ᠥᠨᠥ ᠨᠠᠮᠤᠷ ᠤᠨ ᠭᠠᠵᠠᠷ ᠭᠠᠵᠠᠷ ᠤᠨ ᠬᠠᠳᠤᠯᠠᠩ ᠤᠨ ᠠᠵᠢᠯ ᠬᠤᠷ᠎ᠠ ᠪᠤᠷᠤᠭᠠᠨ ᠠᠴᠠ ᠪᠣᠯᠵᠤ ᠠᠭᠠᠵᠢᠮᠬᠠᠨ | ᠡᠬᠢᠯᠡᠵᠦ᠂ ᠣᠷᠣᠶᠢᠬᠠᠨ ᠰᠢᠪᠲᠤᠷᠭᠠᠨ ᠳᠤ ᠪᠠᠨ ᠣᠷᠣᠵᠤ ᠪᠢᠯᠡ᠃ ᠠᠪᠠᠭ᠎ᠠ ᠬᠤᠰᠢᠭᠤᠨ ᠤ ᠬᠤᠩᠭᠤᠷᠭᠤᠤᠯ | ᠪᠠᠯᠭᠠᠰᠤ ᠶᠢᠨ ᠭᠠᠩᠭᠠᠩᠰᠢᠯᠢ ᠭᠠᠴᠠᠭ᠎ᠠ ᠬᠠᠮᠲᠤ ᠶᠢᠨ ᠬᠠᠳᠤᠯᠠᠩ ᠠᠴᠠ ᠪᠠᠨ ᠦᠯᠡᠮᠵᠢ ᠬᠡᠮᠵᠢᠶᠡᠨ ᠤ ᠡᠪᠡᠰᠦ | ᠬᠠᠳᠤᠵᠤ᠂ ᠮᠠᠯᠴᠢᠳ ᠲᠤ ᠪᠠᠨ 890 ᠭᠠᠷᠤᠢ ᠲᠦᠮᠡᠨ ᠲᠦᠭᠦᠷᠢᠭ ᠤᠨ ᠠᠰᠢᠭ ᠬᠦᠷᠲᠡᠭᠡᠵᠦ ᠪᠠᠶᠠᠷᠯᠠᠭᠤᠯᠤᠯ᠎ᠠ᠃ | ᠮᠠᠯᠴᠢᠳ ᠢᠶᠠᠷ ᠢᠶᠠᠨ ᠡᠪᠡᠰᠦ ᠬᠠᠳᠤᠭᠤᠯᠵᠦ ᠪᠤᠭᠤᠵᠢᠯᠠᠭᠤᠯᠤᠭᠠᠳ ᠠᠰᠢᠭ ᠬᠦᠷᠲᠡᠭᠡᠪᠡ | ᠭᠠᠩᠭᠠᠩᠰᠢᠯᠢ ᠭᠠᠴᠠᠭ᠎ᠠ 22 ᠲᠦᠮᠡ 5000 ᠮᠦ ᠬᠠᠮᠲᠤ ᠶᠢᠨ ᠬᠠᠳᠤᠯᠠᠩ ᠤᠨ ᠲᠠᠯᠠᠪᠠᠢ ᠲᠠᠢ ᠶᠤᠮ᠃ | ᠥᠨᠥ ᠨᠠᠮᠤᠷ 20 ᠲᠦᠮᠡ 1750.72 ᠮᠦ ᠬᠠᠳᠤᠯᠠᠩ ᠠᠴᠠ ᠪᠠᠨ1 ᠲᠦᠮᠡ 333.56 ᠲᠤᠨ ᠡᠪᠡᠰᠦ | ᠬᠠᠳᠤᠪᠠ᠃ ᠮᠦ ᠪᠦᠷᠢ ᠶᠢ 8 ᠲᠦᠭᠦᠷᠢᠭ ᠢᠶᠠᠷ ᠬᠠᠳᠤᠭᠤᠯᠵᠤ᠂ ᠬᠠᠳᠤᠭᠤᠯᠤᠭᠰᠠᠨ ᠪᠦᠬᠦ ᠰᠦᠢᠳᠬᠡᠯ ᠨᠢ 161 | ᠲᠦᠮᠡ 4005.26 ᠲᠦᠭᠦᠷᠢᠭ ᠲᠤ ᠬᠦᠷᠪᠡ᠃ ᠬᠠᠳᠤᠭᠰᠠᠨ ᠡᠪᠡᠰᠦ ᠪᠠᠨ ᠲᠤᠨ ᠪᠦᠷᠢ ᠶᠢ ᠨᠢ 120 | ᠲᠦᠭᠦᠷᠢᠭ ᠢᠶᠠᠷ ᠪᠤᠭᠤᠵᠢᠯᠠᠭᠤᠯᠵᠦ᠂ ᠪᠤᠭᠤᠵᠢᠯᠠᠬᠤ ᠳᠤ ᠪᠦᠬᠦ ᠨᠡᠶᠢᠲᠡ 124 ᠲᠦᠮᠡ 27.20 ᠲᠦᠭᠦᠷᠢᠭ | ᠵᠠᠷᠤᠴᠠᠭᠤᠯᠪᠠ᠃ ᠬᠠᠳᠤᠵᠤ ᠪᠤᠭᠤᠵᠢᠯᠠᠬᠤ ᠠᠵᠢᠯ ᠢᠶᠠᠨ ᠭᠠᠴᠠᠭᠠᠨ ᠤ ᠪᠠᠨ ᠮᠠᠰᠢᠨ ᠲᠦᠬᠦᠭᠡᠷᠦᠮᠵᠢ ᠲᠠᠢ | ᠮᠠᠯᠴᠢᠳ ᠢᠶᠠᠷ ᠬᠢᠯᠭᠡᠳᠡᠭ ᠪᠤᠯᠬᠤᠷ ᠡᠳᠡᠭᠡᠷ ᠨᠢ ᠪᠦᠷ ᠬᠠᠳᠤᠯᠠᠩ ᠤᠨ ᠠᠵᠢᠯ ᠳᠤ ᠤᠷᠤᠯᠴᠠᠭᠰᠠᠨ ᠬᠦᠮᠦᠰ ᠤᠨ | ᠣᠷᠣᠯᠭ᠎ᠠ ᠪᠣᠯᠳᠠᠭ᠃ | ᠬᠤᠪᠢᠴᠠᠭᠠᠲᠤ ᠠᠵᠤ ᠠᠬᠤᠢ ᠶᠢᠨ ᠬᠤᠷᠰᠢᠶᠠᠵᠢᠯ ᠤᠨ ᠬᠡᠰᠢᠭᠦᠳ ᠲᠤ ᠦᠨ᠎ᠡ ᠲᠦᠯᠦᠪᠦᠷᠢ ᠦᠭᠡᠢ ᠡᠪᠡᠰᠦ | ᠬᠤᠪᠢᠶᠠᠪᠠ | ᠭᠠᠩᠭᠠᠩᠰᠢᠯᠢ ᠭᠠᠴᠠᠭᠠᠨ ᠤ ᠬᠠᠮᠲᠤ ᠶᠢᠨ ᠠᠵᠤ ᠠᠬᠤᠢ ᠶᠢᠨ ᠬᠤᠪᠢᠴᠠᠭᠠᠲᠤ ᠠᠵᠤ ᠠᠬᠤᠢ ᠶᠢᠨ ᠬᠤᠷᠰᠢᠶᠠᠵᠢᠯ | ᠨᠡᠶᠢᠲᠡ 512 ᠬᠡᠰᠢᠭᠦᠨ ᠲᠠᠢ᠃ ᠪᠦᠬᠦ ᠬᠡᠰᠢᠭᠦᠨ ᠨᠡᠶᠢᠳᠡ 1634 ᠬᠤᠪᠢ ᠲᠠᠢ᠃ ᠦᠨᠦ ᠨᠠᠮᠤᠷ ᠬᠤᠪᠢᠴᠠᠭᠠᠳᠦ | ᠠᠵᠦ ᠠᠬᠤᠢ ᠶᠢᠨ ᠬᠤᠷᠰᠢᠶᠠᠵᠢᠯ ᠨᠢ ᠬᠠᠮᠳᠦ ᠶᠢᠨ ᠬᠠᠳᠤᠯᠠᠩ ᠠᠴᠠ ᠪᠠᠨ ᠬᠤᠪᠢ ᠪᠦᠷᠢ ᠳᠤ 4 ᠲᠤᠨ ᠡᠪᠡᠰᠦ | ᠨᠤᠭᠳᠠᠭᠤᠯᠤᠨ ᠬᠤᠪᠢᠶᠠᠭᠰᠠᠨ ᠪᠤᠯᠬᠤᠷ ᠪᠦᠬᠦ ᠭᠡᠰᠢᠬᠦᠨ ᠨᠡᠶᠢᠳᠡ 6536 ᠲᠤᠨ ᠦᠨ᠎ᠡ ᠲᠦᠯᠦᠪᠤᠷᠢ ᠦᠭᠡᠢ | ᠡᠪᠡᠰᠦ ᠬᠤᠪᠢᠳᠠᠵᠦ ᠤᠯᠪᠠ᠃ ᠡᠬᠦᠨ ᠢ ᠥᠨᠥ ᠨᠠᠮᠤᠷ ᠤᠨ ᠡᠪᠡᠰᠦᠨ ᠵᠠᠬ᠎ᠠ ᠳᠡᠯᠭᠡᠭᠦᠷ ᠤᠨ ᠦᠨ᠎ᠡ ︵ᠲᠤᠨ ᠪᠦᠷᠢ | ᠶᠢ 900 ᠲᠦᠭᠦᠷᠢᠭ ᠢᠶᠠᠷ ᠪᠤᠳᠤᠵᠡᠢ︶ ᠪᠠᠷ ᠥᠷᠲᠡᠭᠯᠡᠵᠦ ᠪᠤᠳᠤᠪᠠᠯ 588 ᠲᠦᠮᠡ 2400 ᠲᠦᠭᠦᠷᠢᠭ | ᠪᠠᠶᠢᠯ᠎ᠠ᠃ | ︽ᠡᠪᠡᠰᠦ ᠲᠠᠢ ᠪᠣᠯ ᠮᠠᠯ ᠲᠠᠢ︾ ᠭᠡᠳᠡᠭᠴᠢᠯᠡᠨ᠂ ᠭᠡᠨᠡᠳᠲᠡ ᠡᠭᠦᠰᠴᠦ ᠮᠡᠳᠡᠬᠦ ᠪᠠᠶᠢᠭᠠᠯᠢ ᠶᠢᠨ ᠭᠠᠮᠰᠢᠭ ᠢ | ᠤᠷᠢᠳᠴᠢᠯᠠᠨ ᠰᠡᠷᠭᠡᠶᠢᠯᠡᠬᠦ ᠪᠠᠷ ᠡᠪᠡᠰᠦ ᠪᠤᠷᠳᠤᠭ᠎ᠠ ᠪᠠᠨ ᠰᠠᠶᠢᠨ ᠨᠥᠭᠡᠴᠡᠯᠡᠬᠦ ᠪᠣᠯ ᠨᠢᠭᠡᠨᠳᠡ ᠮᠠᠯᠴᠢᠳ ᠤᠨ ᠪᠠᠲᠤ | ᠶᠤᠰᠤ ᠪᠣᠯᠵᠡᠢ᠃ ᠭᠠᠩᠭᠠᠩᠰᠢᠯᠢ ᠭᠠᠴᠠᠭ᠎ᠠ ᠥᠨᠥ ᠨᠠᠮᠤᠷ ᠭᠠᠮᠰᠢᠭ ᠠᠴᠠ ᠰᠡᠷᠭᠡᠶᠢᠯᠡᠬᠦ ᠳᠤ ᠪᠡᠯᠡᠳᠬᠡᠨ 1121.08 | ᠲᠤᠨ ᠡᠪᠡᠰᠦ ᠨᠥᠭᠡᠴᠡᠯᠡᠵᠦ᠂ ᠲᠤᠨ ᠪᠦᠷᠢ ᠶᠢ 900 ᠲᠦᠭᠦᠷᠢᠭ ᠢᠶᠠᠷ ᠥᠷᠲᠡᠭᠯᠡᠵᠦ ᠪᠤᠳᠤᠭᠠᠳ 100 ᠲᠦᠮᠡ | 8972 ᠲᠦᠭᠦᠷᠢᠭ ᠪᠠᠶᠢᠯ᠎ᠠ᠃ | ᠮᠠᠯᠴᠢᠳ ᠤᠨ ᠬᠤᠷᠰᠢᠭᠰᠠᠨ ᠡᠮᠨᠡᠯᠭᠡ ᠶᠢᠨ ᠰᠦᠢᠳᠬᠡᠯ ᠪᠠ ᠨᠠᠰᠤᠵᠢᠯ ᠤᠨ ᠳᠠᠭᠠᠳᠬᠠᠯ ᠤᠨ ᠰᠦᠢᠳᠬᠡᠯ ᠢ | ᠣᠷᠤᠯᠠᠨ ᠲᠤᠰᠢᠶᠠᠪᠠ | ᠭᠠᠩᠭᠠᠩᠰᠢᠯᠢ ᠭᠠᠴᠠᠭ᠎ᠠ ᠥᠨᠥ ᠨᠠᠮᠤᠷ ᠬᠠᠮᠳᠣ ᠶᠢᠨ ᠬᠠᠳᠤᠯᠠᠩ ᠠᠴᠠ ᠪᠠᠨ 2676.48 ᠲᠤᠨ ᠡᠪᠡᠰᠦ ᠶᠢ | ᠭᠠᠳᠠᠭᠰᠢ ᠬᠤᠳᠠᠯᠳᠤᠵᠤ᠂ ᠬᠠᠮᠲᠤ ᠶᠢᠨ ᠬᠤᠷᠠᠮᠳᠤᠯ ᠪᠤᠯᠭᠠᠪᠠ᠃ ᠲᠡᠶᠢᠨᠬᠦ ᠡᠨᠡ ᠣᠷᠣᠯᠭ᠎ᠠ ᠠᠴᠠ ᠪᠠᠨ | ᠭᠠᠴᠠᠭᠠᠨ ᠤ ᠪᠠᠨ 512 ᠬᠦᠮᠦᠨ ᠨᠢᠭᠡᠪᠦᠷᠢ ᠶᠢᠨ ᠲᠤᠰᠢᠶᠠᠬᠤ ᠬᠤᠷᠰᠢᠭᠰᠠᠨ ᠡᠮᠨᠡᠯᠭᠡ ᠶᠢᠨ ᠰᠦᠢᠳᠬᠡᠯ ᠳᠤ 300 | ᠲᠦᠭᠦᠷᠢᠭ ᠨᠦᠬᠦᠪᠦᠷᠢᠯᠡᠭᠰᠡᠨ ᠪᠣᠯ 214 ᠬᠦᠮᠦᠨ ᠨᠢᠭᠡᠪᠦᠷᠢ ᠶᠢᠨ ᠲᠤᠰᠢᠶᠠᠬᠤ ᠨᠠᠰᠤᠵᠢᠯ ᠤᠨ ᠳᠠᠭᠠᠳᠬᠠᠯ ᠤᠨ | ᠰᠦᠢᠳᠬᠡᠯ ᠳᠤ 250 ᠲᠦᠭᠦᠷᠢᠭ ᠨᠥᠬᠦᠪᠦᠷᠢᠯᠡᠪᠡ᠃ | ᠬᠤᠷᠢᠶᠠᠩᠭᠤᠶᠢᠯᠠᠪᠠᠯ᠂ ᠭᠠᠩᠭᠠᠩᠰᠢᠯᠢ ᠭᠠᠴᠠᠭ᠎ᠠ ᠥᠨᠥ ᠨᠠᠮᠤᠷ ᠡᠪᠡᠰᠦ ᠬᠠᠳᠤᠵᠤ ᠪᠤᠭᠤᠵᠢᠯᠠᠬᠤ ᠳᠤ | ᠵᠠᠷᠤᠴᠠᠭᠤᠯᠤᠭᠰᠠᠨ ᠵᠠᠷᠤᠳᠠᠯ᠂ ᠮᠠᠯᠴᠢᠳ ᠲᠤ ᠦᠨ᠎ᠡ ᠲᠦᠯᠦᠪᠦᠷᠢ ᠦᠭᠡᠢ ᠡᠪᠡᠰᠦ ᠬᠤᠪᠢᠶᠠᠭᠰᠠᠨ᠂ ᠮᠠᠯᠴᠢᠳ | ᠲᠤ ᠪᠠᠨ ᠬᠤᠷᠰᠢᠭᠰᠠᠨ ᠡᠮᠨᠡᠯᠭᠡ ᠶᠢᠨ ᠰᠦᠢᠳᠬᠡᠯ ᠪᠠ ᠨᠠᠰᠤᠵᠢᠯ ᠤᠨ ᠲᠠᠭᠠᠳᠬᠠᠯ ᠤᠨ ᠰᠦᠢᠳᠬᠡᠯ ᠤᠷᠤᠯᠠᠨ | ᠲᠤᠰᠢᠶᠠᠭᠰᠠᠨ ᠵᠡᠷᠭᠡ ᠶᠢ ᠦᠷᠳᠡᠭᠴᠢᠯᠡᠨ ᠪᠤᠳᠤᠪᠠᠯ ᠮᠠᠯᠴᠢᠳ ᠲᠤ ᠪᠠᠨ ᠨᠡᠶᠢᠲᠡ 894 ᠲᠦᠮᠡ 3532.46 | ᠲᠦᠭᠦᠷᠢᠭ ᠤᠨ ᠠᠰᠢᠭ ᠬᠦᠷᠲᠡᠭᠡᠵᠡᠢ᠃ |