠤᠢ︖ ᠭᠡᠷ ᠪᠦᠯᠢ ᠶᠢᠨ ᠪᠠᠶᠢᠳᠠᠯ ᠢᠶᠠᠨ ᠲᠠᠨᠢᠯᠴᠠᠭᠤᠯᠪᠠᠯ︖ | — ᠭᠡᠷ ᠲᠡᠭᠡᠨ ᠠᠮᠠ ᠪᠦᠯᠢ ᠳᠣᠯᠣᠭᠤᠯᠠ᠃ ᠭᠤᠷᠪᠠᠨ ᠬᠡᠦᠬᠡᠳ ᠲᠠᠢ᠂ ᠦᠬᠢᠨ ᠠᠪᠠᠭ᠎ᠠ ᠬᠤᠰᠢᠭᠤᠨ ᠤ | ᠮᠤᠩᠭᠤᠯ ᠳᠤᠮᠳᠠᠳᠤ ᠰᠤᠷᠭᠠᠭᠤᠯᠢ ᠶᠢᠨ ᠳᠡᠭᠡᠲᠦ ᠬᠤᠶᠠᠷ ᠲᠤ ᠰᠤᠷᠤᠯᠴᠠᠵᠤ ᠪᠠᠶᠢᠨ᠎ᠠ᠃ ᠬᠤᠶᠠᠷ ᠬᠦᠦ ᠮᠤᠩᠭᠤᠯ | ᠪᠠᠭ᠎ᠠ ᠰᠤᠷᠭᠠᠭᠤᠯᠢ ᠶᠢᠨ ᠲᠠᠪᠤᠳᠤᠭᠠᠷ ᠠᠩᠭᠢ ᠳᠤ ᠰᠤᠷᠤᠯᠴᠠᠵᠤ ᠪᠠᠶᠢᠨ᠎ᠠ᠃ | — ᠦ᠂ ᠲᠡᠶᠢᠮᠦ ᠦᠦ︖ ᠰᠠᠭᠤᠷᠢᠰᠢᠯ ᠪᠦᠳᠦᠭᠡᠨ ᠪᠠᠶᠢᠭᠤᠯᠤᠯᠲᠠ ᠶᠢᠨ ᠢᠶᠠᠨ ᠲᠠᠯ᠎ᠠ ᠪᠠᠷ ᠶᠠᠷᠢᠨ᠎ᠠ ᠦᠦ︖ | — ᠬᠤᠰᠢᠭᠤᠨ ᠳᠠᠭᠠᠨ ᠨᠢᠭᠡ ᠰᠠᠭᠤᠭᠠᠯᠢ᠂ ᠨᠢᠭᠡ ᠵᠡᠭᠡᠯᠢ ᠨᠢᠭᠤᠷᠯᠠᠭᠰᠠᠨ ᠠᠰᠠᠷ ᠰᠠᠭᠤᠴᠠ ᠲᠠᠢ᠃ ᠬᠥᠳᠡᠭᠡ | ᠳᠡᠭᠡᠨ 400 ᠬᠠᠪᠳᠠᠭᠠᠢ ᠳᠦᠷᠪᠡᠯᠵᠢᠨ ᠮᠧᠲᠷ ᠲᠠᠯᠠᠪᠠᠢ ᠲᠠᠢ ᠪᠠᠶᠢᠰᠢᠩ ᠭᠡᠷ ᠲᠠᠢ᠃ ᠮᠠᠯ ᠤᠨ ᠲᠤᠯᠠᠭᠠᠨ ᠰᠠᠷᠠᠪᠴᠢ | ᠭᠤᠴᠢᠨ ᠳᠠᠰᠤᠯᠭ᠎ᠠ ᠪᠠᠶᠢᠨ᠎ᠠ᠂ ᠨᠥᠮᠦᠷᠢ ᠰᠠᠷᠠᠪᠴᠢ 1200 ᠬᠠᠪᠳᠠᠭᠠᠢ ᠳᠦᠷᠪᠡᠯᠵᠢᠨ ᠮᠧᠲᠷ ᠪᠠᠶᠢᠳᠠᠭ᠃ 5 | ᠮᠠᠰᠢᠨ ᠬᠤᠳᠳᠤᠭ ᠪᠠᠶᠢᠨ᠎ᠠ᠃ | — ᠲᠠᠨ ᠤ ᠬᠢ ᠪᠡᠯᠴᠢᠭᠡᠷ ᠨᠤᠲᠤᠭ ᠢᠶᠠᠨ ᠶᠠᠮᠠᠷ ᠬᠡᠯᠪᠡᠷᠢ ᠪᠠᠷ ᠠᠰᠢᠭᠯᠠᠳᠠᠭ ᠪᠤᠢ︖ | — ᠮᠠᠨ ᠤ ᠬᠢ 2 ᠲᠦᠮᠡ 2000 ᠮᠦ ᠨᠤᠲᠤᠭ ᠪᠡᠯᠴᠢᠭᠡᠷ ᠲᠠᠢ ᠶᠤᠮ᠃ ᠬᠡᠰᠡᠭᠯᠡᠨ ᠬᠤᠪᠢᠶᠠᠵᠤ᠂ | ᠳᠦᠷᠪᠡᠨ ᠤᠯᠠᠷᠢᠯ ᠳᠤ ᠡᠭᠡᠯᠵᠢᠯᠡᠨ ᠮᠠᠯᠵᠢᠵᠤ᠂ ᠬᠦᠷᠦᠰᠦ ᠰᠢᠷᠤᠢ ᠶᠢᠨ ᠲᠠᠴᠢᠷᠳᠠᠯ ᠢ ᠰᠡᠷᠭᠡᠶᠢᠯᠡᠳᠡᠭ ᠪᠤᠯᠬᠤᠷ | ᠤᠷᠭᠤᠴᠠ ᠪᠠᠨ ᠦᠷ᠎ᠡ ᠪᠦᠲᠦᠮᠵᠢᠲᠡᠢ ᠬᠠᠮᠠᠭᠠᠯᠠᠵᠤ ᠴᠢᠳᠠᠭᠰᠠᠨ ᠶᠤᠮ᠃ | — ᠣᠳᠤ ᠶᠠᠮᠠᠷ ᠴᠦ ᠠᠶᠢᠯ ᠨᠢ ᠬᠡᠳᠦᠢ ᠲᠦᠷᠦᠯ ᠤᠨ ᠮᠠᠯ ᠮᠠᠯᠵᠢᠭᠰᠠᠨ ᠴᠦ ᠪᠡᠯᠴᠢᠭᠡᠷ ᠨᠤᠲᠤᠭ ᠤᠨ ᠢᠶᠠᠨ | ᠳᠠᠭᠠᠭᠠᠴᠠ ᠶᠢ ᠤᠷᠢᠳᠠᠪᠡᠷ ᠪᠤᠳᠤᠯᠬᠢᠯᠠᠳᠠᠭ ᠪᠤᠯᠵᠡᠢ᠃ ᠲᠠᠨ ᠤ ᠬᠢ ᠶᠠᠮᠠᠷ ᠶᠠᠮᠠᠷ ᠮᠠᠯ ᠮᠠᠯᠵᠢᠵᠤ ᠪᠠᠶᠢᠭ᠎ᠠ ᠪᠤᠢ︖ | — ᠮᠠᠨ ᠤ ᠬᠢ ᠲᠦᠷᠦ ᠶᠢᠨ ᠪᠤᠳᠤᠯᠭ᠎ᠠ ᠶᠢ ᠵᠢᠷᠤᠮᠯᠠᠨ᠂ ᠮᠠᠯ ᠪᠡᠯᠴᠢᠭᠡᠷ ᠤᠨ ᠲᠡᠩᠴᠡᠭᠦᠷᠢ ᠶᠢ ᠪᠠᠲᠤᠯᠠᠵᠤ᠂ | ᠠᠳᠤᠭᠤ 60᠂ ᠦᠬᠡᠷ 50᠂ ᠬᠤᠨᠢ 300 ᠶᠢ ᠮᠠᠯᠵᠢᠵᠤ ᠪᠠᠶᠢᠭ᠎ᠠ ᠶᠤᠮ ᠃ | — ᠲᠠᠨ ᠤ ᠭᠡᠷ ᠪᠦᠯᠢ ᠶᠢᠨ ᠪᠦᠷᠢᠯᠳᠦᠭᠦᠨ ᠤ ᠠᠯᠳᠠᠷ ᠬᠦᠬᠢᠭᠦᠯᠦᠯ ᠠᠴᠠ ᠪᠠᠭ᠋ᠠᠷᠬᠠᠮᠠᠷ ᠪᠠᠶᠢᠨ᠎ᠠ᠃ | — ᠮᠠᠨ ᠤ ᠭᠤᠷᠪᠠᠨ ᠨᠠᠮ ᠤᠨ ᠭᠡᠰᠢᠭᠦᠨ ᠲᠠᠢ᠂ ᠮᠠᠨ ᠤ ᠠᠶᠢᠯ ᠭᠡᠷ ᠪᠤᠯᠤᠨ ᠭᠡᠷ ᠤᠨ ᠬᠦᠮᠦᠰ ᠠᠴᠠ ︽ | ᠰᠢᠯᠢᠳᠡᠭ ᠨᠠᠮ ᠤᠨ ᠭᠡᠰᠢᠭᠦᠨ︾᠂ ︽ᠵᠣᠯ ᠵᠢᠷᠭᠠᠯᠲᠤ ᠭᠡᠷ ᠪᠦᠯᠢ︾᠂ ︽ᠲᠡᠷᠢᠭᠦᠨ ᠤ ᠬᠤᠪᠢ ᠬᠦᠮᠦᠨ︾᠂ ︽ | ᠮᠠᠯᠵᠢᠬᠤ ᠤᠷᠤᠨ ᠤ ᠤᠳᠤᠨ ᠳᠡᠰ ᠤᠨ ᠪᠤᠯᠪᠠᠰᠤᠨ ᠡᠷᠦᠬᠡ︾᠂ ︽ᠠᠶᠢᠮᠠᠭ ᠤᠨ ᠳᠡᠰ ᠤᠨ ᠬᠠᠮᠤᠭ ᠤᠨ ᠭᠤᠶᠤ | ᠭᠡᠷ ᠪᠦᠯᠢ︾ ᠪᠠᠷ ᠬᠦᠬᠢᠭᠦᠯᠦᠭᠳᠡᠭᠰᠡᠨ ᠶᠤᠮ ᠭᠡᠯᠡ᠃ | ᠶᠡᠷᠦᠨᠢ ᠨᠠᠮ ᠵᠠᠰᠠᠭ ᠪᠠ ᠠᠷᠠᠳ ᠲᠦᠮᠡᠨ ᠤ ᠪᠢᠰᠢᠷᠡᠯ ᠬᠦᠨᠳᠦᠳᠬᠡᠯ ᠢ ᠳᠤᠰᠤᠨ᠎ᠠ ᠭᠡᠳᠡᠭ ᠨᠢ ᠬᠡᠯᠡᠬᠦ ᠳᠤ | ᠠᠮᠠᠷᠬᠠᠨ᠂ ᠬᠢᠬᠦ ᠳᠤ ᠪᠡᠷᠬᠡᠲᠡᠢ ᠶᠠᠪᠤᠳᠠᠯ ᠪᠦᠭᠡᠳ ᠮᠠᠰᠢ ᠤᠳᠠᠭᠠᠨ ᠵᠢᠯ ᠤᠨ ᠰᠢᠯᠭᠠᠯᠲᠠ ᠪᠠᠷ ᠳᠡᠮᠵᠢᠵᠤ᠂ ᠢᠯᠠᠨ | ᠳᠠᠪᠠᠵᠤ ᠢᠷᠡᠭᠰᠡᠨ ᠬᠦᠳᠡᠯᠮᠦᠷᠢ ᠦᠢᠯᠡᠰ ᠤᠨ ᠬᠢᠨᠢ ᠠᠮᠵᠢᠯᠲᠠ ᠶᠢᠨ ᠬᠠᠷᠠᠭᠤᠯᠤᠯ ᠪᠠᠶᠢᠭ᠎ᠠ ᠪᠢᠯᠡ᠃ | ᠭᠡᠷᠡᠯᠴᠤᠭᠲᠤ ᠶᠢᠨ ᠳᠤᠷ᠎ᠠ ᠪᠠᠬ᠎ᠠ ᠠᠴᠠ ᠶᠠᠷᠢᠪᠠᠯ ᠠᠳᠤᠭᠤᠨ ᠳᠤ ᠶᠡᠭᠡ ᠪᠠᠭ᠋ᠠᠲᠠᠢ᠃ ᠮᠣᠷᠢ ᠤᠶᠠᠬᠤ ᠰᠣᠶᠢᠬᠤ | ᠭᠡᠳ ᠠᠳᠤᠭᠤᠨ ᠤ ᠠᠷᠠᠴᠢᠯᠠᠭ᠎ᠠ ᠮᠠᠯᠵᠢᠯᠭ᠎ᠠ᠂ ᠰᠤᠶᠤᠯ ᠵᠠᠩᠰᠢᠯ ᠢ ᠥᠪᠯᠡᠭᠰᠡᠨ ᠬᠦᠮᠦᠨ ᠤ ᠨᠢᠭᠡ ᠶᠤᠮ᠃ ᠭᠡᠷᠭᠡᠢ | ᠨᠢ ᠨᠠᠷᠠᠨᠴᠢᠮᠡᠭ ᠪᠦᠰᠡᠭᠦᠢ ᠬᠦᠮᠦᠨ ᠤ ᠬᠢᠳᠡᠭ ᠠᠵᠢᠯ ᠪᠦᠬᠦᠨ ᠳᠤ ᠡᠪᠰᠢᠭᠰᠡᠨ ᠬᠦᠮᠦᠨ ᠶᠤᠮ᠃ ᠠᠶᠢᠯ ᠭᠡᠷ ᠲᠤᠨᠢ | ᠤᠷᠤᠬᠤ ᠳᠤ ᠰᠦ ᠴᠠᠭ᠎ᠠ ᠴᠠᠯᠬᠢᠭᠰᠠᠨ ᠪᠠᠶᠢᠳᠠᠭ ᠪᠤᠯᠬᠤᠷ ᠬᠠᠷᠠᠬᠤ ᠠᠴᠠ ᠰᠡᠳᠬᠢᠯ ᠳᠦᠭᠦᠷᠦᠬᠡᠳ᠂ ᠪᠤᠳᠤᠬᠤ ᠠᠴᠠ | ᠲᠣᠰᠣ ᠠᠮᠳᠠᠭᠳᠠᠭᠠᠳ ᠮᠠᠯᠴᠢᠨ ᠠᠶᠢᠯ ᠤᠨ ᠮᠠᠩᠯᠠᠢ ᠮᠦᠨ ᠪᠠᠶᠢᠯ᠎ᠠ ᠃ ᠲᠠᠷᠭᠤ ᠵᠤᠵᠠᠭᠠᠨ᠂ ᠲᠠᠷᠠᠭ ᠥᠳᠬᠡᠨ᠂ | ᠲᠠᠩᠰᠤᠭ ᠵᠢᠷᠭᠠᠯᠠᠩᠤᠷᠤᠰᠢᠳᠤᠭᠠᠢ ᠭᠡᠮᠡᠨ ᠪᠡᠯᠭᠡᠰᠢᠶᠡᠭᠡᠳ ᠳᠦᠭᠦᠮᠬᠡᠨ ᠰᠤᠷᠪᠤᠯᠵᠢᠯᠠᠭ᠎ᠠ ᠪᠠᠨ ᠵᠠᠪᠰᠠᠷᠯᠠᠶ᠎ᠠ᠃ |