ᠮᠤᠨᠳᠠᠭᠠᠨ ᠳᠤ ᠪᠠᠨ ᠬᠡᠶᠢᠮᠦᠷᠢ ᠰᠦᠯᠳᠡ ᠲᠠᠢ᠂ ᠮᠤᠯᠤᠷ ᠡᠷᠳᠡᠨᠢ ᠪᠤᠯᠤᠭᠰᠠᠨ ᠠᠪᠠᠭ᠎ᠠ ᠬᠠᠷ᠎ᠠ ᠠᠳᠤᠭᠤ ᠪᠠᠨ | ᠦᠶ᠎ᠡ ᠶᠢᠨ ᠦᠶ᠎ᠡ ᠮᠠᠯᠵᠢᠨ᠂ ᠭᠡᠭᠦᠦ ᠰᠠᠭᠠᠵᠤ ᠴᠡᠭᠡ ᠢᠰᠭᠡᠨ ᠡᠳᠦᠭᠡ ᠳᠤ ᠬᠦᠷᠴᠦ ᠶᠠᠪᠤᠭ᠎ᠠ ᠪᠢᠯᠢᠭ ᠤᠨ ᠬᠢᠨ ᠪᠣᠯ | ᠠᠪᠠᠭ᠎ᠠ ᠬᠤᠰᠢᠭᠤᠨ ᠤ ᠬᠤᠩᠭᠤᠷᠭᠤᠣᠯ ᠪᠠᠯᠭᠠᠰᠤᠨ ᠤ ᠰᠠᠷᠠᠭᠤᠯᠰᠢᠯᠢ ᠭᠠᠴᠭᠠᠠᠨ ᠤ ᠮᠠᠯᠴᠢᠨ ᠠᠶᠢᠯ ᠪᠤᠯᠤᠨ᠎ᠠ᠃ | ᠬᠠᠳᠠᠨ ᠬᠤᠰᠢᠭᠤ ᠬᠡᠮᠡᠬᠦ ᠭᠠᠵᠠᠷ ᠲᠤ ᠮᠠᠯᠴᠢᠨ ᠵᠠᠶᠠᠭ᠎ᠠ ᠲᠦᠰᠢᠵᠦ ᠰᠠᠭᠤᠭᠰᠠᠨ ᠡᠳᠡᠨᠡᠶᠢᠬᠢ ᠭᠡᠭᠦᠦ ᠰᠠᠭᠠᠵᠤ ᠴᠡᠭᠡ | ᠢᠰᠬᠡᠵᠦ ᠪᠤᠷᠤᠯᠠᠭᠤᠯᠤᠭᠠᠳ ᠨᠢᠬᠡᠨᠲᠡ 15 ᠵᠢᠯ ᠤᠨ ᠨᠢᠭᠤᠷ ᠢ ᠦᠵᠡᠵᠦ ᠪᠠᠶᠢᠭ᠎ᠠ ᠪᠢᠯᠡ᠃ | ᠪᠢᠯᠢᠭ ᠤᠨ ᠡᠵᠢ ᠨᠢ ᠭᠡᠭᠦᠦ ᠰᠠᠶᠢᠨ ᠰᠠᠭᠠᠳᠠᠭ ᠮᠠᠯᠴᠢᠨ ᠪᠦᠰᠡᠬᠦᠢ ᠪᠠᠶᠢᠭᠰᠠᠨ ᠶᠤᠮ᠃ ᠠᠩᠬ᠎ᠠ ᠡᠬᠢᠨ ᠳᠤ ᠪᠠᠨ | ᠲᠡᠳᠡᠨ ᠤ ᠬᠢ ᠴᠥᠭᠡᠪᠦᠷ ᠠᠳᠤᠭᠤ ᠲᠠᠢ ᠪᠠᠶᠢᠭᠰᠠᠨ ᠪᠤᠯᠬᠤᠷ ᠠᠳᠤᠭᠤ ᠪᠠᠨ ᠥᠰᠭᠡᠬᠦ ᠭᠡᠮᠡᠨ ᠦᠬᠡᠷ ᠢᠶᠠᠨ | ᠬᠤᠳᠠᠯᠳᠤᠨ ᠠᠳᠤᠭᠤ ᠬᠤᠳᠠᠯᠳᠤᠵᠦ ᠠᠪᠴᠤ ᠪᠠᠶᠢᠭᠰᠠᠨ ᠤᠳᠠᠭ᠎ᠠ ᠲᠠᠢ᠃ ᠰᠠᠭᠠᠬᠤ ᠭᠡᠭᠦᠦ ᠲᠠᠢ ᠪᠤᠯᠤᠨ᠎ᠠ ᠭᠡᠮᠡᠨ | ᠵᠤᠷᠢᠮᠠᠭ ᠪᠤᠳᠤᠵᠤ ᠨᠤᠲᠤᠭ ᠤᠨ ᠨᠢᠭᠡ ᠨᠠᠰᠤᠲᠠᠨ ᠠᠴᠠ ᠬᠤᠶᠠᠷ ᠤᠨᠠᠭ᠎ᠠ ᠲᠠᠢ ᠭᠡᠭᠦᠦ ᠬᠤᠳᠠᠯᠳᠤᠨ ᠠᠪᠴᠤ | ᠪᠠᠶᠢᠭᠰᠠᠨ ᠨᠢ 2006 ᠣᠨ ᠤ ᠤᠴᠢᠷ ᠪᠠᠶᠢᠯ᠎ᠠ᠃ ᠡᠶᠢᠨᠬᠦ ᠡᠳᠡᠨᠡᠶᠢᠬᠢ ᠠᠪᠠᠭ᠎ᠠ ᠬᠠᠷ᠎ᠠ ᠠᠳᠤᠭᠤ ᠪᠠᠨ ᠦᠰᠬᠡᠨ | ᠦᠷᠡᠵᠢᠭᠦᠯᠵᠦ᠂ 2009 ᠣᠨ ᠪᠣᠯᠬᠤ ᠪᠠᠷ ᠪᠢᠯᠢᠭ ᠭᠡᠷᠭᠡᠢ ᠦᠨᠢᠷᠴᠡᠴᠡᠭ ᠲᠠᠢ ᠪᠠᠨ 8 ᠭᠡᠭᠦᠦ ᠰᠠᠭᠠᠵᠤ ᠡᠬᠢᠯᠡᠨ᠂ | 2010 ᠣᠨ ᠠᠴᠠ ᠴᠡᠭᠡ ᠪᠠᠨ ᠭᠠᠳᠠᠭᠰᠢ ᠪᠤᠷᠤᠯᠠᠭᠤᠯᠵᠤ ᠣᠷᠣᠯᠭ᠎ᠠ ᠡᠭᠦᠳᠬᠦ ᠪᠤᠯᠵᠤ᠂ ᠨᠢᠭᠡ ᠮᠡᠳᠡᠬᠦ ᠳᠤ | ᠠᠷᠪᠠᠭᠠᠳ ᠵᠢᠯ ᠤᠨ ᠨᠢᠭᠤᠷ ᠢ ᠦᠵᠡᠭᠰᠡᠨ ᠪᠠᠶᠢᠯ᠎ᠠ᠃ ᠡᠳᠡᠨᠡᠶᠢᠬᠢ ᠪᠤᠷᠤᠭᠠᠨ ᠬᠤᠷ᠎ᠠ ᠰᠠᠶᠢᠨ ᠵᠢᠯ ᠳᠤ 6 ᠰᠠᠷ᠎ᠠ ᠶᠢᠨ | ᠬᠤᠷᠢᠳ ᠢᠶᠠᠷ ᠭᠡᠭᠦᠦ ᠪᠠᠨ ᠰᠠᠭᠠᠵᠤ ᠡᠬᠢᠯᠡᠨ᠂ ᠣᠯᠠᠩᠬᠢ ᠳᠤ ᠪᠠᠨ 8 ᠰᠠᠷ᠎ᠠ ᠶᠢᠨ ᠰᠡᠭᠦᠯᠴᠢ ᠬᠦᠷᠳᠡᠭ᠃ | ᠣᠶᠢᠷ᠎ᠠ ᠶᠢᠨ ᠬᠤᠶᠠᠷ ᠵᠢᠯ ᠳᠤ᠂ 15 —20 ᠭᠡᠭᠦᠦ ᠰᠠᠭᠠᠬᠤ ᠪᠤᠯᠵᠤ᠂ ᠨᠢᠳᠤᠨᠤᠨ ᠵᠢᠯ ᠤᠨ ᠴᠡᠭᠡ ᠶᠢᠨ | ᠤᠷᠤᠯᠭ᠎ᠠ ᠨᠢ 4 ᠲᠦᠮᠡ ᠭᠠᠷᠤᠢ ᠲᠦᠭᠦᠷᠢᠭ ᠲᠤ ᠬᠦᠷᠦᠭᠰᠡᠨ ᠶᠤᠮ᠃ ᠡᠨᠡ ᠵᠢᠯ ᠤᠨ ᠬᠤᠪᠢ ᠳᠤ ᠵᠤᠨ ᠤ ᠡᠬᠢᠨ | ᠰᠠᠷ᠎ᠠ ᠳᠤ ᠪᠤᠷᠤᠭᠠᠨ ᠬᠤᠷ᠎ᠠ ᠴᠦᠬᠡᠨ ᠪᠤᠯᠬᠤᠷ᠂ ᠳᠤᠯᠤᠭᠠᠨ ᠰᠠᠷ᠎ᠠ ᠶᠢᠨ ᠡᠬᠢᠨ ᠢᠶᠠᠷ ᠭᠡᠭᠦᠦ ᠪᠠᠨ ᠰᠠᠭᠠᠵᠤ ᠡᠬᠢᠯᠡᠨ | ᠂ ᠰᠢᠯᠢ ᠶᠢᠨ ᠬᠤᠲᠠ ᠳᠤ ᠪᠤᠯᠤᠭᠰᠠᠨ ᠥᠪᠦᠷ ᠮᠣᠩᠭᠤᠯ ᠤᠨ ᠥᠪᠡᠷᠲᠡᠭᠡᠨ ᠵᠠᠰᠠᠬᠤ ᠤᠷᠣᠨ ᠤ 34 ᠳ᠋ᠦ᠋ᠭᠡᠷ | ᠬᠤᠭᠤᠴᠠᠭᠠᠨ ᠤ ᠲᠠᠯ᠎ᠠ ᠨᠤᠲᠤᠭ ᠤᠨ ᠨᠠᠭᠠᠳᠤᠮ ᠳᠤ ᠴᠡᠭᠡ ᠪᠠᠨ ᠪᠤᠷᠤᠯᠠᠭᠤᠯᠤᠨ᠂ ᠭᠤᠷᠪᠠᠭ᠋ᠠᠨ ᠡᠳᠦᠷ ᠲᠤ 400 | ᠭᠠᠷᠤᠢ ᠵᠢᠩ ᠴᠡᠭᠡ ᠪᠤᠷᠤᠯᠠᠭᠤᠯᠵᠤ᠂ 1 ᠲᠦᠮᠡ ᠭᠠᠷᠤᠢ ᠲᠦᠭᠦᠷᠢᠭ ᠤᠨ ᠤᠷᠤᠯᠭ᠎ᠠ ᠡᠬᠦᠳᠪᠠ ᠃ | ᠡᠳᠡᠨᠡᠶᠢᠬᠢ ᠤᠳᠠᠭᠠᠨ ᠵᠢᠯ ᠭᠡᠭᠦᠦ ᠰᠠᠭᠠᠵᠤ ᠴᠡᠭᠡ ᠢᠰᠭᠡᠬᠦ ᠳᠤ ᠪᠠᠨ ᠴᠡᠭᠡ ᠶᠢᠨ ᠦᠨᠦᠷ ᠠᠮᠲᠠ ᠶᠢ | ᠪᠠᠲᠤᠯᠠᠬᠤ ᠶᠢ ᠣᠨᠴᠠ ᠠᠩᠬᠠᠷᠳᠠᠭ᠃ ᠬᠡᠷᠡᠭᠯᠡᠭᠴᠢᠳ ᠤᠨ ᠬᠡᠷᠡᠭᠴᠡᠭᠡ ᠱᠠᠭᠠᠷᠳᠠᠯᠭ᠎ᠠ ᠶᠢ ᠦᠨᠳᠦᠰᠦᠯᠡᠨ ᠬᠦᠢᠲᠡᠨ | ᠰᠡᠷᠢᠭᠦᠨ᠂ ᠢᠰᠭᠦᠯᠡᠩ ᠤᠨ ᠬᠡᠮᠵᠢᠶ᠎ᠡ ᠵᠡᠷᠭᠡ ᠶᠢ ᠳᠤᠬᠢᠷᠠᠭᠤᠯᠳᠠᠭ ᠮᠦᠷᠲᠡᠭᠡᠨ ᠠᠷᠢᠭᠤᠨ ᠴᠡᠪᠡᠷ ᠢ ᠰᠠᠶᠢᠲᠤᠷ | ᠪᠠᠲᠤᠯᠠᠳᠠᠭ ᠠᠴᠠ ᠬᠡᠷᠡᠭᠯᠡᠭᠴᠢᠳ ᠤᠨ ᠲᠠᠭᠠᠰᠢᠶᠠᠯ ᠢ ᠡᠳᠦᠷ ᠢᠷᠡᠬᠦᠶ᠎ᠡ ᠣᠯᠵᠤ᠂ ᠮᠠᠨ ᠤ ᠠᠶᠢᠮᠠᠭ ᠤᠨ ᠡᠯ᠎ᠡ | ᠬᠤᠰᠢᠭᠤᠨ ᠠᠴᠠ ᠭᠠᠳᠠᠨ᠎ᠠ ᠲᠦᠩᠯᠢᠶᠣᠣ᠂ ᠤᠯᠠᠭᠠᠨᠬᠠᠳᠠ᠂ ᠬᠥᠬᠡᠬᠤᠳᠠ᠂ ᠬᠦᠯᠦᠨ ᠪᠤᠶᠢᠷ᠂ ᠤᠷᠳᠤᠰ᠂ | ᠠᠯᠠᠱᠨ᠂ ᠡᠷᠢᠶᠡᠨ᠂ ᠪᠡᠭᠡᠵᠢᠩ ᠵᠡᠷᠭᠡ ᠭᠠᠵᠠᠷ ᠤᠨ ᠬᠡᠷᠡᠭᠯᠡᠭᠴᠢᠳ ᠤᠨ ᠵᠠᠬᠢᠶᠠᠯᠠᠭ᠎ᠠ ᠶᠢ ᠴᠦ ᠣᠯᠠᠨ ᠳᠣᠰᠳᠠᠭ | ᠪᠤᠯᠵᠡᠢ᠃ | — ᠴᠡᠭᠡ ᠶᠢ ᠤᠷᠤᠢ ᠪᠦᠯᠢᠭᠡᠳ ᠱᠠᠭᠠᠵᠠᠩ ᠭᠠᠩ ᠳᠤ ᠪᠠᠨ ᠰᠠᠪᠠᠯᠠᠭᠠᠳ ᠨᠢᠭᠡ ᠬᠤᠨᠤᠬᠤ ᠳᠤ ᠦᠷᠯᠦᠭᠡᠨ ᠤ | ᠴᠡᠭᠡ ᠶᠢᠨ ᠦᠨᠦᠷ ᠠᠮᠲᠠ ᠨᠢ ᠭᠤᠶᠢᠳᠠ ᠰᠠᠶᠢᠬᠠᠨ ᠪᠠᠶᠢᠳᠠᠭ᠃ ᠦᠳᠡ ᠪᠤᠯᠬᠤ ᠶᠢᠨ ᠠᠯᠳᠠᠮ ᠢᠶᠠᠷ ᠴᠡᠭᠡ | ᠴᠢᠩᠭᠠᠷᠠᠳᠠᠭ ᠃ ᠬᠡᠳᠦᠢ ᠬᠠᠯᠠᠭᠤᠨ ᠪᠣᠯ ᠴᠡᠭᠡ ᠲᠡᠳᠦᠢ ᠢᠰᠴᠦ ᠴᠢᠩᠭᠠᠷᠠᠳᠠᠭ᠃ ᠮᠠᠨ ᠤ ᠬᠢ ᠭᠤᠷᠪᠠᠨ ᠦᠶ᠎ᠡ | ᠪᠠᠷ ᠢᠶᠠᠨ ᠴᠡᠭᠡ ᠢᠰᠭᠡᠵᠦ ᠪᠠᠶᠢᠭᠰᠠᠨ ᠪᠣᠯᠬᠤᠷ ᠰᠡᠬᠡᠭᠡᠳᠡᠨ ᠢᠶᠠᠷ ᠪᠠᠭᠤᠵᠤ ᠪᠠᠶᠢᠭᠰᠠᠨ ᠬᠦᠮᠦᠰ ᠢᠷᠡᠭᠡᠳ ᠴᠡᠭᠡ | ᠤᠤᠭᠤᠬᠤ ᠳᠤ ᠪᠠᠨ ᠬᠠᠳᠠᠮ ᠡᠵᠢ ᠶᠢᠨ ᠴᠢᠨᠢ ᠢᠰᠭᠡᠭᠰᠡᠨ ᠴᠡᠭᠡ ᠲᠠᠢ ᠦᠨᠦᠷ ᠠᠮᠲᠠ ᠨᠢ ᠠᠳᠠᠯᠢᠬᠠᠨ ᠪᠠᠶᠢᠨ᠎ᠠ | ᠭᠡᠵᠦ ᠶᠠᠷᠢᠵᠤ ᠪᠠᠶᠢᠭᠰᠠᠨ ᠶᠤᠮ᠃ ᠬᠡᠷᠡᠭᠯᠡᠭᠴᠢᠳ ᠤᠨ ᠱᠠᠭᠠᠷᠳᠠᠯᠭ᠎ᠠ ᠲᠠᠢ ᠨᠡᠶᠢᠴᠡᠵᠦ᠂ ᠴᠡᠭᠡ ᠶᠢᠨ ᠦᠨᠦᠷ ᠠᠮᠲᠠ | ᠨᠢ ᠰᠠᠶᠢᠬᠠᠨ ᠪᠤᠯᠤᠭᠠᠳ ᠢᠷᠡᠬᠦ ᠪᠠᠷ ᠨᠢ ᠮᠠᠨ ᠤ ᠬᠤᠶᠠᠷ ᠴᠦ ᠶᠡᠭᠡ ᠤᠷᠮᠠᠲᠠᠢ ᠪᠣᠯᠵᠤ ᠢᠷᠡᠳᠡᠭ ᠭᠡᠵᠦ ᠪᠢᠯᠢᠭ ᠤᠨ | ᠭᠡᠷᠭᠡᠢ ᠦᠨᠢᠷᠴᠡᠴᠡᠭ ᠶᠠᠷᠢᠯ᠎ᠠ᠃ | ᠡᠳᠡᠨᠡᠶᠢᠬᠢ 2015 ᠣᠨ ᠳᠤ ᠴᠡᠭᠡ ᠪᠠᠨ ︽ ᠬᠠᠳᠠᠨ ᠬᠤᠰᠢᠭᠤ︾ ᠴᠡᠭᠡ ᠬᠡᠮᠡᠨ ᠨᠡᠷᠡᠶᠢᠳᠴᠦ᠂ ᠥᠨᠥ ᠵᠢᠯ | ︽ᠬᠠᠳᠠᠨ ᠬᠤᠰᠢᠭᠤ︾ ᠲᠠᠸᠠᠷ ᠤᠨ ᠲᠡᠮᠳᠡᠭ ᠢᠶᠠᠨ ᠳᠠᠩᠰᠠᠯᠠᠭᠤᠯᠵᠤ᠂ ᠵᠠᠬᠢᠶᠠᠯᠠᠭ᠎ᠠ ᠪᠠᠷ ᠪᠤᠷᠤᠯᠠᠭᠤᠯᠵᠤ | ᠪᠠᠶᠢᠬᠤ ᠠᠴᠠ ᠭᠠᠳᠠᠨ᠎ᠠ ᠨᠢᠳᠤᠨᠤᠨ ᠵᠢᠯ ᠠᠴᠠ ᠡᠬᠢᠯᠡᠨ ᠰᠢᠯᠢ ᠶᠢᠨ ᠬᠤᠲᠠ ᠶᠢᠨ ᠨᠢᠭᠡᠨ ᠴᠠᠭᠠᠨ ᠢᠳᠡᠭᠡᠨ ᠤ | ᠳᠡᠯᠭᠡᠭᠦᠷ ᠲᠤ ᠲᠤᠰᠬᠠᠶᠢᠯᠠᠨ ᠠᠪᠠᠴᠢᠵᠤ ᠬᠤᠳᠠᠯᠳᠤᠨ ᠪᠤᠷᠤᠯᠠᠭᠤᠯᠭ᠎ᠠ ᠪᠠᠨ ᠥᠷᠭᠡᠳᠬᠡᠵᠡᠢ᠃ ᠪᠢᠯᠢᠭ ᠭᠡᠷᠭᠡᠢ | ᠲᠠᠢ ᠪᠠᠨ ᠬᠤᠶᠠᠭᠤᠯᠠ ᠪᠦᠬᠦ ᠠᠵᠢᠯ ᠢᠶᠠᠨ ᠠᠮᠵᠢᠭᠤᠯᠴᠢᠬᠠᠳᠠᠭ ᠪᠤᠯᠬᠤᠷ ᠬᠦᠳᠡᠯᠮᠦᠷᠢ ᠬᠦᠴᠦ ᠪᠠᠨ ᠠᠷᠪᠢᠯᠠᠬᠤ ᠶᠢᠨ | ᠲᠤᠯᠠᠳᠠ ᠨᠢᠳᠤᠨᠤᠨ ᠵᠢᠯ ᠠᠴᠠ ᠭᠡᠭᠦᠦ ᠪᠠᠨ ᠮᠠᠰᠢᠨ ᠢᠶᠠᠷ ᠰᠠᠭᠠᠵᠤ ᠡᠬᠢᠯᠡᠭᠰᠡᠨ ᠢᠶᠠᠷ ᠠᠷᠢᠭᠤᠨ ᠴᠡᠪᠡᠷ ᠢ ᠨᠡᠩ | ᠰᠠᠶᠢᠲᠤᠷ ᠪᠠᠲᠤᠯᠠᠵᠤ ᠴᠢᠳᠠᠭᠰᠠᠨ ᠢᠶᠠᠷ ᠥᠯᠦ ᠪᠠᠷᠠᠮ ᠰᠦ ᠶᠢᠨ ᠭᠠᠷᠤᠴᠠ ᠨᠢ ᠴᠦ ᠰᠠᠶᠢᠨ ᠪᠣᠯᠵᠤ᠂ ᠨᠢᠭᠡ | ᠭᠡᠭᠦᠦ ᠠᠴᠠ ᠳᠡᠭᠰᠢᠳᠬᠡᠭᠡᠳ 3 ᠵᠢᠩ ᠰᠠᠭᠠᠮ᠎ᠠ ᠭᠠᠷᠳᠠᠭ ᠪᠤᠯᠵᠤ᠂ ᠡᠳᠦᠷ ᠤᠨ 3 ᠤᠳᠠᠭ᠎ᠠ ᠰᠠᠭᠠᠪᠠᠯ ᠨᠢᠭᠡ | ᠭᠡᠭᠦᠦ ᠠᠴᠠ ᠡᠳᠦᠷ ᠲᠤ 9 ᠵᠢᠩ ᠰᠠᠭᠠᠮ᠎ᠠ ᠭᠠᠷᠳᠠᠭ ᠪᠠᠶᠢᠯ᠎ᠠ᠃ | ᠪᠢᠯᠢᠭ ᠬᠠᠷᠠᠬᠠᠨ ᠪᠠᠭ᠎ᠠ ᠠᠴᠠ ᠪᠠᠨ ᠠᠳᠤᠭᠤ ᠮᠠᠯ ᠲᠠᠢ ᠨᠤᠴᠤᠯᠳᠤᠵᠤ ᠦᠰᠦᠭᠰᠡᠨ ᠪᠤᠯᠬᠤᠷ ᠠᠳᠤᠭᠤᠨ ᠳᠤ | ᠲᠤᠩ ᠪᠠᠭ᠋ᠠᠲᠠᠢ ᠮᠦᠷᠲᠡᠭᠡᠨ ᠡᠪ ᠳ᠋ᠦᠢ ᠲᠠᠢ ᠪᠠᠶᠢᠳᠠᠭ᠃ 2019 ᠣᠨ ᠳᠤ ᠡᠳᠡᠨᠡᠶᠢᠬᠢ ︽ᠪᠢᠯᠢᠭ ᠬᠠᠷ᠎ᠠ | ᠠᠳᠤᠭᠤᠨ ᠤ ᠭᠡᠷ ᠪᠦᠯᠢ ᠶᠢᠨ ᠮᠠᠯᠵᠢᠯ ᠤᠨ ᠲᠠᠯᠠᠪᠠᠢ︾ ᠶᠢ ᠪᠠᠶᠢᠭᠤᠯᠵᠤ᠂ ᠠᠳᠤᠭᠤ ᠭᠤᠣᠯᠲᠠᠢ ᠮᠠᠯᠵᠢᠵᠤ᠂ | ᠠᠳᠤᠭᠤᠨ ᠤ ᠠᠰᠢᠭ ᠰᠢᠮ᠎ᠡ ᠶᠢ ᠪᠣᠯᠪᠠᠰᠤᠷᠠᠭᠤᠯᠵᠤ ᠪᠤᠷᠤᠯᠠᠭᠤᠯᠤᠨ᠂ ᠬᠤᠯᠠ ᠤᠶᠢᠷ᠎ᠠ ᠳᠤ ᠪᠠᠨ ᠬᠠᠷ᠎ᠠ ᠠᠳᠤᠭᠤ | ᠮᠠᠯᠵᠢᠨ ᠴᠡᠭᠡ ᠪᠤᠯᠪᠠᠰᠤᠷᠠᠭᠤᠯᠳᠠᠭ ᠢᠶᠠᠷ ᠢᠶᠠᠨ ᠨᠡᠷ᠎ᠡ ᠠᠯᠳᠠᠷᠲᠠᠢ ᠪᠠᠶᠢᠳᠠᠭ᠃ ᠡᠳᠡᠨᠡᠶᠢᠬᠢ ᠬᠠᠮᠤᠭ ᠣᠯᠠᠨ ᠳᠤ ᠪᠠᠨ | ᠵᠠᠭᠤ ᠭᠠᠷᠤᠢ ᠠᠳᠤᠭᠤ ᠮᠠᠯᠵᠢᠵᠤ ᠪᠠᠶᠢᠭᠰᠠᠨ ᠢᠶᠠᠨ ᠣᠶᠢᠷ᠎ᠠ ᠶᠢᠨ ᠬᠤᠶᠠᠷ ᠵᠢᠯ ᠠᠴᠠ ᠠᠳᠤᠭᠤ ᠪᠠᠨ ᠴᠦᠬᠡᠴᠢᠯᠡᠨ | ᠳᠠᠯ᠎ᠠ ᠨᠠᠶᠠᠭᠠᠳ ᠢ ᠮᠠᠯᠵᠢᠳᠠᠭ ᠪᠤᠯᠵᠤ᠂ ᠠᠳᠤᠭᠤᠨ ᠤ ᠪᠠᠨ ᠬᠡᠶᠢᠮᠦᠷᠢ ᠪᠠᠷ ᠨᠤᠲᠤᠭ ᠢᠶᠠᠨ ᠴᠢᠮᠡᠵᠦ ᠶᠠᠪᠤᠨ᠎ᠠ᠃ | ᠨᠢᠭᠡ ᠠᠵᠢᠯ ᠢ ᠤᠳᠠᠭᠠᠨ ᠵᠢᠯ ᠳᠠᠰᠤᠯᠳᠠᠭᠤᠯᠤᠯ ᠦᠭᠡᠢ ᠪᠠᠷᠢᠮᠳᠠᠯᠠᠨ᠎ᠠ ᠭᠡᠳᠡᠭ ᠬᠡᠴᠡᠬᠦᠦ᠃ ᠶᠤᠰᠤᠲᠠᠢ ᠯᠡ | ᠲᠡᠰᠪᠦᠷᠢ ᠳᠡᠪᠴᠢᠶᠡᠷᠢ᠂ ᠵᠣᠷᠢᠭ ᠬᠦᠴᠦ᠂ ᠤᠬᠠᠭᠠᠨ ᠰᠢᠨᠳᠠᠰᠤ ᠪᠦᠬᠦᠨ ᠢ ᠰᠢᠯᠭᠠᠨ᠎ᠠ ᠯᠡ ᠭᠡᠰᠡᠨ ᠦᠭᠡ᠃ | ᠠᠳᠤᠭᠤᠨ ᠳᠤ ᠳᠤᠷᠠᠲᠠᠢ ᠪᠤᠯᠬᠤᠷ ᠬᠢᠭᠡᠳ ᠯᠡ ᠢᠷᠡᠭᠰᠡᠨ ᠡ ᠭᠡᠰᠡᠨ ᠦᠨᠢᠷᠴᠡᠴᠡᠭ ᠤᠨ ᠦᠭᠡ ᠡᠨᠡ ᠪᠦᠬᠦᠨ ᠤ | ᠬᠠᠷᠢᠭᠤᠯᠲᠠ ᠪᠤᠯᠵᠤ ᠲᠤᠳᠤᠷᠠᠨ᠎ᠠ᠃ ᠪᠢᠯᠢᠭ ᠦᠨᠢᠷᠴᠡᠴᠡᠭ ᠬᠤᠶᠠᠷ ᠰᠤᠷᠤᠯᠴᠠᠵᠤ ᠰᠤᠳᠤᠯᠬᠤ ᠳᠤ ᠪᠠᠭ᠋ᠠᠲᠠᠢ ᠨᠢᠭᠡᠨ | ᠪᠠᠶᠢᠵᠤ᠂ ᠡᠯ᠎ᠡ ᠲᠦᠷᠦᠯ ᠤᠨ ᠤᠷᠤᠯᠳᠤᠭᠠᠨ᠂ ᠳᠡᠯᠭᠡᠨ ᠪᠤᠷᠤᠯᠠᠭᠤᠯᠭ᠎ᠠ᠂ ᠰᠤᠷᠤᠯᠴᠠᠯᠭ᠎ᠠ ᠪᠣᠯᠪᠠᠰᠤᠷᠠᠯ ᠢᠶᠠᠷ ᠴᠦ ᠵᠠᠪ | ᠴᠢᠯᠦᠭᠡ ᠭᠠᠷᠪᠠᠯ ᠦᠷᠭᠦᠯᠵᠢ ᠤᠷᠤᠯᠴᠠᠵᠤ᠂ ᠮᠡᠳᠡᠯᠭᠡ ᠮᠡᠳᠡᠴᠡ ᠪᠠᠨ ᠳᠡᠭᠡᠭᠰᠢᠯᠡᠭᠦᠯᠬᠦ ᠶᠢ ᠵᠣᠷᠢᠵᠤ ᠶᠠᠪᠤᠳᠠᠭ᠃ | ᠡᠳᠡᠨᠡᠶᠢᠬᠢᠨ ᠠᠪᠠᠭ᠎ᠠ ᠬᠤᠰᠢᠭᠤᠨ ᠤ ᠬᠠᠷ᠎ᠠ ᠠᠳᠤᠭᠤᠨ ᠰᠤᠶᠤᠯ ᠤᠨ ᠨᠠᠶᠢᠷ ᠲᠤ ᠭᠤᠷᠪᠠᠨ ᠵᠢᠯ ᠳᠠᠷᠠᠭᠠᠯᠠᠨ | ᠤᠷᠤᠯᠴᠠᠵᠤ᠂ ᠴᠡᠭᠡ ᠶᠢᠨ ᠰᠢᠯᠭᠠᠷᠠᠭᠤᠯᠤᠯᠲᠠ ᠳᠤ ᠴᠦᠮ ᠰᠢᠯᠢᠳᠡᠭ ᠰᠠᠶᠢᠨ ᠬᠢᠷᠢ ᠪᠦᠲᠦᠮᠵᠢ ᠣᠯᠵᠤ ᠪᠠᠶᠢᠭᠰᠠᠨ | ᠪᠠ ᠡᠨᠡ ᠵᠢᠯ ᠤᠨ ᠥᠪᠦᠷ ᠮᠤᠩᠭᠤᠯ ᠤᠨ ᠥᠪᠡᠷᠲᠡᠭᠡᠨ ᠵᠠᠰᠠᠬᠤ ᠤᠷᠤᠨ ᠤ 34 ᠳ᠋ᠦ᠋ᠭᠡᠷ ᠬᠤᠭᠤᠴᠠᠭᠠᠨ ᠤ ᠲᠠᠯ᠎ᠠ | ᠨᠤᠲᠤᠭ ᠤᠨ ᠨᠠᠭᠠᠳᠤᠮ ᠤᠨ ᠴᠠᠭᠠᠨ ᠢᠳᠡᠭᠡᠨ ᠤ ᠳᠡᠯᠭᠡᠨ ᠦᠵᠡᠭᠦᠯᠭᠡ ᠳᠡᠯᠭᠡᠨ ᠪᠤᠷᠤᠯᠠᠭᠤᠯᠭ᠎ᠠ ᠳᠤ ᠠᠪᠠᠭ᠎ᠠ | ᠬᠤᠰᠢᠭᠤᠨ ᠠᠴᠠ ᠣᠷᠤᠯᠴᠠᠭᠰᠠᠨ ᠴᠦᠬᠡᠨ ᠬᠡᠳᠦᠨ ᠠᠶᠢᠯ ᠤᠨ ᠨᠢᠭᠡ ᠨᠢ ᠪᠣᠯᠵᠤ ︽ᠬᠠᠳᠠᠨ ᠬᠤᠰᠢᠭᠤ︾ | ᠴᠡᠭᠡ ᠪᠠᠨ ᠳᠡᠯᠭᠡᠨ ᠪᠤᠷᠤᠯᠠᠭᠤᠯᠵᠤ ᠵᠢᠭᠤᠯᠴᠢᠯᠠᠭᠴᠢᠳ ᠤᠨ ᠬᠦᠷᠢᠶᠡᠯᠡᠯ ᠢ ᠤᠯᠤᠭᠰᠠᠨ ᠪᠠᠶᠢᠳᠠᠭ᠃ ᠦᠨᠢᠷᠴᠡᠴᠡᠭ | ᠴᠦ 2020 ᠣᠨ ᠳᠤ ᠪᠣᠯᠤᠭᠰᠠᠨ ᠥᠪᠦᠷ ᠮᠣᠩᠭᠤᠯ ᠤᠨ ︽ᠴᠡᠭᠡᠲᠡᠢ︾ ᠺᠤᠮᠫᠠᠨᠢ ᠠᠴᠠ ᠡᠷᠬᠢᠯᠡᠭᠰᠡᠨ | ᠪᠤᠯᠪᠠᠰᠤᠷᠠᠯ ᠳᠤ ᠣᠷᠤᠯᠴᠠᠨ᠂ ᠴᠡᠭᠡ ᠶᠢᠨ ᠲᠤᠬᠠᠢ ᠤᠨᠤᠯ ᠤᠨ ᠮᠡᠳᠡᠯᠭᠡ ᠪᠤᠯᠪᠠᠰᠤᠷᠠᠯ ᠢᠶᠠᠨ ᠳᠡᠭᠡᠭᠰᠢᠯᠡᠭᠦᠯᠦᠨ᠂ | ᠴᠡᠭᠡ ᠪᠠᠨ ᠭᠠᠳᠠᠭᠰᠢ ᠰᠤᠷᠲᠠᠯᠴᠢᠯᠠᠨ ᠤᠬᠠᠭᠤᠯᠬᠤ ᠳᠤ ᠤᠨᠤᠯ ᠤᠨ ᠰᠠᠭᠤᠷᠢ ᠪᠠᠨ ᠪᠠᠲᠤᠳᠬᠠᠭᠰᠠᠨ ᠶᠤᠮ᠃ ᠣᠳᠤ | ᠡᠳᠡᠨᠡᠶᠢᠬᠢᠨ ᠤ 2010 ᠣᠨ ᠠᠴᠠ ᠨᠠᠭᠠᠰᠢ ᠴᠡᠭᠡ ᠪᠠᠨ ᠪᠤᠷᠤᠯᠠᠭᠤᠯᠭᠰᠠᠨ ᠴᠡᠪᠡᠷ ᠣᠷᠣᠯᠭ᠎ᠠ ᠨᠢ ᠨᠡᠶᠢᠲᠡ | ᠲᠠᠪᠢᠭᠠᠳ ᠲᠦᠮᠡᠨ ᠲᠦᠭᠦᠷᠢᠭ ᠲᠤ ᠬᠦᠷᠴᠦ᠂ ᠠᠵᠤ ᠠᠮᠢᠳᠤᠷᠠᠯᠭ᠎ᠠ ᠪᠠᠨ ᠦᠭᠡᠳᠡ ᠨᠢ ᠳᠠᠲᠠᠵᠤ ᠶᠠᠪᠤᠨ᠎ᠠ᠃ | ᠬᠦᠳᠡᠯᠮᠦᠷᠢ ᠠᠴᠠ ᠠᠮᠵᠢᠯᠲᠠ ᠲᠤᠳᠤᠷᠠᠳᠠᠭ᠃ ᠪᠢᠯᠢᠭ ᠦᠨᠢᠷᠴᠡᠴᠡᠭ ᠬᠤᠶᠠᠭᠤᠯᠠ ᠠᠵᠢᠯᠴᠢ ᠬᠤᠶᠠᠷ ᠭᠠᠷ᠂ | ᠠᠷᠢᠭᠤᠨ ᠬᠦᠳᠡᠯᠮᠦᠷᠢ ᠪᠠᠷ ᠢᠶᠠᠨ ᠦᠨᠦᠳᠦᠷ ᠤᠨ ᠰᠠᠶᠢᠨ ᠰᠠᠶᠢᠬᠠᠨ ᠠᠮᠢᠳᠤᠷᠠᠯ ᠦᠢᠯᠡᠰ ᠢᠶᠠᠨ ᠴᠤᠭᠴᠠᠯᠠᠵᠤ᠂ | ᠠᠪᠠᠭ᠎ᠠ ᠬᠠᠷ᠎ᠠ ᠠᠳᠤᠭᠤ ᠪᠠᠨ ᠥᠰᠭᠡᠨ ᠦᠷᠡᠵᠢᠭᠦᠯᠵᠦ᠂ ᠤᠷᠤᠨ ᠨᠤᠲᠤᠭ ᠤᠨ ᠨᠡᠷ᠎ᠡ ᠲᠡᠮᠳᠡᠭᠲᠦ ᠶᠢ ᠱᠤᠭᠤᠬᠤ ᠳᠤ | ᠥᠪᠡᠷ ᠤᠨ ᠬᠦᠴᠦᠨ ᠨᠡᠮᠡᠷᠢ ᠪᠠᠨ ᠡᠷᠭᠦᠵᠦ᠂ ᠰᠢᠨ᠎ᠡ ᠴᠠᠭ ᠦᠶ᠎ᠡ ᠶᠢᠨ ᠮᠠᠯᠴᠢᠨ ᠤ ᠲᠦᠯᠦᠭᠡᠯᠡᠯ ᠪᠤᠯᠵᠤ | ᠭᠠᠷᠮᠠᠭᠠᠶᠢᠯᠠᠨ ᠶᠠᠪᠤᠭ᠎ᠠ ᠪᠢᠯᠡ᠃ |