︽ᠡᠨᠡ ᠬᠤᠶᠠᠷ ᠵᠢᠯ ᠬᠤᠨᠢ ᠦᠬᠡᠷ ᠤᠨ ᠦᠨ᠎ᠡ ᠳᠤᠷᠤᠭᠰᠢᠯᠠᠵᠤ᠂ ᠮᠠᠯᠴᠢᠳ ᠤᠨ ᠣᠷᠤᠯᠭ᠎ᠠ | ᠳᠤᠷᠤᠭᠰᠢᠯᠠᠭᠰᠠᠨ ᠨᠢ ᠦᠨᠡᠨ᠂ ᠭᠡᠪᠡᠴᠦ ᠪᠢᠳᠡ ᠬᠤᠨᠢ ᠪᠠᠨ ᠥᠪᠡᠷᠲᠡᠭᠡᠨ ᠵᠠᠷᠤᠭᠠᠳ ᠬᠤᠳᠠᠯᠳᠤᠵᠤ ᠪᠠᠶᠢᠬᠤ | ᠪᠣᠯᠬᠤᠷ ᠣᠷᠣᠯᠭ᠎ᠠ ᠳᠣᠷᠣᠭᠰᠢᠯᠠᠭᠰᠠᠨ ᠦᠭᠡᠢ ᠁ ᠲᠡᠭᠡᠬᠦ ᠪᠠᠷ ᠦᠬᠡᠷ ᠬᠤᠨᠢ ᠪᠠᠨ ᠥᠪᠡᠷᠲᠡᠭᠡᠨ ᠡᠳ᠋ᠰᠢᠭᠦᠯᠵᠦ | ᠪᠣᠷᠤᠯᠠᠭᠤᠯᠬᠤ ᠶᠢ ᠲᠥᠭᠡᠮᠡᠯᠵᠢᠭᠦᠯᠪᠡᠯ ᠵᠦᠭᠡᠷ ᠭᠡᠵᠦ ᠪᠤᠳᠤᠵᠤ ᠪᠠᠶᠢᠨ᠎ᠠ︾ ᠭᠡᠵᠦ ᠠᠪᠠᠭ᠎ᠠ ᠬᠤᠰᠢᠭᠤᠨ ᠤ | ᠵᠢᠷᠭᠠᠯᠠᠩᠲᠣ ᠰᠤᠮᠤ ᠶᠢᠨ ᠬᠠᠶᠢᠷᠬᠠᠨ ᠭᠠᠴᠠᠭᠠᠨ ᠤ ᠮᠠᠯᠴᠢᠨ ᠭᠡᠷᠡᠯᠴᠢᠮᠡᠭ ᠶᠠᠷᠢᠨ᠎ᠠ᠃ | ᠭᠡᠷᠡᠯᠴᠢᠮᠡᠭ ᠤᠨ ᠬᠢᠨ ᠡᠨᠡ ᠨᠤᠲᠤᠭ ᠤᠨ ᠤᠤᠭᠠᠯ ᠮᠠᠯᠴᠢᠨ ᠠᠶᠢᠯ᠂ ᠠᠪᠠᠭ᠎ᠠ ᠨᠤᠲᠤᠭ ᠤᠨ ᠬᠢᠯᠢ ᠶᠢᠨ ᠮᠠᠯᠴᠢᠨ | ᠠᠶᠢᠯ ᠤᠨ ᠠᠮᠢᠳᠤᠷᠠᠯ ᠤᠨ ᠳᠦᠷᠢ ᠳᠦᠷᠬᠦ ᠶᠢᠨ ᠬᠤᠪᠢ ᠳᠤ ᠠᠪᠴᠣ ᠬᠡᠯᠡᠪᠡᠯ ᠡᠳᠡᠨᠡᠶᠢᠬᠢᠨ ᠤ ᠨᠢᠭᠡ ᠲᠥᠯᠦᠭᠡᠯᠡᠭᠴᠢ | ᠪᠤᠯᠤᠨ᠎ᠠ᠃ ᠭᠡᠷᠡᠯᠴᠢᠮᠡᠭ ᠠᠪᠠᠭ᠎ᠠ ᠨᠤᠲᠤᠭ ᠤᠨ ᠠᠩᠬᠠᠨ ᠤ ᠡᠮᠡᠭᠲᠡᠢ ᠬᠢᠯᠢᠴᠢᠨ᠂ ᠣᠶᠢᠷ᠎ᠠ ᠶᠢᠨ ᠬᠠᠪᠢ ᠶᠢᠨ ᠬᠢᠨ᠂ | ᠲᠡᠷᠡᠴᠢᠯᠡᠨ ᠬᠢᠯᠢ ᠶᠢᠨ ᠲᠣᠮᠢᠯᠠᠭᠰᠠᠨ ᠰᠠᠯᠪᠤᠷᠢ ᠶᠢᠨ ᠬᠢᠨ ᠲᠡᠭᠦᠨ ᠢ ᠪᠦᠷ ︽ ᠲᠠᠭᠲᠠᠭ᠎ᠠ ᠡᠭᠡᠴᠢ︾ ᠭᠡᠵᠦ | ᠲᠤᠲᠤᠨᠤᠴᠢᠯᠠᠨ ᠳᠠᠭᠤᠳᠠᠵᠤ᠂ ᠬᠢᠯᠢ ᠬᠠᠮᠠᠭᠠᠯᠠᠭᠴᠢ ᠶᠢᠨ ᠠᠵᠢᠯ ᠳᠤ ᠪᠠᠷᠤᠭ ᠭᠤᠴᠢᠨ ᠵᠢᠯ ᠤᠨ ᠬᠠᠪᠤᠷ ᠨᠠᠮᠤᠷ ᠢ | ᠥᠩᠭᠡᠷᠡᠭᠡᠵᠦ ᠶᠠᠪᠤᠨ᠎ᠠ᠃ ᠬᠢᠯᠢ ᠨᠤᠲᠤᠭ ᠤᠨ ᠥᠷᠦᠴᠡᠨ ᠳᠤ ᠥᠰᠴᠦ ᠲᠥᠷᠦᠭᠰᠡᠨ ᠲᠡᠷᠡᠪᠡᠷ ᠬᠦᠮᠦᠨ ᠣᠯᠠᠨ | ᠲᠠᠭᠠᠨ ᠲᠠᠨᠢᠭᠳᠠᠭᠰᠠᠨ ᠰᠢᠯᠢᠳᠡᠭ ᠬᠢᠯᠢ ᠬᠠᠮᠠᠭᠠᠯᠠᠭᠴᠢ ᠠᠴᠠ ᠭᠠᠳᠠᠨ᠎ᠠ ᠪᠠᠰᠠ ᠮᠠᠯ ᠠᠵᠤ ᠠᠬᠤᠢ ᠪᠠᠨ ᠰᠠᠶᠢᠲᠤᠷ | ᠡᠷᠬᠢᠯᠡᠵᠦ᠂ ᠮᠠᠯᠴᠢᠨ ᠲᠥᠮᠡᠨ ᠢᠶᠠᠨ ᠳᠠᠭᠠᠭᠤᠯᠤᠨ ᠬᠤᠷᠰᠢᠶᠠᠵᠢᠯ ᠪᠠᠶᠢᠭᠤᠯᠵᠤ᠂ ᠣᠷᠣᠯᠭ᠎ᠠ ᠶᠢᠨ ᠨᠡᠮᠡᠭᠳᠡᠯ ᠢ | ᠠᠬᠢᠭᠤᠯᠬᠤ ᠵᠠᠮ ᠬᠠᠶᠢᠭᠰᠠᠨ ᠬᠠᠰᠢᠷ ᠮᠠᠯᠴᠢᠨ ᠶᠤᠮ ᠃ | ᠠᠪᠠᠭ᠎ᠠ ᠬᠤᠰᠢᠭᠤᠨ ᠤ ᠨᠤᠲᠤᠭ ᠪᠡᠯᠴᠢᠭᠡᠷ ᠠᠭᠤᠳᠠᠮ᠂ ᠨᠡᠩ ᠴᠦ ᠬᠢᠯᠢ ᠳᠠᠭᠠᠤ ᠪᠠᠶᠢᠷᠢᠰᠢᠵᠦ ᠪᠠᠶᠢᠳᠠᠭ | ᠵᠢᠷᠭᠠᠯᠠᠩᠳᠣ ᠰᠤᠮᠤ ᠶᠢᠨ ᠬᠠᠶᠢᠷᠬᠠᠨ ᠭᠠᠴᠠᠭᠠᠨ ᠳᠤ ᠠᠪᠴᠤ ᠬᠡᠯᠡᠪᠡᠯ᠂ ᠵᠠᠮ ᠬᠤᠯᠠ ᠠᠴᠠ ᠭᠠᠴᠠᠭᠠᠨ ᠤ ᠮᠠᠯ ᠠᠵᠤ | ᠠᠬᠤᠢ ᠶᠢᠨ ᠦᠢᠯᠡᠳᠪᠦᠷᠢᠯᠡᠯ ᠳᠤ ᠵᠤᠬᠢᠬᠤ ᠨᠥᠯᠦᠭᠡ ᠦᠵᠡᠭᠦᠯᠳᠡᠭ᠃ ᠵᠢᠯ ᠪᠣᠯᠭᠠᠨ ᠤ ᠮᠠᠯ ᠤᠨ | ᠵᠠᠷᠤᠴᠠᠭᠤᠯᠤᠯᠲᠠ ᠶᠢᠨ ᠦᠶ᠎ᠡ ᠠᠳᠡᠬᠢ ᠮᠠᠯᠴᠢᠳ ᠬᠤᠨᠢ ᠮᠠᠯ ᠢᠶᠠᠨ 200 ᠺᠢᠯᠤᠮᠧᠲᠷ ᠤᠨ ᠬᠤᠯᠠ ᠳᠠᠬᠢ | ᠰᠢᠯᠢ ᠶᠢᠨ ᠬᠤᠳᠠ ᠶᠢᠨ ᠠᠯᠠᠵᠤ ᠨᠢᠳᠤᠯᠬᠤ ᠭᠠᠵᠠᠷ ᠪᠤᠷᠤᠯᠠᠭᠤᠯᠳᠠᠭ᠃ ᠦᠩᠭᠡᠷᠡᠭᠰᠡᠨ ᠳᠤ ᠵᠠᠮ ᠬᠠᠷᠢᠯᠴᠠᠭᠠᠨ ᠤ | ᠨᠥᠬᠦᠴᠡᠯ ᠠᠨᠠᠢ ᠪᠠᠶᠢᠭᠰᠠᠨ ᠦᠶ᠎ᠡ ᠬᠤᠨᠢ ᠪᠠᠨ ᠲᠡᠭᠡᠭᠡᠵᠦ ᠠᠪᠴᠢᠷᠠᠨ ᠪᠤᠷᠤᠯᠠᠭᠤᠯᠬᠤ ᠳᠤ ᠬᠤᠨᠢ ᠨᠢ ᠡᠴᠡᠵᠦ | ᠲᠤᠷᠠᠵᠤ ᠵᠢᠩ ᠳᠠᠭᠠᠭᠠᠬᠤ ᠦᠭᠡᠢ ᠪᠣᠯᠬᠤ ᠪᠤᠶᠤ ᠦᠬᠦᠵᠦ ᠠᠳᠡᠬᠦ ᠤᠴᠢᠷ ᠴᠦ ᠭᠠᠷᠳᠠᠭ ᠪᠠᠶᠢᠪᠠ᠃ | ᠡᠨᠡᠬᠦ ᠪᠠᠶᠢᠳᠠᠯ ᠢ ᠥᠭᠡᠷᠡᠴᠢᠯᠡᠬᠦ ᠶᠢᠨ ᠲᠥᠯᠦᠭᠡ᠂ 2012 ᠣᠨ ᠳᠤ ᠭᠡᠷᠡᠯᠴᠢᠮᠡᠭ 8 ᠡᠷᠦᠬᠡ ᠲᠠᠢ | ᠬᠤᠯᠪᠤᠭᠠᠯᠠᠨ ︽ ᠲᠤᠷᠠᠭᠠᠨ ᠬᠢᠯᠢ︾ ᠮᠠᠯ ᠠᠵᠤ ᠠᠬᠤᠢ ᠶᠢᠨ ᠲᠤᠰᠬᠠᠢ ᠬᠤᠷᠰᠢᠶᠠᠵᠢᠯ ᠪᠠᠶᠢᠭᠤᠯᠵᠤ᠂ ᠲᠤᠰᠬᠠᠢ | ᠬᠤᠷᠠᠭ᠎ᠠ ᠪᠤᠷᠳᠤᠨ ᠲᠠᠷᠭᠤᠯᠠᠭᠤᠯᠵᠤ᠂ ᠥᠪᠡᠷᠲᠡᠭᠡᠨ ᠡᠳ᠋ᠰᠢᠭᠦᠯᠵᠦ ᠪᠤᠷᠤᠯᠠᠭᠤᠯᠵᠡᠢ᠃ ᠡᠭᠦᠨ ᠤ ᠬᠠᠮᠲᠤ ᠵᠠᠰᠠᠭ ᠤᠨ | ᠣᠷᠳᠤᠨ ᠤ ᠳᠡᠮᠵᠢᠯᠭᠡ ᠳᠤᠤᠷ᠎ᠠ ᠬᠥᠳᠡᠭᠡ ᠲᠡᠭᠡᠨ ᠪᠠᠷᠢᠮᠵᠢᠶᠠᠵᠢᠭᠰᠠᠨ ᠳᠤᠯᠠᠭᠠᠨ ᠬᠠᠰᠢᠶ᠎ᠠ ᠰᠠᠷᠠᠪᠴᠢ | ᠪᠠᠶᠢᠭᠤᠯᠤᠭᠰᠠᠨ ᠮᠥᠷᠲᠡᠭᠡᠨ ᠠᠯᠠᠵᠤ ᠨᠢᠲᠤᠯᠬᠤ ᠡᠳ᠋ᠰᠢᠭᠦᠯᠬᠦ ᠬᠥᠮᠦᠷᠭᠡ ᠪᠠᠶᠢᠭᠤᠯᠪᠠ᠃ ᠠᠩᠬᠠᠨ ᠤ ᠵᠢᠯ ᠲᠡᠭᠡᠨ | ᠥᠪᠡᠷ ᠤᠨ ᠪᠣᠷᠳᠤᠨ ᠲᠠᠷᠭᠤᠯᠠᠭᠤᠯᠤᠭᠰᠠᠨ ᠬᠤᠷᠠᠭ᠎ᠠ ᠪᠠᠨ ᠵᠠᠬ᠎ᠠ ᠳᠤ ᠪᠤᠷᠤᠯᠠᠭᠤᠯᠵᠤ ᠦᠵᠡᠭᠰᠡᠨ ᠴᠢᠨᠢ ᠨᠡᠯᠢᠶᠡᠳ | ᠠᠮᠵᠢᠯᠲᠠ ᠲᠠᠢ ᠪᠤᠯᠤᠭᠰᠠᠨ ᠢᠶᠠᠷ ᠡᠨᠡ ᠠᠵᠢᠯ ᠢᠶᠠᠨ ᠦᠷᠭᠦᠯᠵᠢᠯᠡᠨ ᠬᠢᠬᠦ ᠪᠠᠷ ᠴᠢᠷᠮᠠᠶᠢᠭᠰᠠᠨ ᠪᠠᠶᠢᠨ᠎ᠠ᠃ | ᠬᠤᠷᠰᠢᠶᠠᠵᠢᠯ ᠪᠠᠶᠢᠭᠤᠯᠤᠭᠰᠠᠨ ᠢᠶᠠᠷ ᠲᠤᠰ ᠭᠠᠴᠭᠠᠠᠨ ᠤ ᠬᠢᠨ ᠮᠠᠯ ᠢᠶᠠᠨ ᠥᠪᠡᠷᠲᠡᠭᠡᠨ ᠡᠳ᠋ᠰᠢᠭᠦᠯᠵᠦ | ᠪᠤᠷᠤᠯᠠᠭᠤᠯᠬᠤ ᠪᠤᠯᠤᠭᠰᠠᠨ ᠪᠤᠯᠪᠠᠴᠤ ᠵᠠᠷᠢᠮ ᠵᠢᠯ ᠤᠨ ᠮᠠᠯ ᠤᠨ ᠵᠠᠷᠤᠴᠠᠭᠤᠯᠤᠯᠲᠠ ᠶᠢᠨ ᠦᠶ᠎ᠡ ᠳᠤ ᠲᠤᠭᠲᠠᠭᠰᠠᠨ | ᠴᠠᠭ ᠲᠤ ᠪᠦᠭᠡᠮ ᠢᠶᠠᠷ ᠪᠦᠬᠦᠨ ᠢ ᠭᠠᠷᠭᠠᠵᠤ ᠳᠡᠶᠢᠯᠬᠦ ᠦᠭᠡᠢ ᠵᠡᠷᠭᠡ ᠮᠠᠰᠢ ᠤᠯᠠᠨ ᠲᠥᠪᠡᠭᠲᠡᠢ ᠠᠰᠠᠭᠤᠳᠠᠯ | ᠳᠤᠬᠢᠶᠠᠯᠳᠤᠭᠰᠠᠨ ᠪᠠᠶᠢᠨ᠎ᠠ᠃ ᠡᠨᠡ ᠪᠠᠶᠢᠳᠠᠯ ᠳᠤ ᠭᠡᠷᠡᠯᠴᠢᠮᠡᠭ ᠳᠠᠬᠢᠨ ᠠᠷᠭ᠎ᠠ ᠪᠤᠳᠤᠵᠤ᠂ ᠰᠢᠯᠢ ᠶᠢᠨ ᠬᠤᠳᠠ ᠳᠤ | ᠳᠤᠰᠬᠠᠢ ᠵᠡᠭᠡᠯᠢ ᠨᠢᠭᠤᠷᠯᠠᠭᠰᠠᠨ ᠠᠰᠠᠷ ᠬᠤᠳᠠᠯᠳᠤᠨ ᠠᠪᠴᠤ ᠮᠢᠠᠬᠠᠨ ᠤ ᠳᠡᠯᠭᠡᠭᠦᠷ ᠨᠡᠭᠡᠭᠡᠵᠦ᠂ ᠲᠦᠭᠦᠬᠡᠢ | ᠮᠠᠲ᠋ᠧᠷᠢᠶᠠᠯ᠂ ᠡᠳ᠋ᠰᠢᠭᠦᠯᠭᠡ᠂ ᠪᠤᠷᠤᠯᠠᠭᠤᠯᠭ᠎ᠠ ᠶᠢ ᠨᠢᠭᠡ ᠰᠢᠰᠲ᠋ᠧᠮᠵᠢᠭᠦᠯᠦᠭᠰᠡᠨ ᠨᠢ ︽ᠲᠤᠷᠭᠠᠨ ᠬᠢᠯᠢ︾ | ᠬᠤᠷᠰᠢᠶᠠᠵᠢᠯ ᠤᠨ ᠮᠢᠬᠠᠨ ᠤ ᠪᠤᠷᠤᠯᠠᠭᠤᠯᠭ᠎ᠠ ᠶᠢᠨ ᠲᠠᠯ᠎ᠠ ᠪᠠᠷ ᠮᠠᠰᠢ ᠳᠥᠭᠦᠮ ᠪᠤᠯᠤᠭᠰᠠᠨ ᠪᠠᠶᠢᠨ᠎ᠠ᠃ | ᠡᠨᠡ ᠬᠤᠶᠠᠷ ᠵᠢᠯ ᠮᠠᠯ ᠤᠨ ᠦᠨ᠎ᠡ ᠬᠢᠮᠳᠠᠷᠠᠭᠰᠠᠨ ᠪᠠᠶᠢᠳᠠᠯ ᠳᠤᠤᠷ᠎ᠠ᠂ ︽ᠲᠤᠷᠭᠠᠨ ᠬᠢᠯᠢ︾ ᠬᠤᠷᠰᠢᠶᠠᠵᠢᠯ ᠨᠢ | ᠮᠠᠯᠴᠢᠳ ᠤᠨ ᠮᠠᠯ ᠢᠶᠠᠨ ᠭᠠᠷᠭᠠᠬᠤ ᠪᠠᠰᠠ ᠨᠢᠭᠡ ᠠᠷᠭ᠎ᠠ ᠵᠠᠮ ᠪᠤᠯᠵᠤ᠂ ᠭᠡᠷᠡᠯᠴᠢᠮᠡᠭ ᠴᠦ ᠬᠤᠷᠰᠢᠶᠠᠵᠢᠯ ᠤᠨ | ᠠᠵᠢᠯ ᠢᠶᠠᠨ ᠤᠯᠠᠮ ᠱᠠᠯᠠᠪᠳᠠᠭᠤᠯᠤᠨ ᠶᠠᠪᠤᠭᠳᠠᠭᠤᠯᠤᠭᠰᠠᠨ ᠮᠥᠷᠲᠡᠭᠡᠨ ᠬᠤᠷᠰᠢᠶᠠᠵᠢᠯ ᠤᠨ ᠬᠡᠰᠢᠭᠦᠨ ᠠᠴᠠ ᠪᠤᠰᠤᠳ | ᠣᠶᠢᠷ᠎ᠠ ᠬᠠᠪᠢ ᠶᠢᠨ ᠮᠠᠯᠴᠢᠨ ᠡᠷᠦᠬᠡ ᠶᠢᠨ ᠬᠤᠨᠢ ᠮᠠᠯ ᠢ ᠬᠠᠪᠰᠤᠷᠤᠨ ᠡᠳ᠋ᠰᠢᠭᠦᠯᠦᠨ ᠪᠤᠷᠤᠯᠠᠭᠤᠯᠵᠤ᠂ ᠣᠷᠣᠯᠭ᠎ᠠ ᠶᠢ | ᠨᠢ ᠪᠠᠲᠤᠯᠠᠳᠠᠭ᠃ ᠣᠳᠣᠬᠠᠨ ᠳᠤ ᠲᠤᠰ ᠬᠤᠷᠰᠢᠶᠠᠵᠢᠯ ᠨᠢ ᠮᠢᠬ᠎ᠠ ᠢᠶᠠᠨ ᠠᠶᠢᠮᠠᠭ ᠲᠤᠲᠤᠷ᠎ᠡ ᠪᠠᠨ | ᠪᠣᠷᠤᠯᠠᠭᠤᠯᠬᠤ ᠠᠴᠠ ᠭᠠᠳᠠᠨ᠎ᠠ ᠠᠶᠢᠮᠠᠭ ᠤᠨ ᠭᠠᠳᠠᠨᠠᠬᠢ ᠲᠤᠮᠤ ᠬᠤᠲᠠ ᠨᠤᠭᠤᠳ ᠢᠶᠠᠷ ᠪᠤᠷᠤᠯᠠᠭᠤᠯᠵᠤ᠂ ᠵᠢᠯ ᠪᠦᠷᠢ | ᠠᠷᠪᠠ ᠭᠠᠷᠤᠢ ᠲᠦᠮᠡᠨ ᠲᠥᠭᠦᠷᠢᠭ ᠤᠨ ᠣᠷᠣᠯᠭ᠎ᠠ ᠣᠯᠭᠤᠵᠡᠢ᠃ ᠭᠡᠷᠡᠯᠴᠢᠮᠡᠭ᠄ ︽ᠶᠡᠷᠦᠨᠢ ᠮᠢᠨᠤ ᠠᠯᠢᠪᠠ | ᠠᠮᠢᠳᠤᠷᠠᠯ ᠤᠨ ᠤᠳᠬ᠎ᠠ ᠠᠭᠤᠯᠭ᠎ᠠ ᠪᠦᠷ ᠬᠢᠯᠢ ᠨᠤᠲᠤᠭ ᠠᠴᠠ ᠰᠠᠯᠵᠤ ᠴᠢᠳᠠᠭ ᠦᠭᠡᠢ᠂ ᠨᠤᠲᠤᠭ ᠤᠷᠤᠨ ᠳᠠᠭᠠᠨ | ᠥᠪᠡᠷ ᠤᠨ ᠭᠡᠰᠡᠨ ᠲᠤᠰᠠ ᠪᠠᠨ ᠦᠵᠡᠭᠦᠯᠵᠦ ᠴᠢᠳᠠᠪᠠᠯ ᠮᠢᠨᠤ ᠪᠠᠶᠠᠷ ᠪᠠᠶᠠᠰᠤᠯ ᠲᠡᠷᠡ︾ ᠭᠡᠵᠦ ᠪᠠᠶᠢᠯ᠎ᠠ᠃ | ᠭᠡᠷᠡᠯᠴᠢᠮᠡᠭ ᠤᠨ ᠬᠢᠯᠢᠴᠢᠨ ᠤ ᠠᠮᠢᠳᠤᠷᠠᠯ ᠤᠨ ᠲᠤᠬᠠᠢ ᠠᠰᠠᠭᠤᠬᠤ ᠳᠤ᠂ ᠲᠡᠷᠡ ᠬᠢᠯᠢ ᠬᠠᠮᠠᠭᠠᠯᠠᠬᠤ ᠠᠵᠢᠯ ᠳᠤ | ᠵᠢᠳᠬᠦᠬᠦ ᠨᠢ ᠮᠢᠨᠤ ᠡᠨᠡ ᠨᠤᠲᠤᠭ ᠲᠤ ᠲᠥᠷᠦᠭᠰᠡᠨ ᠤ ᠡᠭᠦᠷᠭᠡ ᠬᠠᠷᠢᠭᠤᠴᠠᠯᠭ᠎ᠠ ᠯᠡ ᠭᠡᠵᠦ ᠪᠤᠳᠤᠳᠠᠭ ᠭᠡᠵᠦ | ᠬᠡᠳᠦᠬᠡᠨ ᠦᠭᠡ ᠪᠠᠷ ᠳ᠋ᠦᠩᠨᠡᠵᠦ ᠪᠠᠶᠢᠯ᠎ᠠ᠃ ᠭᠡᠷᠡᠯᠴᠢᠮᠡᠭ ᠤᠨ ᠨᠤᠲᠤᠭ ᠤᠨ ᠬᠤᠪᠢ ᠳᠤ ᠠᠪᠴᠣ ᠬᠡᠯᠡᠪᠡᠯ᠂ ᠠᠪᠠᠭ᠎ᠠ | ᠨᠤᠲᠤᠭ ᠤᠨ ᠬᠠᠮᠤᠭ ᠤᠨ ᠵᠡᠭᠦᠨ ᠬᠤᠶᠢᠳᠦ ᠲᠠᠯ᠎ᠠ ᠳᠤ ᠪᠠᠶᠢᠷᠢᠯᠠᠵᠤ᠂ ᠵᠡᠭᠦᠨ ᠲᠠᠯ᠎ᠠ ᠪᠠᠷ ᠢᠶᠠᠨ ᠵᠡᠭᠦᠨ ᠦᠵᠦᠮᠦᠴᠢᠨ | ᠬᠤᠰᠢᠭᠤ ᠲᠠᠢ ᠵᠠᠬ᠎ᠠ ᠨᠡᠶᠢᠯᠡᠵᠦ᠂ ᠲᠡᠳᠡᠨ ᠤ ᠰᠠᠭᠤᠷᠢᠰᠢᠯ ᠨᠢ ᠬᠢᠯᠢ ᠶᠢᠨ ᠱᠤᠭᠤᠮ ᠠᠴᠠ 4 ᠺᠢᠯᠤᠮᠧᠲᠷ ᠯᠡ | ᠵᠠᠶᠢᠲᠠᠢ ᠪᠠᠶᠢᠳᠠᠭ ᠨᠢ ᠲᠡᠭᠦᠨ ᠤ ᠬᠢᠯᠢ ᠬᠠᠮᠠᠭᠠᠯᠠᠭᠴᠢ ᠶᠢᠨ ᠠᠵᠢᠯ ᠳᠤ ᠮᠠᠰᠢ ᠳᠥᠭᠦᠮ ᠦᠵᠡᠭᠦᠯᠦᠭᠰᠡᠨ ᠪᠠᠶᠢᠨ᠎ᠠ ᠃ | ᠬᠢᠯᠢ ᠬᠠᠮᠠᠭᠠᠯᠠᠭᠴᠢ ᠭᠡᠵᠦ ᠶᠠᠷᠢᠬᠤ ᠪᠠᠷ ᠬᠦᠮᠦᠰ ᠪᠦᠷ ᠬᠢᠯᠢ ᠳᠡᠭᠡᠷ᠎ᠡ ᠭᠠᠳᠠᠨ᠎ᠠ ᠠᠴᠠ ᠬᠦᠮᠦᠨ ᠤᠷᠤᠵᠤ | ᠢᠷᠡᠬᠦ ᠶᠢ ᠯᠡ ᠬᠠᠷᠠᠳᠠᠭ ᠠᠵᠢᠯ ᠭᠡᠵᠦ ᠳᠥᠭᠦᠮ ᠢᠶᠠᠷ ᠤᠶᠢᠯᠠᠭᠠᠳᠠᠭ᠂ ᠭᠡᠳᠡᠯ᠎ᠡ ᠭᠡᠷᠡᠯᠴᠢᠮᠡᠭ ᠤᠨ ᠦᠢᠯᠡ | ᠠᠵᠢᠯᠯᠠᠭ᠎ᠠ ᠠᠴᠠ ᠤᠶᠢᠯᠠᠭᠠᠭᠰᠠᠨ ᠢᠶᠠᠷ ᠣᠳᠣ ᠪᠣᠯᠬᠤ ᠳᠤ ᠲᠡᠳᠡ ᠬᠢᠯᠢ ᠪᠠᠷ ᠬᠠᠤᠯᠢ ᠪᠤᠰᠤ ᠪᠠᠷ ᠣᠷᠤᠵᠤ ᠭᠠᠷᠬᠤ | ᠬᠦᠮᠦᠨ ᠠᠮᠢᠳᠠᠨ ᠢ ᠬᠠᠷᠠᠬᠤ ᠪᠠᠷ ᠪᠠᠷᠠᠬᠤ ᠦᠭᠡᠢ ᠪᠠᠰᠠ ᠥᠪᠡᠷ ᠤᠨ ᠣᠶᠢᠷ᠎ᠠ ᠬᠠᠪᠢ ᠶᠢᠨ ᠣᠷᠴᠢᠨ | ᠲᠣᠭᠤᠷᠢᠨ ᠤ ᠪᠠᠨ ᠠᠮᠤᠷ ᠲᠥᠪᠰᠢᠨ ᠢ ᠴᠦ ᠬᠠᠮᠠᠭᠠᠯᠠᠬᠤ ᠴᠢᠬᠤᠯᠠ ᠲᠠᠢ᠃ ᠨᠡᠩ ᠴᠦ ᠬᠢᠯᠢ ᠪᠠᠷ ᠵᠤᠭᠠᠴᠠᠵᠤ | ᠲᠤᠭᠤᠷᠢᠬᠤ ᠬᠦᠮᠦᠰ ᠲᠤ ᠵᠠᠮ ᠮᠦᠷ ᠵᠢᠭᠠᠵᠤ ᠥᠭᠬᠦ ᠦᠢᠯᠡᠴᠢᠯᠡᠭᠡ ᠬᠠᠩᠭᠠᠳᠠᠭ ᠨᠢ ᠶᠡᠷᠦ ᠶᠢᠨ ᠤᠴᠢᠷ᠃ ᠬᠠᠪᠤᠷ | ᠴᠠᠭ ᠪᠤᠯᠠᠪᠠᠯ ᠬᠢᠯᠢ ᠪᠠᠷ ᠭᠠᠯ ᠤᠨ ᠠᠶᠤᠯ ᠠᠮᠠᠷᠬᠠᠨ ᠡᠭᠦᠰᠴᠦ᠂ ᠡᠶᠢᠮᠦᠷᠬᠦᠦ ᠴᠢᠬᠤᠯᠠ ᠴᠠᠭ ᠦᠶ᠎ᠡ ᠳᠤ ᠡᠳᠦᠷ | ᠰᠦᠨᠢ ᠶᠢᠨ ᠬᠤᠪᠢᠨ ᠳᠤ ᠣᠨᠴᠠ ᠠᠩᠬᠠᠷᠤᠯ ᠲᠠᠢ ᠪᠠᠶᠢᠵᠤ᠂ ᠨᠢᠳᠦ ᠬᠢᠷᠠᠬᠠᠢ᠂ ᠴᠢᠮᠡᠭᠡ ᠰᠤᠷᠠᠭ ᠴᠢᠩᠭ᠎ᠠ ᠪᠠᠶᠢᠬᠤ | ᠬᠡᠷᠡᠭᠲᠡᠢ ᠶᠤᠮ ᠪᠠᠶᠢᠨ᠎ᠠ᠃ ᠤᠶᠢᠷ᠎ᠠ ᠶᠢᠨ ᠵᠢᠯ ᠠᠴᠠ ᠪᠠᠶᠠᠷ ᠳᠤᠷᠠᠰᠬᠠᠯ ᠤᠨ ᠡᠳᠦᠷ᠂ ᠴᠢᠯᠦᠭᠡᠨ ᠤ ᠬᠤᠭᠤᠴᠠᠭ᠎ᠠ | ᠪᠣᠯᠪᠠᠯ ᠬᠢᠯᠢ ᠪᠠᠷ ᠵᠤᠭᠠᠴᠠᠵᠤ ᠲᠤᠭᠤᠷᠢᠬᠤ ᠬᠦᠮᠦᠰ ᠣᠯᠠᠰᠢᠷᠠᠭᠰᠠᠨ ᠨᠢ ᠬᠢᠯᠢ ᠬᠠᠮᠠᠭᠠᠯᠠᠭᠴᠢᠳ ᠲᠤ ᠨᠢᠭᠡ | ᠰᠢᠯᠭᠠᠯᠲᠠ ᠠᠪᠴᠢᠷᠠᠭᠰᠠᠨ ᠪᠠᠶᠢᠨ᠎ᠠ᠃ ᠡᠭᠦᠨ ᠤ ᠲᠤᠬᠠᠢ ᠭᠡᠷᠡᠯᠴᠢᠮᠡᠭ᠄ ︽ᠪᠢᠳᠡ ᠲᠠᠨᠢᠬᠤ ᠦᠭᠡᠢ ᠬᠦᠮᠦᠨ | ᠪᠦᠬᠦᠨ ᠢ ᠰᠡᠵᠢᠭᠲᠡᠢ ᠬᠦᠮᠦᠨ ᠢᠶᠠᠷ ᠦᠵᠡᠵᠦ ᠪᠣᠯᠬᠤ ᠦᠭᠡᠢ᠂ ᠡᠨᠡ ᠳᠤᠮᠳᠠ ᠣᠯᠠᠨ ᠰᠣᠷᠠᠭ ᠵᠠᠩᠭᠢ᠂ ᠳᠤᠷᠰᠢᠯᠭ᠎ᠠ | ᠬᠡᠷᠡᠭᠲᠡᠢ᠂ ᠮᠢᠨᠤ ᠪᠤᠳᠤᠬᠤ ᠪᠠᠷ ᠨᠢᠭᠡᠨ ᠲᠣᠭᠲᠠᠭᠰᠠᠨ ᠬᠢᠯᠢ ᠶᠢᠨ ᠨᠡᠭᠡᠭᠡᠯᠲᠡ ᠶᠢᠨ ᠡᠳᠦᠷ ᠭᠠᠷᠭᠠᠪᠠᠯ ᠬᠢᠯᠢ | ᠬᠠᠮᠠᠭᠠᠯᠠᠭᠴᠢ ᠶᠢᠨ ᠠᠵᠢᠯ ᠬᠢᠵᠦ ᠪᠠᠶᠢᠭ᠎ᠠ ᠬᠦᠮᠦᠰ ᠲᠤ ᠶᠡᠭᠡ ᠳᠦᠭᠦᠮ ᠠᠪᠴᠢᠷᠠᠬᠤ ᠪᠠᠶᠢᠬ᠎ᠠ ᠭᠡᠵᠦ ᠪᠤᠳᠤᠵᠤ | ᠪᠠᠶᠢᠨ᠎ᠠ︾ ᠭᠡᠵᠦ ᠶᠠᠷᠢᠯ᠎ᠠ᠃ | ᠡᠶᠢᠨᠬᠦ ᠬᠡᠷᠡᠯᠴᠢᠮᠡᠭ ᠭᠤᠴᠢᠭᠠᠳ ᠵᠢᠯ ᠬᠢᠯᠢ ᠪᠠᠨ ᠰᠠᠬᠢᠬᠤ ᠠᠵᠢᠯ ᠢᠶᠠᠨ ᠦᠷᠬᠦᠯᠵᠢᠯᠡᠬᠦᠯᠵᠦ᠂ ᠬᠢᠯᠢᠴᠢᠨ— | ᠬᠡᠷᠡᠭ ᠮᠡᠳᠡᠭᠦᠯᠬᠦ ᠭᠠᠵᠠᠷ— ᠬᠢᠯᠢ ᠬᠠᠮᠠᠭᠠᠯᠠᠭᠴᠢ ᠶᠢᠨ ᠭᠤᠷᠪᠠᠨ ᠣᠳᠠᠭᠠᠨ ᠤ ︽ᠬᠤᠪᠢᠰᠬᠠᠯ︾ ᠶᠢ ᠦᠩᠭᠡᠷᠡᠭᠡᠵᠦ᠂ | ᠥᠪᠡᠷ ᠢᠶᠠᠨ ᠪᠠᠰᠠ ︽ᠳᠠᠭᠲᠠᠭᠠ ᠡᠭᠡᠴᠢ︾ ᠭᠡᠰᠡᠨ ᠤᠯᠠᠨ ᠠᠴᠠ ᠣᠯᠭᠤᠭᠰᠠᠨ ᠰᠠᠶᠢᠬᠠᠨ ᠨᠡᠷᠡᠶᠢᠳᠦᠯ ᠢ ᠡᠷᠬᠦᠵᠦ᠂ | ᠬᠢᠯᠢ ᠨᠤᠲᠤᠭ ᠤᠨ ᠠᠮᠤᠷ ᠲᠠᠶᠢᠪᠤᠩ ᠠᠮᠢᠳᠤᠷᠠᠯ ᠢ ᠴᠤᠭᠴᠠᠯᠠᠬᠤ ᠳᠤ ᠰᠢᠭᠤᠷᠬᠠᠶᠢᠯᠠᠨᠠ᠃ |