ᠦᠨᠦ ᠵᠢᠯ ᠨᠠᠷᠠᠨᠪᠤᠯᠠᠭ ᠰᠤᠮᠤᠨ ᠤ ᠡᠷᠳᠡᠨᠢᠡᠤᠪᠤᠭ᠎ᠠ ᠭᠠᠴᠠᠭᠠᠨ ᠤ ᠮᠠᠯᠴᠢᠨ ᠲᠡᠭᠦᠰᠪᠠᠶᠠᠷ ᠰᠢᠪᠠᠭ᠎ᠠ ᠲᠠᠳᠠᠨ᠂ | ᠭᠠᠴᠠᠭᠠᠨ ᠤ ᠪᠠᠨ 1 ᠲᠦᠮᠡ 8000 ᠮᠤ᠋ ᠬᠠᠮᠳᠦ ᠶᠢᠨ ᠬᠠᠳᠤᠯᠠᠩ ᠤᠨ ᠨᠤᠳᠤᠭ ᠢ ᠲᠦᠷᠢᠶᠡᠰᠦᠯᠡᠬᠦ ᠡᠷᠭᠡ ᠢ | ᠤᠯᠵᠦ᠂ ᠵᠤᠷᠰᠢᠯ ᠶᠤᠰᠤᠭᠠᠷ ᠰᠠᠨᠠᠭ᠎ᠠ ᠪᠤᠳᠤᠯ ᠨᠢᠭᠡᠳᠦᠭᠰᠡᠨ ᠭᠠᠴᠠᠭᠠᠨ ᠤ ᠪᠠᠨ ᠪᠤᠰᠤᠳ ᠵᠢᠷᠭᠤᠭᠠᠨ ᠮᠠᠯᠴᠢᠨ | ᠡᠷᠦᠬᠡ ᠲᠠᠢ ᠪᠠᠨ ᠬᠠᠮᠵᠢᠯᠴᠠᠨ᠂ 17 ᠲᠦᠮᠡᠨ ᠲᠦᠭᠦᠷᠢᠭ ᠤᠨ ᠲᠦᠷᠢᠶᠡᠰᠦᠨ ᠮᠦᠩᠬᠦ ᠪᠠᠨ ᠬᠤᠪᠢᠶᠠᠷᠢᠯᠠᠨ | ᠲᠤᠭᠠᠴᠠᠯᠠᠵᠦ᠂ 8000 ᠮᠦ ᠠᠴᠠ ᠨᠢ 266 ᠲᠤᠨ ᠡᠪᠡᠰᠦ ᠬᠠᠳᠤᠨ᠂ ᠲᠤᠯᠤᠭᠠᠨ ᠡᠷᠦᠭᠡ᠂ ᠡᠷᠦᠭᠡ ᠪᠦᠷᠢ | 800 ᠵᠢᠩ ᠤᠨ 152 ᠪᠤᠭᠤᠯᠲᠠ ᠡᠪᠡᠰᠦ ᠬᠤᠪᠢᠳᠠᠵᠤ ᠤᠯᠤᠭᠰᠠᠨ ᠪᠠᠶᠢᠨ᠎ᠠ᠃ ᠡᠬᠦᠨ ᠢᠶᠠᠷ ᠪᠠᠷᠠᠬᠤ ᠦᠭᠡᠢ᠂ | ᠦᠯᠡᠳᠡᠭᠰᠡᠨ 1 ᠲᠦᠮᠡᠨ ᠮᠤ᠋ ᠨᠤᠳᠤᠭ ᠲᠤᠨᠢ 7 ᠰᠠᠷ᠎ᠠ ᠶᠢᠨ 1 ᠤ ᠡᠳᠦᠷ ᠠᠴᠠ 10 ᠰᠠᠷ᠎ᠠ ᠶᠢᠨ 20 ᠤ ᠡᠳᠦᠷ | ᠪᠤᠯᠳᠠᠯ᠎ᠠ ᠳᠤᠯᠤᠭᠠᠨ ᠠᠶᠢᠯ ᠤᠨ ᠨᠢᠭᠡ ᠠᠶᠢᠯ ᠤᠨ 60 ᠦᠬᠡᠷ ᠤᠷᠤᠭᠤᠯᠤᠨ᠂ ᠵᠤᠨ ᠭᠠᠩᠳᠠᠭᠰᠠᠨ ᠪᠠᠯᠴᠢᠭᠡᠷ ᠢᠶᠠᠨ | ᠭᠠᠮᠨᠠᠵᠦ ᠴᠢᠳᠠᠭᠰᠠᠨ ᠮᠦᠷᠳᠡᠭᠡᠨ ᠮᠠᠯ ᠤᠨ ᠢᠶᠠᠨ ᠲᠠᠷᠭᠤ ᠬᠦᠴᠦ ᠶᠢ ᠴᠦ ᠪᠠᠳᠤᠯᠠᠵᠦ ᠴᠢᠳᠠᠭᠰᠠᠨ ᠪᠠᠶᠢᠯ᠎ᠠ᠃ | ︽ᠮᠠᠨ ᠤ ᠬᠢ ᠶᠡᠷᠦᠳᠡᠭᠡᠨ ᠨᠥᠭᠦᠭᠡ ᠵᠢᠷᠭᠤᠭᠠᠨ ᠠᠶᠢᠯ ᠤᠨ ᠬᠦᠮᠦᠰ ᠲᠠᠢ ᠪᠠᠨ ᠰᠠᠶᠢᠬᠠᠨ ᠶᠠᠪᠤᠯᠴᠠᠳᠠᠭ᠂ | ᠬᠠᠮᠲᠤ ᠶᠢᠨ ᠬᠠᠳᠤᠯᠠᠩ ᠢ ᠬᠠᠳᠤᠬᠤ ᠳᠤ ᠮᠠᠨ ᠤ ᠬᠢ ᠬᠠᠳᠤᠯᠠᠩ ᠤᠨ ᠮᠠᠰᠢᠨ᠂ ᠵᠥᠭᠡᠭᠡᠪᠦᠷᠢ ᠶᠢᠨ ᠮᠠᠰᠢᠨ ᠢ | ᠬᠠᠷᠢᠴᠠᠵᠤ ᠳᠦᠷᠢᠶᠡᠰᠦᠯᠡᠭᠰᠡᠨ᠃ ᠪᠦᠬᠦ ᠠᠵᠢᠯ ᠤᠨ ᠶᠠᠪᠤᠴᠠ ᠳᠠᠬᠢ ᠳᠠᠩᠰᠠ ᠬᠠᠷ᠎ᠠ ᠶᠢ ᠤᠷᠴᠢᠯᠠᠩ | ᠬᠠᠮᠢᠶᠠᠷᠤᠭᠰᠠᠨ᠂ ᠡᠭᠦᠨ ᠠᠴᠠ ᠭᠠᠳᠠᠨᠠᠬᠢ ᠠᠷ ᠰᠠᠷ ᠶᠠᠪᠤᠳᠠᠯ ᠢ ᠪᠢᠳᠡ ᠪᠦᠷ ᠶᠠᠷᠢᠯᠴᠠᠨ ᠪᠠᠶᠢᠵᠤ ᠰᠢᠯᠤᠭᠤᠬᠠᠨ | ᠰᠢᠢᠳᠪᠦᠷᠢᠯᠡᠭᠰᠡᠨ︾ ᠭᠡᠵᠦ ᠲᠡᠭᠦᠰᠪᠠᠶᠠᠷ ᠬᠠᠮᠵᠢᠯᠴᠠᠨ ᠠᠵᠢᠯᠯᠠᠭᠰᠠᠨ ᠲᠤᠬᠠᠢ ᠪᠠᠨ ᠶᠠᠷᠢᠨ᠎ᠠ᠃ | ︽ᠡᠪᠦᠯ ᠶᠡᠷᠦᠳᠡᠭᠡᠨ ᠬᠦᠢᠲᠡᠨ ᠮᠦᠷᠲᠡᠯ᠎ᠡ ᠬᠠᠮᠲᠤ ᠶᠢᠨ ᠬᠠᠳᠤᠯᠠᠩ ᠳᠡᠭᠡᠷ᠎ᠡ ᠫᠧᠩ ᠬᠤᠷᠤᠭ᠎ᠠ ᠭᠡᠵᠦ ᠪᠠᠶᠢᠬᠤ | ᠦᠭᠡᠢ ᠪᠤᠯᠬᠤᠷ ᠵᠢᠯ ᠵᠢᠯ ᠤᠨ ᠬᠠᠮᠲᠤ ᠶᠢᠨ ᠬᠠᠳᠤᠯᠠᠩ ᠢ ᠳᠦᠷᠢᠶᠡᠰᠦᠯᠡᠭᠰᠡᠨ ᠠᠶᠢᠯ ᠴᠦᠮ ᠬᠦᠢᠲᠡᠨ ᠣᠷᠣᠬᠤ ᠪᠠᠷ | ᠬᠠᠮᠲᠤ ᠶᠢᠨ ᠬᠠᠳᠤᠯᠠᠩ ᠳᠤ ᠤᠷᠤᠭᠤᠯᠤᠭᠰᠠᠨ ᠮᠠᠯ ᠢᠶᠠᠨ ᠭᠠᠷᠭᠠᠵᠤ ᠠᠪᠳᠠᠭ︾ ᠭᠡᠵᠦ ᠲᠡᠬᠦᠰᠪᠠᠶᠠᠷ ᠤᠨ ᠭᠡᠷᠭᠡᠢ | ᠲᠢᠩᠰᠧᠮᠠ ᠶᠠᠷᠢᠨ᠎ᠠ᠃ | ᠡᠨᠡ ᠪᠤᠯ ᠡᠷᠳᠡᠨᠢᠠᠤᠪᠤᠭ᠎ᠠ ᠭᠠᠴᠠᠭᠠᠨ ᠤ ᠮᠠᠯᠴᠢᠨ ᠲᠡᠬᠦᠰᠪᠠᠶᠠᠷ᠂ ᠤᠷᠴᠢᠯᠠᠩ᠂ ᠬᠦᠰᠡᠯᠡᠩ᠂ ᠪᠤᠶᠠᠨᠴᠤᠭᠯᠠ ᠳᠤ | ᠠᠪᠴᠦ ᠬᠡᠯᠡᠪᠡᠯ ᠠᠩᠬᠠᠨ ᠤ ᠬᠠᠮᠳᠤᠷᠠᠯᠴᠠᠭ᠎ᠠ ᠪᠢᠰᠢ᠂ ᠲᠡᠳᠡ 2021 ᠤᠨ ᠳᠤ ᠭᠠᠴᠠᠭᠠᠨ ᠤ ᠬᠠᠮᠳᠦ ᠶᠢᠨ | ᠬᠠᠳᠤᠯᠠᠩ ᠢ ᠲᠦᠷᠢᠶᠡᠰᠦᠯᠡᠬᠦ ᠡᠷᠭᠡ ᠶᠢ ᠤᠯᠤᠭᠰᠠᠨ ᠨᠢᠭᠡᠨ ᠲᠠᠢ ᠪᠠᠨ ᠠᠩᠬ᠎ᠠ ᠤᠳᠠᠭ᠎ᠠ ᠬᠠᠮᠵᠢᠯᠴᠠᠵᠦ᠂ ᠡᠪᠡᠰᠦ | ᠬᠠᠳᠤᠵᠦ ᠬᠠᠮᠳᠦ ᠪᠠᠷ ᠢᠶᠠᠨ ᠠᠰᠢᠭ ᠬᠦᠷᠳᠡᠵᠦ ᠦᠩᠭᠡᠷᠡᠭᠰᠡᠨ ᠶᠤᠮ᠃ ᠲᠡᠬᠦᠨ ᠠᠴᠠ ᠬᠤᠶᠢᠰᠢ ᠭᠡᠳᠦᠨ ᠵᠢᠯ ᠤᠨ | ᠲᠤᠷᠰᠢ ᠰᠠᠨᠠᠭ᠎ᠠ ᠲᠠᠭᠠᠷᠠᠭᠰᠠᠨ ᠵᠠᠯᠠᠭᠤᠰ ᠮᠠᠨᠢ ᠲᠤᠰᠬᠠᠢ ᠦᠭᠡᠷ ᠤᠨ ᠡᠪᠡᠷ ᠤᠭᠳᠤᠯᠬᠤ ᠮᠠᠰᠢᠨ ᠠᠪᠴᠦ᠂ | ᠭᠠᠴᠠᠭᠠᠨ ᠤ ᠮᠠᠯᠴᠢᠳ ᠲᠤ ᠪᠠᠨ ᠦᠢᠯᠡᠴᠢᠯᠡᠬᠦ᠂ ᠭᠡᠳᠦᠨ ᠠᠶᠢᠯ ᠢᠶᠠᠷ ᠢᠶᠠᠨ ᠵᠢᠯ ᠲᠤᠷᠰᠢ ᠮᠠᠯᠵᠢᠬᠤ | ᠦᠢᠯᠡᠳᠪᠤᠷᠢᠯᠡᠯ ᠤᠨ ᠭᠠᠷᠤᠯᠳᠠ ᠠᠪᠬᠤ᠂ ᠡᠪᠡᠰᠦ ᠬᠠᠳᠤᠬᠤ ᠮᠡᠳᠦᠴᠢᠯᠡᠨ ᠪᠠᠴᠢᠮ ᠶᠠᠭᠠᠷᠠᠯᠳᠠᠢ ᠬᠦᠳᠡᠯᠮᠤᠷᠢ ᠬᠦᠴᠦ | ᠶᠡᠭᠡ ᠬᠡᠷᠡᠭᠰᠡᠬᠦ ᠠᠵᠢᠯ ᠪᠦᠬᠦᠨ ᠳᠤ ᠪᠠᠨ ᠬᠠᠮᠵᠢᠯᠴᠠᠨ᠂ ᠬᠦᠳᠡᠭᠡ ᠨᠤᠳᠤᠭ ᠤᠨ ᠪᠦᠯᠬᠦᠮᠳᠡᠯ ᠨᠢᠬᠳᠠᠷᠠᠯ ᠤᠨ ᠢᠷᠠᠭᠤ | ᠲᠠᠭᠤᠯᠠᠯ ᠢ ᠪᠢᠴᠢᠭᠯᠡᠨ᠎ᠡ᠃ ᠦᠨᠦ ᠵᠢᠯ ᠪᠠᠰᠠ ᠡᠩᠨᠡᠭᠡ ᠨᠢ ᠪᠤᠵᠠᠭᠠᠶᠢᠷᠠᠵᠦ᠂ ᠪᠠᠷᠰ᠂ ᠭᠠᠩᠬᠤᠶᠠᠭ᠂ | ᠰᠠᠶᠢᠨᠵᠢᠷᠭᠠᠯ ᠤᠨ ᠬᠢ ᠪᠠᠭᠳᠠᠯᠴᠠᠭᠰᠠᠨ ᠪᠠᠶᠢᠯ᠎ᠠ᠃ | ᠤᠳᠤᠬᠠᠨ ᠤ ᠬᠦᠳᠡᠭᠡ ᠨᠤᠳᠤᠭ ᠮᠠᠯᠵᠢᠬᠤ ᠤᠷᠤᠨ ᠳᠤ ᠬᠦᠳᠡᠯᠮᠤᠷᠢ ᠬᠦᠴᠦ ᠴᠦᠬᠡᠨ ᠰᠢᠭ ᠪᠠᠶᠢᠳᠠᠭ ᠪᠠ ᠮᠠᠯ | ᠤᠨᠤᠭ᠎ᠠ᠂ ᠡᠪᠡᠰᠦ ᠪᠤᠷᠳᠤᠭ᠎ᠠ ᠵᠡᠷᠭᠡ ᠶᠢᠨ ᠵᠠᠬ᠎ᠠ ᠲᠡᠯᠭᠡᠬᠦᠷ ᠤᠨ ᠦᠨ᠎ᠡ ᠬᠠᠩᠰᠢ ᠲᠤᠭᠳᠠᠪᠤᠷᠢ ᠦᠭᠡᠢ᠂ ᠮᠠᠯᠵᠢᠬᠤ | ᠦᠢᠯᠡᠳᠪᠤᠷᠢᠯᠡᠯ ᠤᠨ ᠦᠪᠡᠷ ᠤᠨ ᠦᠷᠳᠡᠭ ᠦᠨᠳᠦᠷ ᠪᠠᠶᠢᠭ᠎ᠠ ᠪᠠᠶᠢᠳᠠᠯ ᠲᠤᠤᠷ᠎ᠠ ᠦᠢᠯᠡᠳᠪᠤᠷᠢᠯᠡᠯ ᠠᠮᠢᠳᠤᠷᠠᠯ ᠤᠨ | ᠵᠠᠷᠤᠳᠠᠯ ᠢ ᠪᠠᠭᠠᠰᠬᠠᠵᠦ᠂ ᠬᠦᠳᠡᠯᠮᠤᠷᠢ ᠬᠦᠴᠦ ᠠᠷᠪᠢᠯᠠᠬᠤ ᠲᠠᠯ᠎ᠠ ᠪᠠᠷ ᠮᠠᠯᠴᠢᠨ ᠵᠠᠯᠠᠭᠤᠰ ᠮᠠᠨᠢ ᠶᠠᠭᠤ ᠨᠢᠭᠡ ᠶᠢ | ᠰᠡᠳᠤᠵᠦ ᠵᠤᠷᠢᠭ ᠨᠢᠭᠡᠳᠠᠢ ᠦᠢᠯᠡᠳᠦᠯᠭᠡᠵᠢᠬᠦᠯᠵᠦ᠂ ᠠᠰᠢᠭ ᠬᠦᠷᠳᠡᠵᠦ ᠶᠠᠪᠤᠭ᠎ᠠ ᠨᠢ ᠪᠠᠭ᠋ᠠᠳᠤᠭᠤᠰᠢᠳᠠᠢ᠃ ᠦᠨᠦ ᠵᠢᠯ | ᠤᠨ ᠡᠷᠳᠡᠨᠢᠠᠤᠪᠤᠭ᠎ᠠ ᠭᠠᠴᠠᠭᠠᠨ ᠤ ᠬᠠᠮᠳᠦ ᠶᠢᠨ ᠬᠠᠳᠤᠯᠠᠩ ᠢ ᠲᠦᠷᠢᠶᠡᠰᠦᠯᠡᠭᠰᠡᠨ ᠠᠴᠠ ᠠᠪᠴᠦ ᠬᠡᠯᠡᠬᠦ ᠳᠤ | ᠭᠠᠭᠴᠠ ᠲᠡᠭᠦᠰᠪᠠᠶᠠᠷ ᠤᠨ ᠬᠢ ᠵᠢᠯ ᠳᠤ ᠪᠠᠨ 60 ᠲᠣᠨ ᠡᠪᠡᠰᠦ᠂ 30 ᠭᠠᠷᠤᠢ ᠲᠣᠨ ᠨᠣᠭᠤᠭᠠᠨ ᠳᠠᠷᠤᠰᠢ | ᠤᠷᠤᠭᠤᠯᠳᠠᠭ ᠪᠠᠶᠢᠨ᠎ᠠ᠃ ᠥᠨᠥ ᠵᠢᠯ ᠬᠠᠮᠲᠤ ᠶᠢᠨ ᠬᠠᠳᠤᠯᠠᠩ ᠠᠴᠠ ᠬᠤᠪᠢᠳᠠᠵᠤ ᠤᠯᠤᠭᠰᠠᠨ ᠡᠪᠡᠰᠦ ᠪᠠᠨ | ᠬᠤᠳᠠᠯᠳᠤᠵᠤ᠂ ᠲᠠᠬᠢᠨ ᠪᠠᠶᠠᠨᠳᠤᠭ ᠰᠤᠮᠤᠨ ᠤ ᠨᠢᠭᠡ ᠬᠠᠳᠤᠯᠠᠩ ᠤᠨ ᠲᠠᠯᠠᠪᠠᠢ ᠶᠢ ᠳᠦᠷᠢᠶᠡᠰᠦᠯᠡᠵᠦ ᠬᠠᠳᠤᠭᠠᠳ | ᠥᠪᠡᠷ ᠤᠨ ᠬᠡᠷᠡᠭᠰᠡᠬᠦ ᠡᠪᠡᠰᠦ ᠪᠠᠨ ᠨᠥᠭᠡᠴᠡᠯᠡᠵᠦ ᠠᠪᠤᠭᠰᠠᠨ ᠮᠥᠷᠲᠡᠭᠡᠨ ᠡᠩ ᠤᠨ ᠵᠢᠯ ᠤᠳ ᠠᠴᠠ ᠪᠠᠨ 8 | ᠲᠦᠮᠡᠨ ᠲᠦᠭᠦᠷᠢᠭ ᠤᠨ ᠵᠠᠷᠤᠳᠠᠯ ᠠᠷᠪᠢᠯᠠᠭᠰᠠᠨ ᠪᠠᠶᠢᠨ᠎ᠠ᠃ | ᠡᠷᠳᠡᠨᠢᠡᠤᠪᠤᠭ᠎ᠠ ᠭᠠᠴᠠᠭᠠᠨ ᠤ 1 ᠲᠦᠮᠡ 8000 ᠮᠦ ᠬᠠᠮᠲᠤ ᠶᠢᠨ ᠬᠠᠳᠤᠯᠠᠩ ᠢᠶᠠᠨ 2014 ᠣᠨ ᠠᠴᠠ | ᠡᠬᠢᠯᠡᠨ ᠭᠠᠴᠠᠭᠠᠨ ᠤ ᠮᠠᠯᠴᠢᠳ ᠲᠤ ᠪᠠᠨ ᠪᠤᠶᠤ ᠭᠠᠳᠠᠭᠰᠢ ᠳᠦᠷᠢᠶᠡᠰᠦᠯᠡᠭᠦᠯᠳᠡᠭ ᠪᠤᠯᠵᠠᠢ᠃ ᠭᠠᠴᠠᠭᠠᠨ ᠤ | ᠮᠠᠯᠴᠢᠳ ᠨᠢ ᠡᠨᠡᠬᠦ ᠠᠵᠠ ᠲᠤᠬᠢᠶᠠᠯ ᠢ ᠵᠠᠪᠳᠤᠨ᠂ ᠵᠢᠯ ᠶᠠᠪᠤᠬᠤ ᠲᠤᠳᠤᠮ ᠲᠦᠷᠢᠶᠡᠰᠦᠯᠡᠵᠦ ᠠᠪᠬᠤ ᠰᠠᠨᠠᠭᠠᠳᠠᠢ | ᠬᠦᠮᠦᠰ ᠨᠢ ᠤᠯᠠᠰᠢᠷᠠᠭᠰᠠᠨ ᠠᠴᠠ ᠰᠢᠪᠠᠭ᠎ᠠ ᠲᠠᠳᠠᠵᠦ ᠲᠦᠷᠢᠶᠡᠰᠦᠯᠡᠬᠦᠯᠳᠡᠭ ᠪᠤᠯᠤᠭᠰᠠᠨ ᠪᠠᠶᠢᠨ᠎ᠠ᠃ ᠡᠨᠡ ᠨᠢ | ᠭᠠᠴᠠᠭᠠᠨ ᠤ ᠬᠠᠮᠳᠦ ᠶᠢᠨ ᠬᠤᠷᠠᠮᠳᠤᠯ ᠳᠤ ᠵᠤᠬᠢᠬᠤ ᠤᠷᠤᠯᠭ᠎ᠠ ᠨᠡᠮᠡᠷᠢᠯᠡᠬᠦ ᠲᠡᠳᠦᠢ ᠦᠭᠡᠢ᠂ ᠨᠡᠩ ᠴᠦ ᠭᠡᠰᠡᠭ | ᠮᠠᠯᠴᠢᠳ ᠤᠨ ᠡᠪᠡᠰᠦ ᠬᠤᠳᠠᠯᠳᠤᠨ ᠠᠪᠬᠤ ᠵᠠᠷᠤᠯᠭ᠎ᠠ ᠶᠢ ᠪᠠᠭᠠᠰᠬᠠᠨ᠂ ᠡᠪᠡᠰᠦ ᠤᠷᠤᠭᠤᠯᠬᠤ ᠳᠤᠨᠢ ᠮᠠᠰᠢ ᠲᠦᠬᠦᠮ | ᠪᠤᠯᠤᠭᠰᠠᠨ ᠪᠠᠶᠢᠨ᠎ᠠ᠂ ᠮᠦᠨᠴᠦ ᠬᠠᠮᠳᠤᠷᠠᠯᠴᠠᠨ ᠲᠦᠷᠢᠶᠡᠰᠦᠯᠡᠭᠡ ᠮᠠᠯᠴᠢᠳ ᠲᠤ ᠠᠪᠴᠦ ᠬᠡᠯᠡᠪᠡᠯ ︽ᠤᠯᠠᠨ ᠤ | ᠬᠦᠴᠦᠨ ᠳᠤ ᠤᠪᠤᠭ᠎ᠠ ᠪᠤᠰᠤᠨ᠎ᠠ︾ ᠭᠡᠳᠡᠭᠴᠢᠯᠡᠨ ᠬᠠᠮᠳᠤᠷᠠᠯᠴᠠᠭᠰᠠᠨ ᠠᠵᠢᠯ ᠳᠤ ᠤᠯᠠᠨ ᠢᠶᠠᠷ ᠢᠶᠠᠨ ᠠᠰᠢᠭ | ᠬᠦᠷᠳᠡᠵᠦ ᠶᠠᠪᠤᠨ᠎ᠠ᠃ |