ᠲᠦᠮᠡᠨ ᠤ ᠨᠦᠮᠦᠷᠢ ︽ᠲᠦᠰᠢ︾ ᠠᠭᠤᠯᠠ — ᠬᠤᠰᠢᠭᠤ ᠣᠯᠣᠰ ᠲᠦᠷᠦ ᠶᠢᠨ ᠵᠦᠪᠯᠡᠯᠬᠡᠨ ᠤ ᠰᠢᠯᠢᠳᠡᠭ ᠬᠡᠰᠢᠬᠦᠨ ᠪᠠᠳᠣᠪᠡᠶᠡᠷ ᠢ ᠲᠡᠮᠳᠡᠭᠯᠡᠪᠡ
ᠨᠡᠶᠢᠲᠡᠯᠡᠭᠰᠡᠨ ᠴᠠᠭ᠄
2024/10/29
   ᠬᠦᠮᠦᠨ ᠶᠡᠷᠣᠨᠢ ᠪᠠᠶᠢᠭᠠᠯᠢ ᠣᠷᠴᠢᠨ ᠤ ᠪᠦᠳᠦᠭᠡᠭᠳᠡᠬᠦᠨ ᠪᠣᠯᠬᠤᠷ ᠪᠡᠶ᠎ᠡ ᠮᠠᠬᠠᠪᠣᠳ ᠨᠢ ᠠᠭᠤᠯᠠ ᠬᠠᠶᠢᠷᠬᠠᠨ  ᠢᠶᠠᠨ ᠲᠠᠭᠤᠷᠢᠶᠠᠨ᠂ ᠪᠢᠯᠢᠭ ᠣᠬᠠᠭᠠᠨ ᠨᠢ ᠣᠰᠣ ᠣᠷᠭᠤᠮᠠᠯ ᠢᠶᠠᠨ ᠲᠠᠭᠠᠵᠦ ᠲᠦᠷᠦᠳᠡᠭ ᠨᠢ ᠵᠦᠢ ᠪᠢᠯᠡ᠃ ᠠᠭᠤᠳᠠᠮ ᠲᠡᠨᠢᠬᠡᠷ ᠠᠪᠠᠭ᠎ᠠ ᠨᠣᠳᠤᠭ ᠤᠨ ᠪᠠᠷᠠᠭᠤᠨ ᠬᠤᠶᠢᠨ᠎ᠠ ᠲᠡᠮᠡᠭᠡᠨ ᠵᠡᠷᠬᠡᠯᠬᠡᠨ ᠨᠡᠬᠦᠳᠡᠯᠯᠡᠭᠰᠡᠨ ᠲᠡᠨᠢᠬᠡᠷ ᠶᠡᠭᠡ ᠭᠤᠪᠢ ᠶᠢᠨ ᠲᠣᠮᠳᠠ ᠭᠠᠵᠠᠷ ᠤᠨ ᠲᠣᠮᠳᠠ ᠠᠴᠠ ᠣᠷᠭᠤᠵᠥ ᠪᠣᠰᠣᠭᠰᠠᠨ ᠲᠦᠰᠢ ᠠᠭᠤᠯᠠ ᠬᠡᠵᠥ ᠪᠣᠢ᠃ ᠡᠷᠬᠢᠨ ᠲᠣᠭᠤᠷᠢᠨ ᠬᠡᠳᠣᠨ ᠵᠠᠭᠤᠨ ᠤ ᠭᠠᠵᠠᠷ ᠠᠴᠠ ᠪᠠᠷ᠎ᠠ ᠨᠢ ᠬᠠᠷᠠᠭᠳᠠᠬᠤ ᠡᠨᠡ ᠠᠭᠤᠯᠠ ᠡᠩ ᠦᠬᠡᠢ ᠲᠠᠯ᠎ᠠ ᠶᠢᠨ ᠦᠷᠦᠴᠠᠨ ᠳᠤ ᠭᠠᠭᠴᠠᠭᠠᠷ ᠰᠦᠨᠳᠡᠷᠯᠡᠬᠦ ᠠᠳᠠᠯ᠎ᠠ ᠪᠠᠨ ᠬᠠᠵᠠᠭᠤ ᠳᠤ ᠨᠢ  ᠬᠦᠷᠬᠦᠯᠡᠷ ᠲᠡᠶᠢᠮᠣ ᠴᠣ᠋ ᠦᠨᠳᠣᠷ ᠰᠦᠷᠯᠢᠭ ᠪᠠᠷᠳᠠᠭ᠎ᠠ ᠲᠠᠢ ᠪᠢᠰᠢ ᠬᠠᠷᠢᠨ ᠨᠦᠮᠦᠷᠢ ᠲᠣᠯᠠᠭᠠᠬᠠᠨ ᠰᠠᠨᠠᠭᠳᠠᠬᠤ ᠨᠢ ᠰᠡᠳᠬᠢᠯ ᠳᠤ ᠲᠠᠭᠠᠳᠠᠶᠢᠬᠠᠨ᠃ ᠡᠨᠡ ᠰᠠᠶᠢᠬᠠᠨ ᠨᠤᠳᠤᠭ ᠤᠨ ᠢᠶᠠᠨ ᠡᠵᠡᠳ ᠨᠢ ᠪᠤᠯᠵᠦ ᠶᠠᠪᠤᠭ᠎ᠠ ᠮᠠᠯᠴᠢᠳ ᠤᠨ ᠲᠤᠮᠳᠠ ᠪᠠᠨ ᠣᠨᠠᠭᠠᠨ ᠨᠣᠳᠤᠭ  ᠲᠤ ᠪᠠᠨ ᠡᠬᠡᠯ ᠲᠠᠷᠣᠣᠬᠠᠨ ᠨᠡᠬᠦᠳᠡᠯ ᠮᠠᠯᠵᠢᠯ ᠢᠶᠠᠨ ᠡᠷᠬᠢᠯᠡᠵᠥ ᠶᠠᠪᠣᠭ᠎ᠠ ᠪᠠᠳᠣᠪᠡᠶᠡᠷ ᠭᠡᠵᠦ ᠪᠦᠬᠦ ᠠᠶᠢᠮᠠᠭ ᠤᠨ ︽ᠦᠢᠯᠡᠰ ᠪᠣᠰᠬᠠᠭᠰᠠᠨ ᠲᠡᠷᠢᠬᠦᠨ ᠤ ᠵᠠᠯᠠᠭᠤ︾ ᠵᠡᠷᠬᠡ ᠶᠢᠨ ᠠᠶᠢᠮᠠᠭ ᠬᠤᠰᠢᠭᠤᠨ ᠤ ᠢᠷᠡᠭᠤ ᠠᠯᠳᠡᠷ ᠢᠶᠠᠷ ᠡᠩᠬᠡᠷ  ᠢᠶᠠᠨ ᠮᠢᠯᠢᠶᠠᠯᠭᠠᠵᠥ᠂ ᠶᠣᠰᠣᠳᠡᠢ ᠲᠦᠷᠦ ᠳᠤ ᠪᠠᠨ ᠵᠢᠳᠬᠦᠯ ᠲᠠᠢ᠂ ᠲᠦᠮᠡᠨ ᠣᠯᠠᠨ ᠳᠤ ᠪᠠᠨ ᠲᠦᠰᠢᠭ ᠨᠢ ᠪᠣᠯᠵᠥ ᠶᠠᠪᠣᠭ᠎ᠠ ᠦᠨᠣ ᠴᠠᠭ ᠤᠨ ᠴᠣᠭᠴᠠᠯᠠᠭᠴᠢ ᠶᠣᠮᠰᠠᠨ᠃    ᠬᠦᠳᠡᠯᠮᠣᠷᠢᠴᠢ ᠮᠠᠯᠴᠢᠳ ᠤᠨ ᠬᠦᠴᠢᠷ ᠪᠡᠷᠬᠡ ᠶᠢ ᠢᠯᠡᠨ ᠲᠠᠪᠠᠭ᠋ᠣ ᠢᠳᠡᠬᠡᠯ ᠵᠣᠷᠢᠭ᠂ ᠢᠳᠡ ᠬᠦᠴᠦᠨ ᠪᠦᠬᠦᠨ  ᠢ ᠦᠪᠯᠡᠵᠥ ᠲᠦᠷᠦᠭᠰᠡᠨ ᠪᠠᠳᠣᠪᠡᠶᠡᠷ 1973 ᠣᠨ ᠳᠤ ᠨᠠᠷᠠᠨᠪᠣᠯᠠᠭ ᠰᠣᠮᠣᠨ ᠤ ᠵᠢᠷᠭᠠᠯᠠᠩᠳᠦ ᠭᠠᠴᠠᠭᠠᠨ ᠤ ᠣᠯᠠᠭᠠᠨ ᠬᠤᠳᠳᠤᠭ ᠬᠡᠮᠡᠬᠦ ᠭᠠᠵᠠᠷ ᠪᠠᠳᠣᠸ᠋ᠴᠢᠷ ᠶᠦᠮᠴᠢᠮ᠎ᠠ ᠶᠢᠨ ᠣᠣᠭᠠᠨ ᠬᠦᠣ ᠨᠢ ᠪᠣᠯᠵᠥ ᠲᠦᠷᠦᠭᠰᠡᠨ ᠪᠢᠯᠡ᠃ ᠲᠡᠬᠦᠨ ᠤ ᠰᠢᠩᠬᠤᠨ ᠵᠠᠯᠠᠭᠤ ᠨᠠᠰᠣᠨ ᠤ ᠬᠢᠨᠢ ᠰᠣᠨᠢᠭᠤᠴᠢ ᠰᠢᠨᠡᠷᠡᠬᠦᠨ ᠦᠶ᠎ᠡ ᠶᠠᠭ ᠰᠠᠶ᠋ᠢᠬᠠᠨ ᠰᠢᠨ᠎ᠠ ᠬᠠᠭᠤᠴᠢᠨ ᠦᠵᠡᠯ ᠣᠬᠠᠮᠰᠡᠷ ᠤᠨ ᠰᠢᠯᠵᠢᠯᠳᠠ ᠰᠣᠯᠢᠯᠳᠠ ᠶᠢᠨ ᠦᠶ᠎ᠡ᠂ ᠦᠬᠡᠷᠡᠴᠢᠯᠠᠯᠳᠠ ᠨᠡᠬᠡᠬᠡᠯᠳᠡ ᠶᠢᠨ ᠠᠩᠬᠠᠨ ᠤ ᠦᠶ᠎ᠡ ᠲᠣᠬᠢᠶᠠᠭᠰᠠᠨ ᠠᠴᠠ ᠬᠦᠳᠡᠭᠡ ᠨᠣᠳᠤᠭ ᠤᠨ ᠬᠡᠨᠡᠨ ᠪᠠᠯᠴᠢᠷ ᠪᠠᠭ᠎ᠠ  ᠵᠠᠯᠠᠭᠤ ᠨᠠᠰᠤᠨ ᠤ ᠪᠠᠳᠦᠪᠠᠶᠠᠷ ᠰᠣᠶᠣᠯ ᠰᠣᠷᠴᠣ ᠰᠣᠷᠭᠠᠭᠤᠯᠢ ᠲᠠᠪᠰᠢᠬᠤ ᠭᠡᠵᠦ ᠲᠡᠳᠣᠶᠢᠯᠡ ᠶᠡᠭᠡ ᠮᠡᠷᠡᠶᠢᠭᠰᠡᠨ ᠦᠬᠡᠢ᠂ ᠬᠤᠷᠢᠭᠤᠯ ᠠᠴᠠ ᠭᠠᠷᠣᠭᠰᠠᠨ ᠰᠢᠪᠠᠭᠤᠬᠠᠢ ᠰᠢᠭ᠋ ᠶᠠᠭᠤ ᠪᠦᠬᠦᠨ ᠢ ᠰᠣᠨᠢᠭᠤᠴᠢᠯᠠᠨ ᠶᠢᠷᠳᠢᠨᠴᠣ ᠲᠡᠯᠡᠬᠡᠢ ᠶᠢᠨ ᠭᠠᠶᠢᠬᠠᠮᠰᠢᠭ ᠪᠦᠬᠦᠨ ᠢ ᠠᠮᠳᠠᠯᠠᠨ ᠪᠠᠶᠢᠬᠤ ᠶᠢ ᠬᠦᠰᠡᠭᠰᠡᠨ ᠠᠴᠠ ᠭᠠᠴᠠᠭᠠᠨ ᠤ ᠪᠠᠭ᠎ᠠ ᠰᠣᠷᠭᠠᠭᠤᠯᠢ᠂ ᠰᠣᠮᠣᠨ ᠤ ᠪᠠᠭ᠎ᠠ ᠰᠣᠷᠭᠠᠭᠤᠯᠢ᠂ ᠬᠤᠰᠢᠭᠤᠨ ᠤ ᠲᠣᠮᠳᠠᠳᠣ ᠰᠣᠷᠭᠠᠭᠤᠯᠢ ᠶᠢ ᠲᠠᠪᠰᠢᠨ ᠲᠠᠪᠰᠢᠨ ᠶᠠᠪᠣᠭᠰᠠᠨ ᠪᠣᠯᠪᠠᠴᠣ 1990 ᠣᠨ ᠪᠣᠯᠬᠤ ᠳᠤ ᠶᠣᠰᠣᠳᠡᠢ ᠦᠨᠦᠬᠢ ︽ᠨᠣᠮ ᠢ ᠨᠢ ᠰᠣᠷᠣᠭᠰᠠᠨ ᠦᠬᠡᠢ᠂ ᠨᠣᠮᠣᠬᠠᠨ ᠢ ᠨᠢ ᠰᠣᠷᠣᠭᠠᠳ︾ ᠬᠦᠳᠡᠭᠡ ᠨᠣᠳᠤᠭ ᠤᠨ ᠮᠠᠯᠵᠢᠬᠤ ᠦᠢᠯᠡᠳᠪᠦᠷᠢᠯᠠᠯ ᠬᠡᠭᠴᠢ ᠣᠨᠣᠯ ᠢᠶᠠᠷ ᠪᠢᠰᠢ ᠦᠢᠯᠡᠳᠦᠯᠬᠡ ᠪᠠᠷ ᠲᠡᠬᠦᠰᠳᠡᠭ ᠦᠨᠢ ᠮᠦᠩᠬᠡ ᠶᠢᠨ ᠶᠡᠭᠡ ᠰᠣᠷᠭᠠᠭᠤᠯᠢ  ᠳᠤ ᠡᠴᠣᠰ ᠲᠡᠬᠦᠰᠬᠡᠯ ᠦᠬᠡᠢ ᠰᠣᠷᠣᠯᠴᠠᠵᠥ ᠪᠢᠯᠡ᠃    ᠪᠠᠳᠣᠪᠠᠶᠡᠷ ᠢ ᠠᠩᠬ᠎ᠠ ᠲᠣᠮᠳᠠ ᠪᠠᠨ ᠲᠡᠬᠦᠰᠳᠡᠭ ᠲᠡᠷᠡ ᠵᠢᠯ ᠶᠠᠮᠠᠷ ᠰᠠᠶᠢᠬᠠᠨ ᠪᠠᠶᠢᠯ᠎ᠠ ᠳ᠋ᠠ︕ ᠲᠠᠯ᠎ᠠ ᠨᠣᠳᠤᠭ  ᠤᠨ ᠲᠦᠷᠪᠡᠨ ᠣᠯᠠᠷᠢᠯ ᠲᠡᠭᠰᠢ᠂ ᠵᠣᠨ ᠨᠢ ᠨᠠᠷᠠ ᠲᠠᠢ ᠪᠣᠷᠣᠭᠠᠨ ᠠᠰᠬᠠᠷᠠᠴᠢᠬᠠᠭᠰᠠᠨ᠂ ᠡᠪᠣᠯ ᠨᠢ ᠵᠡᠬᠡᠷ᠎ᠡ ᠬᠦᠷᠦᠬᠡᠰᠣ ᠴᠡᠬᠢᠯᠴᠢᠬᠠᠭᠰᠠᠨ᠂ ᠠᠯᠣᠰ ᠠᠴᠠ ᠬᠠᠷᠠᠭᠳᠠᠬᠤ ᠲᠦᠰᠢ ᠠᠭᠤᠯᠠ ᠨᠢ ᠬᠦᠬᠡᠷᠡᠴᠢᠬᠡᠭᠰᠡᠨ᠂ ᠠᠷᠠᠳ ᠲᠦᠮᠡᠨ ᠤ ᠠᠮᠢᠳᠣᠷᠠᠯ ᠦᠢᠯᠡᠰ ᠬᠦᠭᠵᠢᠴᠢᠬᠡᠭᠰᠡᠨ ᠲᠡᠭᠷᠢ ᠶᠢᠨ ᠴᠠᠭ ᠭᠠᠵᠠᠷ ᠤᠨ ᠠᠰᠢᠭ ᠬᠦᠮᠦᠨ ᠤ ᠨᠠᠶᠢᠷᠠᠮᠳᠠᠭᠤ ᠶᠠᠭᠤ ᠪᠦᠬᠦᠨ ᠪᠦᠷᠢᠳᠦᠴᠢᠬᠡᠭᠰᠡᠨ ᠡᠨᠡᠬᠦ ᠰᠠᠶᠢᠬᠠᠨ ᠴᠠᠭ ᠦᠶ᠎ᠡ ᠳᠤ ᠠᠷᠪᠠᠨ ᠨᠡᠢᠮᠡᠳᠡᠢ ᠪᠠᠳᠣᠪᠡᠶᠡᠷ ᠢ ᠠᠷᠣ ᠭᠤᠪᠢ  ᠶᠢᠨ ᠲᠡᠨᠢᠬᠡᠷ ᠬᠦᠳᠡᠭᠡ ᠠᠯᠠᠭ᠎ᠠ ᠪᠠᠨ ᠲᠣᠰᠣᠨ ᠬᠦᠯᠢᠶᠡᠵᠥ ᠠᠪᠣᠭᠰᠠᠨ ᠪᠢᠯᠡ᠃ ᠡᠶᠢᠮᠣ ᠪᠠᠷ ᠢᠶᠠᠨ ᠭᠠᠯ ᠵᠠᠯᠠᠭᠤ ᠨᠠᠰᠤᠨ ᠤ ᠪᠠᠳᠣᠪᠡᠶᠡᠷ ᠭᠤᠪᠢ ᠶᠢᠨ ᠪᠣᠷᠣᠬᠠᠨ ᠦᠬᠢᠨ ᠦᠨᠢᠪᠢᠯᠢᠭ ᠲᠠᠢ ᠠᠶᠢᠯ ᠬᠡᠷ ᠪᠣᠯᠵᠥ᠂ ᠲᠦᠰᠢ ᠠᠭᠤᠯᠠ᠂ ᠪᠣᠶᠠᠨᠳᠣ ᠭᠤᠪᠢ ᠪᠠᠷ ᠨᠡᠷ᠎ᠡ ᠪᠠᠨ ᠪᠣᠯᠭᠠᠭᠰᠠᠨ ᠲᠦᠰᠢᠩᠭᠤᠪᠢ ᠳᠤ ᠪᠠᠨ ᠵᠢᠷᠤᠭ ᠤᠨ ᠰᠠᠶᠢᠬᠠᠨ ᠪᠠᠶᠢᠭᠠᠯᠢ ᠶᠢᠨ 6000 ᠮᠣ᠋ ᠪᠡᠯᠴᠢᠬᠡᠷ ᠲᠠᠢ᠂ ᠰᠠᠭᠠᠯᠢ ᠶᠢᠨ ᠦᠨᠢᠶ᠎ᠡ᠂ ᠱᠦᠯᠥᠨ ᠤ ᠬᠤᠨᠢ ᠲᠠᠢ ᠠᠶᠢᠯ ᠨᠢᠬᠡ ᠶᠢ ᠨᠡᠮᠡᠷᠢᠯᠡᠵᠥ᠂ ᠠᠭᠤᠳᠠᠮ ᠬᠤᠷᠸ᠎ᠠ ᠶᠢᠨ ᠵᠠᠶᠢᠨ ᠳᠤ ᠣᠷᠣᠭᠰᠢ ᠪᠠᠨ ᠲᠡᠮᠡᠣᠯᠵᠥ ᠡᠬᠢᠯᠡᠭᠰᠡᠨ ᠪᠢᠯᠡ᠃ᠬᠦᠳᠡᠯᠮᠣᠷᠢ ᠬᠦᠮᠦᠨ ᠢ ᠦᠬᠡᠳᠡ ᠨᠢ ᠲᠠᠳᠠᠳᠠᠭ ᠤᠨ ᠵᠢᠮ᠎ᠠ ᠪᠠᠷ ᠰᠠᠶ᠋ᠢᠬᠠᠨ ᠠᠶᠢᠯ ᠪᠣᠯᠣᠭᠰᠠᠨ ᠬᠤᠩᠭᠤᠷ ᠬᠤᠶᠠᠭᠤᠯᠠ ᠡᠷᠳᠡ ᠶᠢᠨ ᠨᠡᠷᠡᠨ᠂ ᠦᠳᠡᠰᠢ ᠶᠢᠨ ᠪᠦᠷᠦᠢ ᠶᠢ ᠲᠡᠮᠡᠴᠡᠨ ᠪᠠᠶᠢᠵᠥ ᠠᠵᠢᠯ ᠶᠠᠪᠣᠳᠠᠯ ᠢᠶᠠᠨ ᠠᠮᠵᠢᠭᠤᠯᠳᠠᠭ ᠠᠴᠠ ᠠᠶᠢᠯ ᠬᠡᠷ ᠤᠨ ᠠᠮᠢᠳᠣᠷᠠᠯ ᠨᠢ ᠡᠳᠣᠷ ᠠᠴᠠ ᠡᠳᠣᠷ ᠲᠡᠭᠵᠢᠷᠡᠨ ᠰᠠᠶᠢᠵᠢᠷᠠᠵᠥ ᠰᠢᠨ᠎ᠠ ᠮᠢᠩᠭᠠᠨ ᠣᠨ ᠤ ᠦᠷ ᠢ ᠣᠭᠳᠣᠬᠤ ᠳᠤ ᠬᠦᠯᠬᠡᠨ ᠭᠤᠪᠢ ᠶᠢᠨ ᠬᠦᠳᠡᠯᠮᠣᠷᠢᠴᠢ ᠮᠠᠯᠴᠢᠨ ᠤ ᠡᠩᠨᠡᠬᠡᠨ ᠳᠤ ᠪᠠᠭᠳᠠᠵᠥ ︽ᠮᠢᠩᠭᠠᠳᠣ ᠶᠢᠨ ᠡᠷᠣᠬᠡ︾ ᠶᠢᠨ ᠠᠯᠳᠡᠷ ᠢ ᠲᠡᠬᠡᠳᠦᠯᠡᠭᠰᠡᠨ ᠠᠴᠠ2015 ᠣᠨ ᠪᠣᠯᠳᠠᠯ᠎ᠠ ᠬᠠᠯᠠᠭᠤᠨ ᠬᠤᠰᠢᠭᠤᠳᠣ ᠬᠤᠨᠢᠨ ᠰᠦᠷᠦᠭ ᠢᠶᠠᠨ ᠮᠢᠩᠭ᠎ᠠ ᠪᠠᠷ ᠲᠣᠭᠠᠯᠠᠭᠤᠯᠵᠥ ᠪᠠᠶᠢᠬᠤ ᠳᠤ ᠪᠠᠨ ᠬᠠᠮᠤᠭ ᠣᠯᠠᠨ ᠳᠤ ᠪᠠᠨ 1400 ᠲᠣᠭᠠᠨ  ᠳᠤ ᠬᠦᠷᠦᠭᠰᠡᠨ ᠮᠠᠯᠵᠢᠯ ᠤᠨ ᠲᠣᠮᠣ ᠡᠷᠣᠬᠡ ᠪᠣᠯᠣᠭᠰᠠᠨ ᠪᠠᠶᠢᠯ᠎ᠠ᠃ ᠮᠠᠯᠵᠢᠯ ᠬᠡᠳᠡᠭ ᠲᠣᠮᠣ ᠣᠬᠠᠭᠳᠠᠬᠤᠨ ᠢ ᠣᠨᠣᠯ  ᠢᠶᠠᠷ ᠰᠢᠰᠲ᠋ᠧᠮᠵᠢᠬᠦᠯᠵᠦ ᠴᠢᠳᠠᠬᠤ ᠦᠬᠡᠢ ᠴᠣ᠋ ᠦᠢᠯᠡᠳᠣᠯᠬᠡ ᠪᠠᠷ ᠨᠣᠳᠠᠯᠠᠵᠥ ᠶᠠᠪᠣᠭ᠎ᠠ ᠪᠠᠳᠣᠪᠡᠶᠡᠷ ᠵᠠᠯᠠᠭᠤ ᠨᠠᠰᠣᠨ  ᠳᠤ ᠪᠠᠶᠢᠮᠡᠷ ᠦᠬᠡᠢ ᠬᠤᠯᠠᠴᠢ ᠣᠬᠠᠭᠠᠨ ᠢᠶᠠᠷ ᠮᠠᠯ ᠤᠨ ᠪᠣᠳᠠᠭᠠᠯᠢ ᠪᠡᠶ᠎ᠡ ᠶᠢ ᠲᠡᠬᠦᠯᠳᠡᠷᠵᠢᠬᠦᠯᠬᠦ ᠦᠬᠡᠢ ᠪᠣᠯ ᠵᠦᠪᠬᠡᠨ ᠲᠤᠭ᠎ᠠ ᠬᠦᠬᠡᠬᠡᠴᠡᠯᠳᠦᠬᠡᠳ ᠮᠠᠯᠵᠢᠯ ᠤᠨ ᠣᠷᠣᠯᠭ᠎ᠠ ᠶᠢᠨ ᠨᠡᠮᠡᠭᠳᠡᠯ ᠢ ᠲᠡᠬᠡᠭᠰᠢᠯᠡᠬᠦᠯᠵᠥ ᠴᠢᠳᠠᠬᠤ ᠦᠬᠡᠢ ᠮᠦᠷᠳᠡᠬᠡᠨ ᠪᠡᠶ᠎ᠡ ᠶᠢᠨ ᠵᠦᠳᠡᠷᠡᠯ ᠪᠡᠯᠴᠢᠬᠡᠷ ᠤᠨ ᠲᠠᠷᠣᠭᠠᠰᠣ ᠶᠡᠬᠡᠳᠡᠢ ᠬᠡᠳᠡᠭ ᠢ ᠣᠶᠢᠯᠠᠭᠠᠵᠥ ᠮᠡᠳᠡᠭᠰᠡᠨ ᠢᠶᠠᠷ 2002 ᠣᠨ ᠳᠤ ᠲᠣᠰᠬᠠᠢ ︽ᠬᠤᠴᠠᠨ ᠤ ᠡᠷᠣᠬᠡ︾ ᠪᠣᠯᠵᠥ᠂ 2005 ᠣᠨ ᠳᠤ ᠲᠠᠪᠣᠨ ᠲᠦᠮᠡᠨ ᠲᠦᠬᠦᠷᠢᠭ ᠵᠠᠷᠣᠴᠠᠭᠤᠯᠣᠨ ᠰᠢᠯᠢᠳᠡᠭ ᠰᠠᠶᠢᠨ ᠣᠷᠢᠶᠠᠩᠬᠠᠨ ᠬᠤᠴᠠ᠂  ᠦᠵᠦᠮᠦᠴᠢᠨ ᠬᠤᠴᠠ ᠵᠡᠷᠬᠡ ᠶᠢ ᠣᠷᠣᠭᠤᠯᠣᠨ ᠬᠤᠨᠢᠨ ᠤ ᠪᠣᠳᠠᠭᠠᠯᠢ ᠪᠡᠶ᠎ᠡ ᠶᠢ ᠰᠠᠶᠢᠵᠢᠷᠠᠭᠤᠯᠬᠤ ᠪᠠᠷ ᠲᠠᠮᠵᠢᠨ ᠦᠷᠬᠡᠨ ᠣᠯᠠᠨ ᠮᠠᠯᠴᠢᠨ ᠲᠦᠮᠡᠨ ᠤ ᠠᠵᠥ ᠠᠬᠤᠢ ᠶᠢᠨ ᠣᠷᠣᠯᠭ᠎ᠠ ᠶᠢ ᠨᠡᠮᠡᠭᠳᠡᠬᠦᠯᠬᠦ ᠪᠠᠷ ᠴᠢᠷᠮᠡᠶᠢᠨ ᠠᠵᠢᠯᠯᠠᠵᠥ᠂ ᠵᠢᠯ ᠪᠣᠯᠭᠠᠨ ᠬᠤᠴᠠᠨ ᠳᠤ ᠪᠠᠨ ᠰᠢᠯᠢᠯᠳᠡ ᠬᠢᠵᠥ᠂ ︽ᠬᠢᠷᠢ ᠲᠡᠩᠴᠡᠬᠦ ᠦᠬᠡᠢ︾ ᠦᠷ᠎ᠡ ᠶᠢᠨ ᠮᠠᠯ ᠢ ᠲᠠᠷᠣᠢ ᠲᠦᠷᠬᠡᠨ ᠰᠢᠢᠳᠪᠣᠷᠢᠯᠡᠵᠥ᠂ ᠵᠢᠯ ᠳᠤ ᠪᠠᠷᠤᠭ 100 ᠭᠠᠷᠤᠢ ᠰᠢᠯᠢᠳᠡᠭ ᠬᠤᠴᠠ ᠨᠦᠬᠦᠨ ᠠᠪᠴᠢᠷᠠᠳᠠᠭ ᠪᠠᠶᠢᠯ᠎ᠠ᠃ ᠪᠠᠳᠣᠪᠡᠶᠡᠷ ᠬᠤᠷᠢᠭᠠᠳ ᠵᠢᠯ ᠤᠨ ᠲᠣᠷᠰᠢᠬᠢ ᠬᠤᠴᠠᠨ ᠰᠦᠷᠦᠭ ᠮᠠᠯᠵᠢᠬᠤ ᠶᠠᠪᠣᠴᠠ ᠲᠣᠮᠳᠠ ᠪᠠᠨ ᠣᠷᠢᠶᠠᠩᠬᠠᠨ ᠬᠤᠴᠠ ᠨᠢ ᠪᠣᠰᠣᠳ ᠡᠬᠦᠯᠳᠡᠷ ᠤᠨ ᠬᠤᠨᠢᠳ ᠢ ᠪᠣᠳᠣᠪᠠᠯ ᠴᠡᠬᠡᠵᠢᠨ ᠪᠡᠶ᠎ᠡ ᠦᠨᠳᠣᠷ᠂ ᠬᠠᠪᠢᠷᠭ᠎ᠠ ᠢᠯᠡᠬᠦᠣ᠂ ᠲᠣᠰ ᠵᠢᠯ ᠤᠨ ᠲᠦᠯ ᠨᠢ 3 — 5 ᠰᠠᠷ᠎ᠠ ᠶᠢᠨ ᠬᠤᠭᠤᠷᠣᠨᠳᠣ ᠣᠨᠴᠠᠭᠠᠢ ᠬᠤᠷᠳᠣᠨ ᠦᠰᠳᠡᠭ ᠵᠡᠷᠬᠡ ᠲᠠᠯ᠎ᠠ ᠶᠢ ᠬᠤᠷᠢᠶᠠᠩᠭᠤᠶᠢᠯᠠᠨ ᠭᠠᠷᠭᠠᠭᠰᠠᠨ ᠤ ᠪᠠᠨ ᠲᠠᠷᠠᠭ᠎ᠠ ᠣᠷᠢᠶᠠᠩᠬᠠᠨ ᠬᠤᠴᠠ ᠶᠢ ᠪᠣᠶᠢᠵᠢᠭᠤᠯᠬᠤ ᠲᠡᠬᠡᠷ᠎ᠡ ᠶᠡᠭᠡ  ᠬᠦᠴᠦ ᠲᠠᠯᠪᠢᠭᠰᠠᠨ ᠪᠠᠶᠢᠨ᠎ᠠ᠃ 2020 ᠣᠨ ᠬᠦᠷᠳᠡᠯ᠎ᠠ ᠪᠣᠰᠣᠳ ᠮᠠᠯᠵᠢᠯ ᠤᠨ ᠲᠣᠮᠣ ᠡᠷᠣᠬᠡ ᠤᠳ ᠠᠴᠠ ᠰᠢᠯᠢᠳᠡᠭ ᠰᠠᠶᠢᠨ ᠬᠤᠴᠠ ᠶᠢ 2300 ᠭᠠᠷᠤᠢ ᠶᠢ ᠣᠷᠣᠭᠤᠯᠣᠨ᠂ ᠪᠦᠬᠦ ᠮᠠᠯᠵᠢᠬᠤ ᠡᠷᠣᠬᠡ ᠳᠤ 8000 ᠭᠠᠷᠤᠢ ᠬᠤᠴᠠ ᠲᠦᠷᠢᠶᠡᠰᠣᠯᠡᠬᠦᠯᠥᠭᠰᠡᠨ ᠪᠠᠶᠢᠨ᠎ᠠ᠃ ᠲᠡᠬᠦᠨ ᠤ ︽ᠬᠠᠷ᠎ᠠ ᠣᠬᠠᠭᠠᠨ︾ ᠢᠶᠠᠷ ᠪᠣᠳᠣᠭᠰᠠᠨ ᠲᠠᠩᠰᠠᠨ ᠳᠤ ︽ᠨᠢᠬᠡ ᠣᠳᠠᠭ᠎ᠠ ᠰᠢᠯᠢᠳᠡᠭ ᠰᠠᠶᠢᠨ ᠬᠤᠴᠠ ᠰᠣᠯᠢᠪᠠᠯ ᠭᠠᠷᠬᠤ ᠬᠤᠷᠠᠭ᠎ᠠ ᠶᠢᠨ ᠪᠠᠶ᠎ᠠ  ᠶᠢᠨ ᠬᠦᠨᠳᠦ ᠨᠢ ᠪᠠᠷᠤᠭ 5 ᠵᠢᠩ ᠣᠷᠴᠢᠮ ᠨᠡᠮᠡᠭᠳᠡᠨ᠎ᠠ᠂ ᠨᠠᠮᠣᠷ ᠮᠠᠯ ᠵᠠᠷᠣᠴᠠᠭᠤᠯᠬᠤ ᠦᠶ᠎ᠡ ᠳᠤ ᠵᠠᠬ᠎ᠠ ᠲᠡᠯᠬᠡᠬᠦᠷ  ᠤᠨ ᠦᠨ᠎ᠠ ᠪᠠᠷ ᠪᠣᠳᠣᠪᠠᠯ 20 ᠲᠦᠬᠦᠷᠢᠭ ᠨᠡᠮᠡᠭᠳᠡᠨ᠎ᠠ᠂ ᠢᠩᠬᠢᠵᠥ ᠪᠣᠳᠣᠪᠠᠯ ᠨᠢᠬᠡ ᠬᠤᠴᠠ 20 ᠬᠤᠨᠢ ᠬᠡᠬᠡᠯᠳᠦᠬᠦᠯᠬᠦ ᠪᠠᠷ ᠪᠣᠳᠣᠪᠠᠯ ᠨᠢᠬᠡ ᠵᠢᠯ ᠳᠤ ᠪᠠᠷᠤᠭ 400 ᠲᠦᠬᠦᠷᠢᠭ ᠤᠨ ᠣᠷᠣᠯᠭ᠎ᠠ ᠶᠢᠨ ᠨᠡᠮᠡᠭᠳᠡᠯ ᠠᠪᠴᠢᠷᠠᠬᠤ ᠪᠣᠯᠣᠨ᠎ᠠ︾ ᠬᠡᠵᠥ ᠶᠠᠷᠢᠭᠰᠠᠨ ᠨᠢ ᠦᠢᠯᠡᠳᠣᠯᠬᠡ ᠶᠢᠨ ᠬᠤᠪᠢ ᠳᠤ ᠦᠨᠡᠨᠳᠡᠢ᠃ ᠠᠷᠪᠠᠭᠠᠳ ᠵᠢᠯ ᠤᠨ ᠲᠣᠷᠰᠢ ᠬᠡᠳᠣᠨ ᠮᠢᠩᠭᠠᠨ ᠬᠤᠴᠠ ᠰᠢᠯᠢᠳᠡᠭᠵᠢᠬᠦᠯᠵᠥ ᠶᠠᠪᠣᠭ᠎ᠠ ᠲᠡᠷᠡ ᠮᠠᠯᠴᠢᠳ ᠲᠤ ᠪᠠᠨ ᠬᠡᠴᠢᠨᠡᠨ ᠶᠡᠭᠡ ᠮᠠᠯᠵᠢᠯ ᠤᠨ ᠣᠷᠣᠯᠭ᠎ᠠ ᠨᠡᠮᠡᠭᠳᠡᠬᠦᠯᠵᠥ ᠦᠭᠬᠦᠭᠰᠡᠨ ᠢ ᠪᠣᠳᠣᠭᠰᠠᠨ ᠬᠦᠮᠦᠨ ᠪᠠᠶᠢᠳᠠᠭ ᠶᠣᠮ ᠪᠣᠯ ᠤᠤ︖ ᠪᠣᠣ ᠮᠡᠳᠡ᠃ ᠲᠠᠯ᠎ᠠ  ᠶᠢᠨ ᠲᠣᠮᠳᠠ ᠰᠦᠨᠳᠡᠷᠯᠡᠭᠰᠡᠨ ᠲᠦᠰᠢ ᠠᠭᠤᠯᠠ ᠶᠢ ᠲᠦᠰᠢ ᠶᠢᠨ ᠬᠡᠯᠪᠡᠷᠢᠳᠡᠢ ᠬᠡᠵᠥ ᠨᠣᠳᠤᠭ ᠤᠨ ᠬᠦᠮᠦᠰ ᠮᠡᠳᠡᠳᠡᠭ ᠴᠣ᠋ ᠵᠦᠭ ᠪᠣᠯᠭᠠᠨ ᠠᠴᠠ ᠵᠢᠪᠡᠷᠯᠡᠬᠦ ᠵᠢᠬᠡᠬᠦᠨ ᠰᠠᠯᠬᠢᠨ ᠢ ᠬᠠᠯᠬᠠᠯᠠᠵᠥ᠂ ᠬᠦᠳᠡᠭᠡ ᠰᠢᠯᠢ ᠶᠢᠨ ᠮᠠᠯᠴᠢᠳ  ᠲᠤ ᠪᠠᠨ ᠨᠦᠮᠦᠷᠢ ᠪᠣᠯᠳᠠᠭ ᠢ ᠠᠩᠵᠠᠭᠠᠷᠠᠭᠰᠠᠨ ᠬᠦᠮᠦᠰ ᠴᠦᠬᠡᠨ ᠯᠡ ᠪᠠᠶᠢᠬ᠎ᠠ ᠳ᠋ᠠ᠂  ︽ᠠᠭᠤᠯᠠ ᠦᠨᠳᠣᠷ ᠲᠤ  ᠪᠠᠨ ᠪᠣᠰᠣ ᠰᠠᠬᠢᠭᠤᠰᠣ ᠲᠠᠢ ᠳᠤ ᠪᠠᠨ ᠰᠦᠷᠯᠢᠭ︾ ᠬᠡᠳᠡᠭ ᠪᠣᠶᠣ᠃    ᠬᠠᠯᠠᠭᠤᠨ ᠬᠤᠰᠢᠭᠤᠳᠣ ᠮᠠᠯ ᠰᠦᠷᠦᠭ ᠨᠢ ᠮᠢᠩᠭ᠎ᠠ ᠶᠢᠨ ᠲᠠᠪᠠᠭ᠎ᠠ ᠶᠢ ᠲᠠᠪᠠᠭᠰᠠᠨ ᠴᠣ᠋ ᠬᠠᠨ ᠬᠤᠷᠮᠣᠰᠳᠠ ᠶᠢᠨ ᠬᠤᠷ᠎ᠠ ᠪᠣᠷᠣᠭᠠᠨ ᠬᠤᠮᠰᠠᠳᠠᠭᠰᠠᠨ ᠠᠴᠠ ᠵᠠᠷᠣᠳᠠᠯ ᠰᠦᠢᠳᠬᠡᠯ ᠴᠣ᠋ ᠲᠣᠩ ᠶᠡᠭᠡ᠂ ᠬᠠᠶᠢᠷᠠᠯᠠᠵᠥ ᠦᠮᠴᠢᠷᠬᠡᠬᠦ ᠨᠣᠳᠤᠭ ᠪᠡᠯᠴᠢᠬᠡᠷ ᠴᠣ᠋ ᠣᠯᠠᠮ ᠲᠠᠪᠴᠢᠭᠤ ᠭᠠᠩᠳᠠᠭᠤ ᠪᠣᠯᠣᠭᠰᠠᠨ ᠠᠴᠠ ᠪᠠᠳᠣᠪᠡᠶᠡᠷ ᠲᠦᠯᠥᠪᠯᠡᠭᠡ ᠲᠠᠢ᠂ ᠠᠯᠬᠤᠮ ᠲᠠᠷᠠᠭ᠎ᠠ ᠲᠠᠢ ᠪᠠᠷ ᠨᠣᠳᠤᠭ ᠲᠠᠪᠳᠠᠬᠤ ᠵᠢᠷᠭᠤᠭᠠᠨ ᠮᠢᠩᠭᠠᠨ ᠰᠢᠪᠦᠬᠡᠨ ᠲᠣᠭᠤᠷᠡᠢ ᠶᠢ ᠪᠡᠯᠴᠢᠬᠡᠷ ᠰᠡᠷᠬᠦᠬᠡᠬᠦ ᠲᠠᠪᠣᠨ ᠵᠠᠭᠤᠨ ᠲᠣᠭᠤᠷᠡᠢ ᠪᠣᠯᠭᠠᠨ ᠦᠬᠡᠷᠡᠴᠢᠯᠡᠭᠰᠡᠨ ᠪᠢᠯᠡ᠃ ᠬᠠᠶᠢᠷᠠᠯᠠᠵᠥ ᠦᠰᠬᠡᠭᠰᠡᠨ ᠬᠠᠯᠠᠭᠤᠨ ᠬᠤᠰᠢᠭᠤᠳᠣ ᠮᠠᠯ ᠢᠶᠠᠨ ᠬᠤᠳᠠᠯᠳᠣᠨ᠎ᠠ ᠬᠡᠳᠡᠭ ᠬᠡᠴᠡᠬᠦᠣ ᠴᠣ᠋ ᠬᠠᠷᠠᠬᠤ ᠨᠢᠳᠣᠨ ᠴᠡᠴᠡᠬᠡᠢ ᠰᠢᠭ ᠬᠠᠶᠢᠷᠠᠳᠣ ᠨᠣᠳᠤᠭ ᠲᠡᠬᠦᠨ ᠠᠴᠠ ᠦᠨᠡᠳᠡᠢ ᠪᠠᠶᠢᠬᠤ ᠨᠢ ᠲᠠᠮᠵᠢᠭ ᠦᠬᠡᠢ᠃ 2005 ᠣᠨ ᠳᠤ 5000 ᠲᠦᠬᠦᠷᠢᠭ ᠢᠶᠠᠷ  ᠬᠠᠶᠢᠹᠦ᠋ᠲ᠋ᠧ ᠪᠣᠬ᠎ᠠ ᠬᠤᠳᠠᠯᠳᠣᠨ ᠠᠪᠴᠣ ᠦᠬᠡᠷ ᠤᠨ ᠡᠬᠦᠯᠳᠡᠷ ᠢᠶᠠᠨ ᠠᠭᠠᠵᠢᠮ ᠰᠠᠶᠢᠵᠢᠷᠠᠭᠤᠯᠵᠥ ᠡᠬᠢᠯᠡᠭᠰᠡᠨ ᠢᠶᠠᠨ 2007 ᠣᠨ ᠳᠤ ᠪᠣᠰᠣᠳ ᠭᠠᠵᠠᠷ ᠠᠴᠠ ᠰᠢᠯᠢᠳᠡᠭ ᠡᠬᠦᠯᠳᠡᠷ ᠤᠨ 14 ᠰᠢᠮᠧᠨ᠋ᠲ᠋ᠡᠷ ᠦᠨᠢᠶ᠎ᠡ ᠬᠤᠳᠠᠯᠳᠣᠨ ᠠᠪᠴᠣ ᠲᠣᠰᠬᠠᠢ ᠦᠬᠡᠷ ᠮᠠᠯᠵᠢᠬᠤ ᠲᠡᠰᠢ ᠵᠦᠭᠯᠡᠬᠦ ᠶᠢᠨ ᠵᠡᠷᠬᠡᠴᠡᠭᠡ ᠮᠠᠰᠢᠨ ᠬᠤᠳᠳᠤᠭ᠂ ᠠᠷᠪᠠᠨ ᠮᠣ᠋ ᠶᠢᠨ ᠨᠣᠭᠤᠭᠠᠨ ᠪᠣᠷᠳᠣᠭᠠᠨ ᠤ ᠰᠠᠭᠤᠷᠢᠨ ᠭᠠᠵᠠᠷ᠂ ᠲᠣᠯᠠᠭᠠᠨ ᠫᠧᠩ᠂ ᠠᠴᠢᠶᠠᠨ ᠤ ᠮᠠᠰᠢᠨ ᠵᠡᠷᠬᠡ ᠶᠢ ᠪᠦᠷᠢᠨᠰᠢᠬᠦᠯᠥᠭᠰᠡᠨ ᠪᠢᠯᠡ᠃2009 ᠣᠨ ᠳᠤ ︽ᠨᠠᠷᠠᠨᠪᠣᠯᠠᠭ ᠦᠷ᠎ᠡ ᠶᠢᠨ ᠮᠠᠯ ᠢ ᠰᠣᠩᠭᠤᠨ ᠪᠣᠶᠢᠵᠢᠭᠤᠯᠬᠤ ᠲᠣᠰᠬᠠᠢ ᠬᠤᠷᠰᠢᠶᠠᠵᠢᠯ︾ ᠢ ᠪᠠᠶᠢᠭᠤᠯᠣᠭᠰᠠᠨ ᠪᠦᠬᠡᠳ ᠲᠣᠰ ᠬᠤᠷᠰᠢᠶᠠᠵᠢᠯ ᠨᠢ 2015 ᠣᠨ ᠳᠤ ᠣᠷᠣᠨ ᠤ ᠲᠡᠰ ᠤᠨ ᠰᠢᠯᠢᠳᠡᠭ ᠬᠤᠷᠰᠢᠶᠠᠵᠢᠯ ᠪᠣᠯᠣᠭᠰᠠᠨ ᠪᠠᠶᠢᠨ᠎ᠠ᠃    ᠪᠠᠳᠣᠪᠡᠶᠡᠷ ᠣᠯᠠᠨ ᠵᠢᠯ ᠤᠨ ᠮᠠᠯᠵᠢᠯ ᠤᠨ ᠶᠠᠪᠣᠴᠠ ᠳᠤ ᠪᠠᠨ ᠮᠠᠯ ᠳᠤ ᠪᠠᠨ ᠬᠦᠷᠦᠯᠴᠡᠬᠦᠶᠢᠴᠠ ᠬᠡᠮᠵᠢᠶᠠᠨ ᠤ ᠪᠡᠯᠴᠢᠬᠡᠷ ᠪᠠᠶᠢᠬᠤ ᠶᠢ ᠣᠨᠴᠠ ᠴᠢᠬᠤᠯᠠᠴᠢᠯᠠᠳᠠᠭ ᠠᠴᠠ ᠪᠣᠰᠣᠳ ᠤᠨ 2 ᠲᠦᠮᠡᠨ ᠮᠣ᠋ ᠪᠡᠯᠴᠢᠬᠡᠷ ᠢ ᠦᠨᠳᠣᠷ ᠦᠨ᠎ᠠ  ᠪᠠᠷ ᠲᠦᠷᠢᠶᠡᠰᠣᠯᠠᠨ ᠬᠡᠷᠡᠭᠯᠡᠵᠥ ᠲᠦᠷᠪᠡᠨ ᠣᠯᠠᠷᠢᠯ ᠤᠨ ᠪᠡᠯᠴᠢᠬᠡᠷ ᠬᠠᠩᠭᠠᠮᠵᠢᠳᠡᠢ ᠪᠠᠶᠢᠭᠰᠠᠨ ᠠᠴᠠ ᠲᠡᠳᠡᠨ ᠤ ᠮᠠᠯ ᠰᠦᠷᠦᠭ ᠨᠢ ᠲᠠᠷᠭᠤ ᠰᠠᠶᠢᠳᠡᠢ ᠪᠣᠯᠬᠤᠷ ᠬᠤᠰᠢᠭᠤ ᠰᠣᠮᠣᠨ ᠤ ᠮᠠᠯ ᠤᠨ ᠰᠢᠯᠭᠠᠷᠠᠭᠤᠯᠥᠯᠳᠠ ᠳᠤ ᠣᠯᠠᠨ ᠣᠳᠠᠭ᠎ᠠ ᠲᠡᠷᠢᠬᠦᠯᠡᠨ᠂ ᠡᠵᠡᠨ ᠢᠶᠠᠨ ᠪᠠᠶᠠᠰᠬᠠᠭᠰᠠᠨ ᠪᠢᠯᠡ᠃ ᠡᠬᠦᠨ ᠠᠴᠠ ᠬᠡᠳᠣ ᠶᠢ ᠲᠣᠷᠠᠳᠪᠠᠯ 2007 ᠣᠨ ᠤ ᠪᠦᠬᠦ ᠬᠤᠰᠢᠭᠤᠨ ᠤ ᠬᠤᠶᠠᠳᠣᠭᠠᠷ ᠣᠳᠠᠭᠠᠨ ᠤ ᠰᠢᠯᠢᠳᠡᠭ ᠦᠬᠡᠷ ᠤᠨ ᠠᠳᠠᠯᠢᠳᠬᠠᠨ ᠰᠢᠯᠭᠠᠷᠠᠭᠤᠯᠥᠯᠳᠠ ᠳᠤ ᠲᠡᠬᠦᠨ ᠤ ᠬᠠᠶᠢᠹᠦ᠋ᠲ᠋ᠧ ᠪᠣᠬ᠎ᠠ ᠨᠢ ᠲᠡᠷᠢᠬᠦᠯᠡᠨ᠂ 2007 ᠣᠨ ᠳᠤ ᠬᠤᠶᠡᠷ ᠬᠤᠴᠠ ᠨᠢ ᠣᠷᠢᠶᠠᠩᠬᠠᠨ ᠬᠤᠴᠠᠨ ᠤ ᠠᠳᠠᠯᠢᠳᠬᠠᠨ ᠰᠢᠯᠭᠠᠷᠠᠭᠤᠯᠥᠯᠳᠠ ᠳᠤ ᠬᠤᠶᠠᠳᠣᠭᠠᠷ ᠲᠡᠰ ᠲᠤ ᠰᠢᠯᠭᠠᠷᠠᠵᠥ᠂ 2011 ᠣᠨ ᠳᠤ ᠪᠦᠬᠦ ᠠᠶᠢᠮᠠᠭ  ᠤᠨ ᠬᠤᠴᠠᠨ ᠤ ᠠᠳᠠᠯᠢᠳᠬᠠᠨ ᠰᠢᠯᠭᠠᠷᠠᠭᠤᠯᠥᠯᠳᠠ ᠳᠤ ᠭᠤᠷᠪᠠᠳᠣᠭᠠᠷ ᠲᠡᠰ ᠲᠤ ᠰᠢᠯᠭᠠᠷᠠᠵᠥ ᠪᠠᠶᠢᠭᠰᠠᠨ ᠪᠦᠬᠡᠳ ᠰᠣᠮᠣᠨ ᠱᠠᠳᠣᠨ ᠳᠤ ᠪᠠᠨ ᠣᠯᠠᠨ ᠣᠳᠠᠭ᠎ᠠ ᠲᠡᠰ ᠲᠤ ᠲᠣᠳᠣᠷᠠᠵᠥ ᠪᠠᠶᠢᠭᠰᠠᠨ ᠪᠢᠯᠡ᠃    ᠪᠠᠳᠣᠪᠡᠶᠡᠷ ᠠᠩᠬ᠎ᠠ 1997 ᠣᠨ ᠳᠤ ᠭᠠᠴᠠᠭᠠᠨ ᠤ ᠪᠠᠨ ᠪᠡᠯᠡ ᠮᠦᠩᠬᠦᠨ ᠤ ᠬᠠᠮᠢᠶᠡᠷᠣᠭᠴᠢ ᠪᠣᠯᠵᠥ ︽ᠠᠯᠪᠠᠨ︾ ᠠᠵᠢᠯ ᠳᠤ ᠣᠷᠣᠯᠴᠠᠭᠰᠠᠨ ᠢᠶᠠᠨ 2000 ᠣᠨ ᠳᠤ ᠠᠷᠠᠳ ᠣᠯᠠᠨ ᠤ ᠪᠠᠨ ᠨᠠᠶᠢᠳᠠᠯᠭ᠎ᠠ ᠪᠠᠷ 2006 ᠣᠨ ᠪᠣᠯᠳᠠᠯ᠎ᠠ ᠭᠠᠴᠠᠭᠠᠨ ᠲᠠᠷᠤᠭ᠎ᠠ ᠪᠣᠯᠣᠭᠰᠠᠨ ᠪᠦᠬᠡᠳ ᠰᠣᠮᠣᠨ ᠤ ᠠᠷᠠᠳ ᠤᠨ ᠲᠦᠯᠥᠬᠡᠯᠡᠭᠴᠢ᠂ 2007 ᠣᠨ  ᠠᠴᠠ ᠡᠬᠢᠯᠠᠨ ᠲᠦᠷᠪᠡᠨ ᠬᠤᠭᠤᠴᠠᠭ᠎ᠠ ᠬᠤᠰᠢᠭᠤ ᠣᠯᠣᠰ ᠲᠦᠷᠦ ᠶᠢᠨ ᠵᠦᠪᠯᠡᠯᠬᠡᠨ ᠤ ᠬᠡᠰᠢᠬᠦᠨ ᠪᠣᠯᠵᠥ ᠪᠠᠶᠢᠭ᠎ᠠ ᠪᠦᠬᠡᠳ ᠡᠬᠦᠨ ᠳᠤ ᠪᠠᠨ ᠬᠤᠶᠡᠷ ᠬᠤᠭᠤᠴᠠᠭ᠎ᠠ ᠨᠢ ᠪᠠᠶᠢᠩᠭᠤ ᠶᠢᠨ ᠬᠡᠰᠢᠬᠦᠨ ᠪᠣᠯᠵᠥ᠂ ︽ᠮᠠᠯᠴᠢᠳ ᠤᠨ ᠣᠷᠣᠯᠭ᠎ᠠ  ᠶᠢ ᠲᠡᠬᠡᠭᠰᠢᠯᠡᠬᠦᠯᠬᠦ ᠲᠣᠬᠠᠢ︾᠂ ︽ᠦᠷ᠎ᠡ ᠶᠢᠨ ᠮᠠᠯ ᠢ ᠡᠵᠡᠩᠨᠡᠬᠦ ᠲᠣᠬᠠᠢ︾ ᠵᠡᠷᠬᠡ ᠰᠠᠨᠠᠯ ᠲᠣᠷᠠᠳᠣᠯᠭ᠎ᠠ ᠨᠢ 2008 ᠣᠨ ᠤ ᠬᠤᠰᠢᠭᠤ ᠲᠡᠰ ᠤᠨ ᠰᠢᠯᠢᠳᠡᠭ ᠰᠠᠨᠠᠯ ᠲᠣᠷᠠᠳᠣᠯᠭ᠎ᠠ ᠪᠣᠯᠣᠭᠰᠠᠨ ᠪᠠᠶᠢᠨ᠎ᠠ᠃    ᠰᠠᠶᠢᠨ ᠬᠦᠮᠦᠰ ᠤᠨ ᠰᠢᠯᠢᠳᠡᠭ ᠵᠦᠢᠯᠡᠰ ᠢ ᠣᠷᠮᠠᠰᠢᠭᠤᠯᠳᠠᠭ ᠵᠢᠮ᠎ᠠ ᠪᠠᠷ ᠲᠡᠳᠡᠨ ᠤ ᠬᠢ ᠠᠪᠠᠭ᠎ᠠ ᠬᠤᠰᠢᠭᠤᠨ  ᠤ ᠨᠠᠮ ᠤᠨ ᠬᠤᠷᠢᠶ᠎ᠡ ᠵᠠᠰᠠᠭ ᠤᠨ ᠣᠷᠳᠣᠨ ᠠᠴᠠ ᠤᠯᠭᠤᠭᠰᠠᠨ ︽ᠨᠡᠶᠢᠬᠡᠮ ᠵᠢᠷᠣᠮᠳᠣ ᠰᠢᠨ᠎ᠠ ᠮᠠᠯᠵᠢᠬᠤ ᠣᠷᠣᠨ ᠢ ᠪᠦᠳᠦᠬᠡᠨ ᠪᠠᠶᠢᠭᠤᠯᠬᠤ ᠰᠣᠳᠣᠨ ᠡᠷᠣᠬᠡ︾᠂ ᠪᠦᠬᠦ ᠬᠤᠰᠢᠭᠤᠨ ᠤ ︽ᠬᠠᠮᠤᠭ ᠭᠤᠶᠣ ᠬᠡᠷ ᠪᠦᠯᠢ︾᠂ ᠠᠶᠢᠮᠠᠭ  ᠤᠨ ᠣᠶᠣᠨ ᠤ ᠪᠣᠯᠪᠠᠰᠣᠨ ᠤ ᠠᠯᠪᠠᠨ ᠬᠡᠷ ᠠᠴᠠ ᠣᠯᠭᠤᠭᠰᠠᠨ ︽ᠲᠠᠯ᠎ᠠ ᠨᠣᠳᠤᠭ ᠤᠨ ᠮᠢᠩᠭᠠᠨ ᠭᠠᠵᠠᠷ ᠤᠨ ᠬᠢᠯᠢ ᠬᠢᠵᠠᠭᠠᠷ ᠤᠨ ᠪᠣᠯᠪᠠᠰᠣᠨ ᠪᠦᠰᠠ ᠶᠢᠨ ᠪᠠᠶᠢᠭᠤᠯᠥᠯᠳᠠ ᠶᠢᠨ ᠠᠵᠢᠯᠯᠠᠭᠠᠨ ᠤ ᠠᠮᠣᠷ ᠲᠦᠪᠰᠢᠨ ᠤ ᠬᠤᠯᠪᠣᠭᠠᠯᠠᠨ ᠰᠡᠷᠬᠡᠶᠢᠯᠡᠭᠰᠡᠨ ᠵᠢᠱᠢᠶᠡᠴᠢ ᠡᠷᠣᠬᠡ︾᠂ ᠠᠪᠠᠭ᠎ᠠ ᠬᠤᠰᠢᠭᠤᠨ ᠤ ᠣᠬᠠᠭᠤᠯᠬᠤ ᠬᠡᠯᠳᠡᠰ ᠤᠨ ᠣᠶᠣᠨ ᠤ ᠪᠣᠯᠪᠠᠰᠣᠨ  ᠤ ᠠᠯᠪᠠᠨ ᠬᠡᠷ ᠠᠴᠠ ᠣᠯᠭᠤᠭᠰᠠᠨ ︽ᠣᠳᠣᠨ ᠲᠡᠰ ᠤᠨ ᠪᠣᠯᠪᠠᠰᠣᠨ ᠴᠢᠨᠡᠬᠡᠯᠢᠭ ᠡᠷᠣᠬᠡ︾ ᠵᠡᠷᠬᠡ ᠱᠠᠩᠨᠠᠯ ᠬᠦᠬᠢᠬᠦᠯᠥᠯ ᠲᠣᠰᠣᠭᠰᠠᠨ ᠪᠦᠬᠡᠳ ᠦᠪᠡᠷᠳᠡᠬᠡᠨ ᠪᠠᠰᠠ 2011 ᠣᠨ ᠳᠤ ᠠᠶᠢᠮᠠᠭ ᠤᠨ ᠡᠪᠯᠠᠯ ᠤᠨ ᠬᠤᠷᠢᠶᠠᠨ  ᠠᠴᠠ ᠣᠯᠭᠤᠭᠰᠠᠨ ︽ᠦᠢᠯᠡᠰ ᠪᠣᠰᠬᠠᠭᠰᠠᠨ ᠰᠣᠳᠣᠨ ᠵᠠᠯᠠᠭᠤ︾ ᠶᠢᠨ ᠢᠷᠡᠭᠤ ᠠᠯᠳᠡᠷ ᠢ ᠲᠣᠰᠣᠭᠰᠠᠨ ᠪᠠᠶᠢᠨ᠎ᠠ᠃ ᠠᠵᠢᠯᠴᠢ ᠮᠠᠯᠴᠢᠨ ᠪᠠᠳᠣᠪᠡᠶᠡᠷ ᠮᠠᠯ ᠪᠡᠯᠴᠢᠬᠡᠷ ᠤᠨ ᠲᠡᠩᠴᠡᠬᠦᠷᠢ ᠶᠢ ᠪᠠᠳᠣᠯᠠᠨ᠂ ᠮᠠᠯ ᠤᠨ ᠲᠤᠭ᠎ᠠ ᠲᠣᠯᠣᠭᠠᠢ ᠶᠢ ᠪᠠᠭᠠᠰᠬᠠᠭᠰᠠᠨ ᠴᠣ᠋ ᠣᠷᠣᠯᠭ᠎ᠠ ᠶᠢᠨ ᠨᠡᠮᠡᠭᠳᠡᠯ ᠢ ᠠᠬᠢᠭᠤᠯᠬᠤ ᠶᠢᠨ ᠲᠦᠯᠥᠬᠡ 2021 ᠣᠨ ᠳᠤ ᠦᠪᠡᠷᠳᠡᠬᠡᠨ 100 ᠲᠦᠮᠡᠨ ᠲᠦᠬᠦᠷᠢᠭ ᠤᠨ ᠪᠡᠯᠡ ᠮᠦᠩᠬᠦ ᠭᠠᠷᠭᠠᠵᠥ᠂ ᠠᠦ᠋ᠰᠲᠷᠡᠯᠢᠶ᠎ᠡ ᠣᠯᠣᠰ ᠠᠴᠠ ᠰᠢᠯᠢᠳᠡᠭ ᠰᠠᠶᠢᠨ ᠡᠬᠦᠯᠳᠡᠷ ᠤᠨ ᠰᠢᠮᠧᠨ᠋ᠲ᠋ᠡᠷ ᠦᠬᠡᠷ 30 ᠶᠢ ᠣᠷᠣᠭᠤᠯᠵᠥ᠂ ᠦᠬᠡᠷ ᠤᠨ ᠡᠬᠦᠯᠳᠡᠷ ᠢᠶᠠᠨ ᠰᠠᠶᠢᠵᠢᠷᠠᠭᠤᠯᠣᠭᠰᠠᠨ ᠤ ᠬᠠᠮᠳᠣ ᠪᠠᠰᠠ 2021 ᠣᠨ ᠠᠴᠠ ᠡᠬᠢᠯᠠᠨ 270 ᠲᠦᠮᠡᠨ ᠲᠦᠬᠦᠷᠢᠭ ᠤᠨ ᠪᠡᠯᠡ ᠵᠠᠷᠣᠴᠠᠭᠤᠯᠣᠨ᠂ 2500 ᠬᠠᠪᠳᠠᠭᠠᠢ ᠲᠦᠷᠪᠡᠯᠵᠢᠨ ᠮᠧᠲᠷ ᠤᠨ ᠲᠣᠯᠠᠭᠠᠨ ᠫᠧᠩ᠂ 2000 ᠬᠠᠪᠳᠠᠭᠠᠢ ᠲᠦᠷᠪᠡᠯᠵᠢᠨ ᠮᠧᠲᠷ ᠤᠨ ᠡᠪᠡᠰᠣ ᠬᠠᠳᠠᠭᠠᠯᠠᠵᠥ ᠨᠦᠬᠡᠴᠡᠯᠡᠬᠦ ᠫᠧᠩ᠂ 500 ᠬᠠᠪᠳᠠᠭᠠᠢ ᠲᠦᠷᠪᠡᠯᠵᠢᠨ ᠮᠧᠲᠷ ᠤᠨ ᠡᠪᠡᠰᠣ ᠪᠣᠷᠳᠤᠭ᠎ᠠ ᠨᠠᠶᠢᠷᠠᠭᠤᠯᠬᠤ ᠫᠧᠩ᠂ 5000 ᠬᠠᠪᠳᠠᠭᠠᠢ ᠲᠦᠷᠪᠡᠯᠵᠢᠨ ᠮᠧᠲᠷ ᠤᠨ ᠮᠠᠯ ᠤᠨ ᠬᠤᠷᠤᠭ᠎ᠠ ᠵᠢᠴᠢ ᠦᠬᠡᠷ ᠲᠤ ᠲᠠᠷᠢᠯᠭ᠎ᠠ ᠬᠢᠬᠦ᠂ ᠴᠢᠳᠬᠤᠯᠳᠠ ᠬᠢᠬᠦ ᠵᠡᠷᠬᠡ ᠶᠢ ᠢᠵᠢ ᠪᠦᠷᠢᠳᠦᠬᠦᠯᠥᠨ ︽ᠨᠠᠷᠠᠨᠪᠣᠯᠠᠭ ᠦᠷ᠎ᠡ ᠶᠢᠨ ᠮᠠᠯ ᠰᠣᠩᠭᠤᠨ ᠪᠣᠶᠢᠵᠢᠭᠤᠯᠬᠤ ᠲᠣᠰᠬᠠᠢ ᠬᠤᠷᠰᠢᠶᠠᠵᠢᠯ︾ ᠤᠨ ᠰᠠᠭᠤᠷᠢ ᠪᠦᠳᠦᠬᠡᠨ ᠪᠠᠶᠢᠭᠤᠯᠥᠯᠳᠠ ᠶᠢ ᠲᠡᠬᠦᠯᠳᠡᠷᠵᠢᠬᠦᠯᠵᠥ᠂ ᠦᠬᠡᠷ ᠨᠠᠶᠢᠳᠠᠨ ᠲᠡᠵᠢᠬᠡᠬᠦ ᠬᠤᠷᠰᠢᠶᠠᠵᠢᠯ ᠪᠠᠶᠢᠭᠤᠯᠣᠨ᠂  ᠮᠠᠯᠴᠢᠨ ᠲᠦᠮᠡᠨ ᠳᠤ ᠪᠠᠨ ᠪᠣᠳᠡᠳᠡᠢ ᠠᠰᠢᠭ ᠬᠦᠷᠳᠡᠬᠡᠵᠥ ᠪᠠᠶᠢᠨ᠎ᠠ᠃    2021 ᠣᠨ ᠳᠤ ᠲᠣᠰ ᠭᠠᠴᠠᠭᠠᠨ ᠤ ᠪᠠᠨ 8 ᠡᠷᠣᠬᠡ ᠶᠢᠨ 150 ᠦᠬᠡᠷ ᠢ 4 ᠰᠠᠷ᠎ᠠ ᠲᠡᠵᠢᠬᠡᠵᠥ᠂ 2022 ᠣᠨ ᠳᠤ 5 ᠡᠷᠣᠬᠡ ᠶᠢᠨ 100 ᠭᠠᠷᠤᠢ ᠦᠬᠡᠷ ᠢ ᠲᠦᠪᠯᠡᠷᠡᠬᠦᠯᠥᠨ ᠲᠡᠵᠢᠬᠡᠭᠰᠡᠨ ᠪᠠᠶᠢᠨ᠎ᠠ᠃ ᠡᠬᠦᠨ ᠤ ᠲᠣᠬᠠᠢ ᠪᠠᠳᠣᠪᠡᠶᠡᠷ᠄ ︽ᠡᠪᠣᠯ ᠬᠠᠪᠣᠷ ᠤᠨ ᠴᠠᠭ ᠲᠤ ᠬᠦᠳᠡᠯᠮᠣᠷᠢ ᠬᠦᠴᠦ ᠮᠠᠭᠤᠳᠡᠢ᠂ ᠪᠡᠯᠴᠢᠬᠡᠷ ᠡᠪᠡᠰᠣ ᠲᠠᠴᠢᠷ᠂ ᠴᠠᠰᠣ ᠵᠣᠳ ᠶᠡᠭᠡ ᠦᠶ᠎ᠡ ᠳᠤ ᠮᠠᠯᠵᠢᠬᠤ ᠡᠷᠣᠬᠡ ᠶᠢᠨ ᠬᠦᠳᠡᠯᠮᠣᠷᠢ ᠬᠦᠴᠦ᠂ ᠨᠦᠬᠡᠴᠠ ᠪᠡᠯᠴᠢᠬᠡᠷ ᠲᠤ ᠠᠷᠪᠢᠳᠡᠢ ᠪᠦᠬᠡᠳ ᠮᠠᠯ ᠤᠨ ᠲᠠᠷᠭᠤ ᠬᠦᠴᠦ ᠶᠢ ᠬᠠᠮᠠᠭᠠᠯᠠᠵᠥ ᠲᠠᠶᠢᠯᠥᠨ᠎ᠠ᠃ ᠡᠪᠣᠯ ᠤᠨ 11 ᠰᠠᠷ᠎ᠠ ᠶᠢᠨ ᠲᠣᠮᠳᠠᠴᠢ ᠠᠴᠠ ᠲᠠᠷᠠᠭ᠎ᠠ ᠵᠢᠯ ᠤᠨ ᠬᠢᠨᠢ 3 ᠰᠠᠷ᠎ᠠ ᠶᠢᠨ ᠲᠣᠮᠳᠠᠴᠢ ᠪᠣᠯᠬᠤ ᠳᠤ ᠬᠦᠢᠳᠡᠨ ᠤ ᠡᠷᠴᠢ ᠦᠩᠬᠡᠷᠡᠬᠦ ᠪᠣᠯᠬᠤᠷ ᠮᠠᠯ ᠪᠠ ᠮᠠᠯᠴᠢᠳ ᠤᠨ ᠲᠣᠰ ᠪᠡᠶ᠎ᠡ ᠳᠤ ᠠᠰᠢᠭᠳᠡᠢ︾ ᠬᠡᠵᠥ ᠶᠠᠷᠢᠵᠥ ᠪᠠᠶᠢᠭᠰᠠᠨ ᠪᠦᠬᠡᠳ 2023 ᠣᠨ ᠤ ᠴᠠᠰᠣ ᠵᠣᠳ ᠶᠡᠭᠡ᠂ ᠮᠠᠯ ᠤᠨ ᠦᠨ᠎ᠠ ᠲᠣᠣᠷ᠎ᠠ᠂ ᠡᠪᠡᠰᠣ ᠪᠤᠷᠳᠤᠭ᠎ᠠ ᠦᠨᠡᠳᠡᠢ ᠵᠡᠷᠬᠡ ᠪᠠᠶᠢᠳᠠᠯ ᠳᠤ ᠴᠢᠭᠯᠡᠬᠦᠯᠥᠨ᠂ ᠨᠠᠮᠣᠷ ᠨᠢ 100 ᠰᠢᠬᠠᠮ ᠲᠦᠮᠡᠨ ᠲᠦᠬᠦᠷᠢᠭ ᠵᠠᠷᠣᠴᠠᠭᠤᠯᠣᠨ ᠬᠦᠯᠥᠨ ᠪᠣᠶᠢᠷ ᠬᠤᠳᠠ ᠶᠢᠨ ᠰᠢᠨ᠎ᠠ ᠪᠠᠷᠭᠤ ᠵᠡᠬᠦᠨ ᠬᠤᠰᠢᠭᠤ᠂ ᠰᠢᠨ᠎ᠠ ᠪᠠᠷᠭᠤ ᠪᠠᠷᠠᠭᠤᠨ ᠬᠤᠰᠢᠭᠤ ᠵᠡᠷᠬᠡ ᠭᠠᠵᠠᠷ ᠣᠷᠣᠨ ᠠᠴᠠ 500 ᠲᠣᠨ ᠡᠪᠡᠰᠣ ᠠᠪᠴᠢᠷᠠᠨ ᠨᠦᠬᠡᠴᠡᠯᠡᠭᠰᠡᠨ  ᠤ ᠬᠠᠮᠳᠣ ᠰᠢᠯᠥᠭᠤᠨ ᠬᠦᠬᠡ ᠬᠤᠰᠢᠭᠤ ᠠᠴᠠ 500 ᠲᠣᠨ ᠨᠣᠭᠤᠭᠠᠨ ᠪᠣᠷᠳᠤᠭ᠎ᠠ ᠠᠪᠴᠢᠷᠠᠨ ᠲᠠᠷᠤᠰᠢᠭᠤᠯᠵᠦ᠂ ᠦᠩᠬᠡᠷᠡᠬᠦ ᠡᠪᠣᠯ ᠤᠨ ᠬᠠᠳᠠᠭᠤ ᠴᠠᠭ ᠲᠤ ᠡᠪᠡᠰᠣ ᠪᠣᠷᠳᠤᠭ᠎ᠠ ᠲᠣᠳᠠᠭᠳᠠᠭᠰᠠᠨ ᠰᠣᠮᠣ ᠭᠠᠴᠠᠭᠠᠨ ᠤ ᠲᠠᠯᠠᠭᠠᠳ ᠮᠠᠯᠴᠢᠳ ᠲᠤ ᠪᠠᠨ ᠬᠢᠮᠳᠠᠬᠠᠨ ᠦᠨ᠎ᠠ ᠪᠠᠷ ᠬᠠᠩᠭᠠᠭᠰᠠᠨ ᠢᠶᠠᠷ ᠪᠦᠬᠦ ᠮᠠᠯᠵᠢᠬᠤ ᠡᠷᠣᠬᠡ ᠳᠤ ᠪᠠᠨ ᠪᠠᠷᠤᠭ ᠲᠠᠪᠢᠭᠠᠳ ᠲᠦᠮᠡᠨ ᠲᠦᠬᠦᠷᠢᠭ ᠤᠨ ᠠᠰᠢᠭ ᠬᠦᠷᠳᠡᠬᠡᠬᠦ ᠶᠢᠨ ᠬᠠᠮᠳᠣ ᠪᠠᠰᠠ ᠦᠷᠬᠡᠨ ᠣᠯᠠᠨ ᠮᠠᠯᠴᠢᠳ ᠤᠨ ᠢᠶᠠᠨ ᠮᠠᠯᠵᠢᠬᠤ ᠦᠢᠯᠡᠳᠪᠦᠷᠢᠯᠠᠯ ᠳᠤ ᠲᠣᠩ ᠶᠡᠭᠡ ᠲᠦᠬᠦᠮ ᠦᠵᠡᠬᠦᠯᠥᠭᠰᠡᠨ ᠶᠤᠮ᠃    ᠲᠦᠰᠢ ᠠᠭᠤᠯᠠ ᠰᠢᠭ᠋ ᠢᠶᠠᠨ ᠬᠠᠨᠠᠭᠠᠷ ᠲᠦᠷᠦᠭᠰᠡᠨ ᠪᠠᠳᠣᠪᠡᠶᠡᠷ ᠶᠣᠰᠣᠳᠡᠢ ᠮᠣᠩᠭᠤᠯ ᠬᠦᠮᠦᠨ ᠤ ︽ᠨᠡᠶᠢᠷ  ᠲᠤ ᠭᠤᠷᠪᠠᠨ ᠲᠠᠭᠤᠣ ᠲᠠᠢ᠂ ᠨᠠᠭᠠᠳᠣᠮ ᠳᠤ ᠭᠤᠷᠪᠠᠨ ᠲᠠᠪᠠᠭ᠎ᠠ ᠲᠠᠢ︾ ᠭᠡᠳᠡᠭ ᠤᠨ ᠶᠤᠰᠤ ᠪᠠᠷ 1991 ᠣᠨ  ᠳᠤ ᠠᠩᠬ᠎ᠠ ᠵᠠᠯᠠᠭᠤᠴᠣᠳ ᠤᠨ ᠨᠡᠶᠢᠷ ᠲᠤ ᠵᠣᠳᠣᠭᠯᠠᠭᠰᠠᠨ ᠠᠴᠠ ᠡᠬᠢᠯᠡᠨ ᠬᠦᠳᠡᠭᠡ ᠨᠣᠳᠤᠭ ᠤᠨ ᠨᠠᠰᠣᠨ ᠪᠡᠶᠡᠷ᠂ ᠬᠡᠣᠬᠡᠳ ᠤᠨ ᠦᠷᠪᠤᠭᠡᠨ ᠨᠡᠶᠢᠷ᠂ ᠣᠪᠣᠭᠠᠨ ᠲᠠᠬᠢᠯᠭ᠎ᠠ ᠵᠡᠷᠬᠡ ᠳᠤ ᠣᠯᠠᠨ ᠣᠳᠠᠭ᠎ᠠ ᠦᠬᠡᠳᠡ ᠬᠡᠶᠢᠮᠣᠷᠢ ᠲᠠᠢ ᠪᠠᠷᠢᠯᠳᠣᠵᠥ ᠶᠠᠪᠣᠭᠰᠠᠨ ᠪᠣᠯᠬᠤᠷ 1997 ᠣᠨ ᠳᠤ ᠨᠠᠷᠠᠨᠪᠣᠯᠠᠭ ᠰᠣᠮᠣᠨ ᠤ ᠠᠷᠠᠳ ᠤᠨ ᠶᠡᠭᠡ ᠨᠡᠶᠢᠷ ᠲᠤ ᠵᠠᠰᠠᠭ  ᠤᠨ ᠵᠠᠩᠬᠢᠶ᠎ᠡ ᠣᠯᠭᠤᠭᠰᠠᠨ ᠪᠢᠯᠡ᠃ ᠮᠣᠩᠭᠤᠯ ᠡᠷ᠎ᠡ ᠪᠣᠯᠭᠠᠨ ︽ᠣᠪᠣᠭᠠᠨ ᠳᠤ ᠲᠣᠭᠤᠰᠣ ᠪᠠᠨ ᠡᠷᠬᠦᠨ᠎ᠠ︾ ᠬᠡᠵᠥ ᠪᠠᠷᠢᠯᠳᠣᠳᠠᠭ ᠨᠢ ᠨᠣᠳᠤᠭ ᠣᠰᠣᠨ ᠤ ᠨᠠᠪᠳᠠᠭ ᠰᠠᠪᠳᠠᠭ ᠢᠶᠠᠨ ᠪᠠᠶᠠᠰᠬᠠᠵᠥ ᠪᠠᠶᠢᠭ᠎ᠠ ᠶᠠᠪᠣᠳᠠᠯ ᠨᠢ ᠮᠦᠨ ᠴᠢᠨᠡᠷ ᠲᠡᠬᠡᠷ᠎ᠡ ᠪᠠᠨ ᠦᠪᠡᠷ ᠤᠨ ᠣᠷᠣᠰᠢᠨ ᠠᠮᠢᠳᠣᠷᠠᠵᠥ ᠪᠠᠶᠢᠭ᠎ᠠ ᠨᠣᠳᠤᠭ ᠣᠰᠣ ᠪᠠᠨ ᠬᠠᠶᠢᠷᠠᠯᠠᠨ ᠦᠮᠴᠢᠷᠬᠡᠵᠥ ᠪᠠᠶᠢᠭ᠎ᠠ  ᠶᠢᠨ ᠢᠯᠡᠷᠡᠯ ᠪᠢᠯᠡ᠃ ᠲᠡᠷᠡ ᠮᠠᠨᠢ ᠪᠠᠰᠠ 2018 ᠣᠨ ᠳᠤ ᠰᠦᠨᠢᠳ ᠵᠡᠬᠦᠨ ᠬᠤᠰᠢᠭᠤᠨ ᠤ ᠪᠠᠶ᠋ᠬᠠᠭᠤᠯᠠ ᠰᠣᠮᠣᠨ ᠤ ᠷᠠᠰᠢᠶᠠᠨ ᠭᠠᠴᠠᠭᠠᠨ ᠤ ᠬᠡᠣᠬᠡᠳ ᠤᠨ ᠦᠷᠪᠦᠬᠡᠨ ᠨᠡᠶᠢᠷ ᠤᠨ ᠨᠣᠮᠣ ᠰᠣᠮᠣᠨ ᠤ ᠬᠠᠷᠪᠣᠭᠠᠨ ᠳᠤ ᠲᠡᠳ᠋ᠯᠡᠵᠥ᠂ 2019 ᠣᠨ ᠳᠤ ᠵᠢᠷᠭᠠᠯᠠᠩᠳᠣ ᠭᠠᠴᠠᠭᠠᠨ ᠤ ᠬᠤᠸᠠ ᠣᠪᠣᠭᠠᠨ ᠲᠠᠬᠢᠯᠭ᠎ᠠ ᠶᠢᠨ ᠰᠣᠷ ᠬᠠᠷᠪᠣᠯᠳᠠ ᠳᠤ ᠲᠠᠷᠢᠬᠦᠯᠡᠵᠥ ᠶᠠᠪᠤᠭᠰᠠᠨ ᠵᠡᠷᠭᠡ ᠦᠩᠭᠡᠷᠡᠯᠳᠡ ᠨᠢ ᠶᠣᠰᠣᠳᠡᠢ ᠨᠡᠶᠢᠷ ᠲᠤ ᠭᠤᠷᠪᠠᠨ ᠲᠠᠭᠤᠣ ᠲᠠᠢ ᠨᠠᠭᠠᠳᠣᠮ ᠳᠤ ᠭᠤᠷᠪᠠᠨ ᠲᠠᠪᠠᠭ᠎ᠠ ᠲᠠᠢ ᠮᠣᠩᠭᠤᠯ ᠨᠣᠳᠤᠭ ᠤᠨ ᠵᠢᠩᠬᠢᠨᠢ ᠡᠷ᠎ᠡ ᠶᠢ ᠬᠠᠷᠠᠭᠤᠯᠤᠨ᠎ᠠ᠃ᠡᠬᠡ ᠣᠷᠣᠨ ᠤ ᠮᠢᠨᠢ ᠣᠮᠠᠷᠠᠳᠣ ᠬᠢᠯᠢ ᠳᠤ ᠨᠣᠭᠤᠷᠠᠰᠢ ᠦᠬᠡᠢ ᠰᠦᠨᠳᠡᠷᠯᠡᠨ ᠰᠡᠬᠦᠶᠢᠵᠥ ᠪᠠᠶᠢᠭ᠎ᠠ ᠲᠦᠰᠢ ᠠᠭᠤᠯᠠ  ᠶᠢᠨ ᠬᠤᠯᠠ ᠶᠢᠨ ᠪᠡᠷ᠎ᠡ ᠴᠡᠩᠬᠡᠷᠯᠡᠨ ᠬᠠᠷᠠᠭᠳᠠᠨ᠎ᠠ᠃ ᠨᠣᠳᠤᠭ ᠣᠰᠣᠨ ᠤ ᠬᠦᠮᠦᠨ ᠵᠣᠨ ᠤ ᠪᠠᠨ ᠰᠡᠳᠬᠢᠯ ᠳᠤ ︽ᠲᠦᠰᠢ︾ ᠠᠭᠤᠯᠠ ᠰᠢᠭ᠋ ᠢᠶᠠᠨ ᠲᠦᠰᠢᠭ ᠨᠢ ᠪᠣᠯᠵᠥ ᠶᠠᠪᠣᠭ᠎ᠠ ᠪᠠᠳᠣᠪᠡᠶᠡᠷ ᠰᠢᠨ᠎ᠠ ᠴᠠᠭ ᠦᠶ᠎ᠡ ᠶᠢᠨ ᠬᠠᠳᠠᠭᠤ ᠰᠢᠯᠭᠠᠯᠳᠠ ᠳᠤ ᠣᠯᠠᠮ ᠢᠯᠡᠬᠦᠣ ᠴᠢᠷᠮᠡᠶᠢᠨ ᠠᠵᠢᠯᠯᠠᠵᠥ᠂ ᠠᠷᠠᠳ ᠲᠦᠮᠡᠨ ᠤ ᠪᠠᠨ ᠵᠢᠩᠬᠢᠨᠢ ᠨᠢᠬᠡᠨ ᠰᠡᠳᠬᠢᠯ ᠤᠨ ᠲᠦᠰᠢᠭ᠂ ᠰᠠᠨᠠᠭᠠᠨ ᠤ ᠬᠠᠨᠢ ᠪᠣᠯᠬᠤ ᠪᠠᠷ  ᠮᠡᠷᠡᠶᠢᠵᠥ ᠶᠠᠪᠣᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号