ᠭᠤᠷᠪᠠᠨ ᠦᠶ᠎ᠡ ᠪᠠᠷ ᠢᠶᠠᠨ ᠴᠠᠭᠠᠨ ᠰᠠᠷ᠎ᠠ ᠶᠢᠨ ᠦᠳᠡᠰᠢᠯᠡᠭᠡ ᠳᠤ ᠤᠷᠤᠯᠴᠠᠯ᠎ᠠ
ᠨᠡᠶᠢᠲᠡᠯᠡᠭᠰᠡᠨ ᠴᠠᠭ᠄
2025/2/21
     ᠬᠦᠭᠡᠭᠴᠢᠨ ᠮᠤᠭᠠᠢ ᠵᠢᠯ ᠤᠨ ᠴᠠᠭᠠᠨ ᠰᠠᠷ᠎ᠠ ᠠᠴᠠ ᠡᠮᠦᠨᠡᠬᠡᠨ ᠠᠪᠠᠭ᠎ᠠ ᠬᠤᠰᠢᠭᠤᠨ ᠤ ᠪᠡᠯᠬᠦᠳᠠᠢ ᠪᠠᠯᠭᠠᠰᠤᠨ  ᠤ ᠪᠠᠶᠠᠨᠪᠢᠯᠢᠭ᠍ᠳᠦ ᠭᠠᠴᠠᠭᠠᠨ ᠤ ᠤᠤᠭᠠᠯ᠂ ᠬᠠᠰᠢᠷ ᠮᠠᠯᠴᠢᠨ᠂ ᠠᠬᠠᠮᠠᠳ ᠠᠷᠠᠳ ᠤᠨ ᠤᠷᠠᠯᠢᠭᠴᠢᠨ ᠲᠦᠭᠡᠷ᠂ ᠰᠠᠶᠢᠬᠠᠨᠴᠡᠴᠡᠭ ᠤᠨ ᠭᠤᠷᠪᠠᠨ ᠦᠶ᠎ᠡ ᠪᠠᠷ ᠢᠶᠠᠨ ᠠᠪᠠᠭ᠎ᠠ ᠬᠤᠰᠢᠭᠤᠨ ᠤ ᠴᠠᠭᠠᠨ ᠰᠠᠷ᠎ᠠ ᠶᠢᠨ ᠦᠳᠡᠰᠢᠯᠡᠭᠡ ᠳᠤ ᠤᠷᠤᠯᠴᠠᠭᠰᠠᠨ ᠬᠠᠯᠠᠭᠤᠬᠠᠨ ᠴᠢᠮᠡᠭᠡ ᠰᠤᠨᠤᠷ ᠠᠪᠴᠦ᠂ ᠬᠦᠮᠦᠨ ᠠᠷᠠᠳ ᠤᠨ ᠰᠡᠳᠬᠢᠯ ᠳᠤ ᠬᠦᠷᠦᠯ᠎ᠡ᠃      ᠲᠦᠭᠡᠷ ᠰᠠᠶᠢᠬᠠᠨᠴᠡᠴᠡᠭ ᠪᠤᠯ ᠨᠤᠳᠤᠭ ᠤᠰᠤᠨ ᠳᠤ ᠪᠠᠨ ᠤᠷᠠᠯᠢᠭ ᠰᠤᠶᠤᠯ ᠳᠤ ᠠᠪᠢᠶᠠᠰᠳᠠᠢ ᠠᠷᠠᠳ ᠤᠨ ᠤᠷᠠᠯᠢᠭᠴᠢᠨ ᠶᠤᠮ᠃ ᠶᠡᠭᠡ ᠬᠦᠦ ᠡᠷᠬᠢᠮ ᠨᠢ ᠴᠢᠯᠦᠭᠡᠳᠦ ᠤᠷᠠᠨ ᠪᠦᠳᠦᠭᠡᠯᠴᠢ᠂ ᠠᠶᠠᠯᠭᠤ ᠵᠤᠬᠢᠶᠠᠭᠴᠢ᠂ ᠮᠤᠷᠢᠨ ᠬᠤᠭᠤᠷᠴᠢ ᠪᠠᠶᠢᠵᠦ᠂ ᠪᠠᠭ᠎ᠠ ᠬᠦᠦ ᠵᠠᠯᠭᠠᠮᠵᠢ ᠨᠢ ᠴᠢᠯᠦᠭᠡᠳᠦ ᠲᠠᠭᠤᠴᠢᠨ ᠬᠦᠳᠦᠯᠦᠭᠴᠢ ᠪᠠᠷ ᠬᠢᠯᠠᠷᠠᠭᠤᠯᠵᠦ ᠶᠠᠪᠤᠭ᠎ᠠ ᠵᠠᠯᠠᠭᠤ ᠪᠢᠯᠡ᠃ ᠤᠮᠪᠤᠯᠤ ᠬᠡᠤᠬᠡᠨ ᠵᠢᠪᠴᠢᠨᠰᠦᠶᠢᠭᠡ ᠨᠢ ᠡᠨᠡ ᠵᠢᠯ ᠭᠤᠷᠪᠠᠨ ᠨᠠᠰᠤᠳᠠᠢ᠂ ᠴᠡᠴᠡᠷᠯᠢᠭ ᠲᠤ ᠰᠠᠭᠤᠭ᠎ᠠ ᠦᠭᠡᠢ ᠠᠳᠠᠯ᠎ᠠ ᠪᠠᠨ ᠴᠡᠭᠡᠯᠬᠡᠨ ᠲᠤᠳᠤ ᠶᠠᠷᠢᠵᠦ ᠢᠯᠡᠳᠭᠡᠬᠦ ᠠᠪᠢᠶᠠᠰ ᠲᠠᠢ᠂ ᠡᠪᠦᠭᠡ ᠠᠪᠤ ᠪᠠᠨ ᠲᠠᠭᠠᠵᠦ ᠲᠠᠶᠢᠰᠠᠨ ᠳᠤ ᠭᠠᠷᠴᠦ ᠤᠯᠠᠨ ᠳᠤ ᠰᠢᠨ᠎ᠡ ᠶᠢᠨ ᠮᠡᠨᠳᠦᠴᠢᠯᠡᠯ ᠲᠡᠪᠰᠢᠬᠦᠯᠬᠦ ᠳᠤ ᠬᠤᠷᠠᠭᠰᠠᠨ ᠤᠯᠠᠨ ᠤ ᠬᠠᠶᠢᠷ᠎ᠠ ᠡᠩᠬᠦᠷᠠᠶᠢᠯᠡᠯ᠂ ᠠᠯᠠᠭ᠎ᠠ ᠲᠠᠰᠢᠯᠳᠠ ᠲᠠᠰᠤᠷᠠᠯᠳᠠ ᠦᠭᠡᠢ ᠦᠷᠬᠦᠯᠵᠢᠯᠡᠵᠦ ᠪᠠᠶᠢᠯ᠎ᠠ᠃      ᠬᠦᠭᠡᠭᠡ ᠡᠪᠤᠯ ᠢ ᠤᠶᠠᠷᠠᠭᠤᠯᠵᠦ᠂ ᠬᠦᠮᠦᠨ ᠠᠷᠠᠳ ᠢᠶᠠᠨ ᠪᠠᠶᠠᠰᠬᠠᠭᠰᠠᠨ ᠤᠶᠠᠩᠭ᠎ᠠ ᠲᠠᠭᠤᠤ ᠶᠢᠨ ᠰᠢᠨ᠎ᠡ  ᠶᠢᠨ ᠪᠡᠯᠡᠭ ᠲᠠᠢ ᠰᠠᠭᠠᠳᠠᠭᠰᠠᠨ ᠨᠢᠭᠡ ᠠᠶᠢᠯ ᠤᠨ ᠭᠤᠷᠪᠠᠨ ᠦᠶ᠎ᠡ ᠶᠢᠨ ᠬᠢᠨ ᠨᠢ ᠤᠬᠠᠭᠠᠨᠳᠦ ᠮᠠᠯᠴᠢᠨ ᠤ ᠤᠷ᠎ᠠ ᠠᠪᠢᠶᠠᠰ ᠢ ᠭᠠᠶᠢᠬᠠᠭᠤᠯᠵᠦ᠂ ᠤᠷᠠᠯᠢᠭ ᠤᠨ ᠲᠠᠶᠢᠰᠠᠨ ᠳᠤ ᠰᠢᠨ᠎ᠡ ᠤᠳᠤᠨ ᠪᠤᠯᠵᠦ ᠬᠢᠯᠠᠯᠵᠠᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号