ᠴᠠᠰᠦᠨ ᠭᠤᠶᠤᠯ ᠢᠶᠠᠨ ᠡᠮᠦᠰᠴᠦ᠂ ᠮᠦᠩᠭᠦᠨ ᠦᠩᠭᠡ ᠪᠠᠷ ᠴᠢᠮᠡᠭᠯᠡᠭᠳᠡᠭᠰᠡᠨ ᠲᠠᠯ᠎ᠠ ᠨᠤᠳᠤᠭ ᠮᠢᠨᠢ | ᠤᠯᠠᠮᠵᠢᠯᠠᠯᠳᠦ ᠪᠠᠶᠠᠷ ᠤᠨ ᠠᠭᠤᠷ ᠠᠮᠢᠰᠬᠤᠯ ᠢᠶᠠᠷ ᠪᠢᠯᠬᠠᠮ᠎ᠠ ᠪᠠᠶᠢᠯ᠎ᠠ᠃ ᠪᠡᠯᠭᠡᠰᠢᠶᠡᠯᠳᠦ ᠠᠷᠠᠳ ᠲᠦᠮᠡᠨ ᠨᠢ | ᠠᠷᠢᠭᠤᠨ ᠴᠠᠭᠠᠨ ᠰᠡᠳᠬᠢᠯ ᠢᠶᠠᠷ ᠢᠶᠠᠨ ᠠᠶᠠᠯᠭᠤ ᠲᠠᠭᠤᠤ ᠶᠢᠨ ᠡᠭᠡᠰᠢᠭ ᠪᠠᠷᠢᠵᠦ᠂ ᠴᠠᠭᠠᠨ ᠢᠳᠡᠭᠡᠨ ᠰᠠᠷᠬᠤᠳ | ᠴᠠᠢ ᠪᠠᠨ ᠳᠡᠭᠡᠵᠢᠯᠡᠨ ᠰᠢᠨ᠎ᠠ ᠵᠢᠯ ᠴᠠᠭᠠᠨ ᠰᠠᠷ᠎ᠠ ᠪᠠᠨ ᠲᠦᠭᠦᠷᠡᠩ ᠪᠢᠯᠢᠭ ᠲᠦᠪᠰᠢᠨ ᠵᠢᠷᠭᠠᠯ ᠲᠠᠢ ᠤᠭᠳᠤᠨ | ᠠᠪᠤᠯ᠎ᠠ᠃ ᠲᠡᠭᠡᠬᠦ ᠳᠤ ᠠᠷᠠᠯᠵᠢᠶ᠎ᠠ ᠮᠠᠶᠢᠮᠠᠢ ᠳᠤ ᠪᠠᠨ ᠱᠤᠤᠬᠢᠭᠤᠯᠵᠦ ᠶᠠᠪᠤᠭ᠎ᠠ ᠨᠢᠭᠡ ᠪᠦᠯᠦᠭ ᠬᠦᠮᠦᠰ ︽ | ᠤᠨᠠᠭᠰᠠᠨ ᠮᠠᠯᠠᠭᠠᠢ ᠠᠪᠬᠤ ᠵᠠᠪ ᠦᠭᠡᠢ ᠤᠴᠠᠷᠠᠭᠰᠠᠨ ᠬᠦᠮᠦᠨ ᠲᠠᠢ ᠶᠠᠷᠢᠯᠴᠠᠬᠤ ᠵᠠᠪ ᠦᠭᠡᠢ︾ ᠶᠠᠭᠠᠷᠠᠵᠦ | ᠪᠠᠶᠢᠭᠰᠠᠨ ᠨᠢ ᠶᠠᠭᠤ ᠪᠤᠯᠪᠠ⁈ | ᠨᠡᠶᠢᠭᠡᠮ ᠤᠨ ᠬᠦᠭᠵᠢᠯᠳᠡ ᠶᠢ ᠳᠠᠭᠠᠯᠳᠤᠨ᠂ ᠤᠳᠤᠬᠠᠨ ᠴᠠᠭᠠᠨ ᠢᠳᠡᠭᠡᠨ ᠪᠠ ᠪᠤᠤᠪᠤ ᠪᠤᠭᠤᠷᠰᠤᠭ᠂ | ᠳᠡᠷᠡᠴᠢᠯᠡᠨ ᠲᠠᠪᠠᠭ ᠢᠳᠡᠭᠡᠨ ᠢᠶᠠᠨ ᠰᠢᠭᠤᠳ ᠬᠤᠳᠠᠯᠳᠤᠨ ᠠᠪᠳᠠᠭ ᠨᠢ ᠵᠦᠩᠳᠡᠭᠡᠨ ᠪᠤᠯᠵᠦ᠂ ᠴᠠᠭᠠᠨ ᠢᠳᠡᠭᠡᠨ ᠤ | ᠳᠡᠯᠭᠡᠬᠦᠷ ᠤᠳ ᠤᠨ ᠮᠠᠶᠢᠮᠠᠢ ᠵᠢᠯ ᠠᠴᠠ ᠵᠢᠯ ᠬᠦᠭᠵᠢᠶᠠᠨ ᠲᠠᠢ ᠪᠤᠯᠵᠦ ᠢᠷᠡᠯ᠎ᠡ᠃ ᠬᠦᠭᠡᠭᠴᠢᠨ ᠮᠤᠭᠠᠢ ᠵᠢᠯ ᠤᠨ | ᠴᠠᠭᠠᠨ ᠰᠠᠷ᠎ᠠ ᠢᠷᠡᠵᠦ ᠪᠠᠶᠢᠭ᠎ᠠ ᠳᠠᠰᠢᠷᠠᠮ ᠢᠶᠠᠷ ᠮᠠᠨ ᠤ ᠬᠤᠰᠢᠭᠤᠨ ᠤ ︽ᠲᠠᠯ᠎ᠠ ᠶᠢᠨ ᠠᠶᠢᠯ ᠴᠠᠭᠠᠨ ᠢᠳᠡᠭᠡᠨ︾ | ᠤ ᠳᠡᠯᠭᠡᠭᠦᠷ ᠤᠨ ᠮᠠᠶᠢᠮᠠᠢ ᠬᠦᠭᠵᠢᠶᠠᠨᠳᠠᠢ ᠪᠠᠶᠢᠯ᠎ᠠ᠃ | ᠡᠳᠡᠨ ᠤ ᠳᠡᠯᠭᠡᠭᠦᠷ ᠲᠤ ᠤᠷᠤᠬᠤ ᠳᠤ ᠰᠢᠨ᠎ᠠ ᠵᠢᠯ ᠤᠨ ᠪᠠᠷᠠᠭ᠎ᠠ ᠲᠠᠸᠠᠷ ᠲᠦᠭᠦᠷᠡᠩ ᠳᠡᠯᠭᠡᠭᠡᠰᠦᠳᠡᠢ | ᠬᠠᠷᠠᠭᠳᠠᠵᠦ᠂ ᠠᠭᠠᠷᠴᠠᠨ ᠬᠤᠷᠤᠳ᠂ ᠰᠦᠨ ᠬᠤᠷᠤᠳ᠂ ᠦᠷᠦᠮᠡᠨ ᠤ ᠰᠢᠷ᠎ᠠ ᠲᠤᠰᠤ᠂ ᠦᠷᠦᠮᠡᠨ ᠤ ᠵᠦᠭᠡᠭᠡᠢ᠂ | ᠴᠠᠭᠠᠨ ᠲᠤᠰᠤ᠂ ᠡᠭᠡᠵᠡᠬᠡᠢ᠂ ᠴᠦᠴᠦᠭᠡᠢ᠂ ᠰᠢᠷ᠎ᠠ ᠤᠰᠤᠨ ᠤ ᠰᠢᠬᠢᠷ ᠵᠡᠷᠭᠡ ᠤᠯᠠᠨ ᠲᠦᠷᠦᠯ ᠤᠨ ᠴᠠᠭᠠᠨ | ᠢᠳᠡᠭᠡᠨ ᠤ ᠪᠦᠲᠦᠭᠡᠭᠳᠡᠬᠦᠨ ᠪᠠᠶᠢᠬᠤ ᠪᠠᠷ ᠪᠠᠷᠠᠬᠤ ᠦᠭᠡᠢ᠂ ᠪᠤᠤᠪᠤ ᠪᠤᠭᠤᠷᠰᠤᠭ ᠤᠨ ᠲᠦᠷᠦᠯ ᠴᠦ ᠤᠯᠠᠨ ᠪᠠᠶᠢᠵᠦ᠂ | ᠵᠠᠷᠢᠮ ᠢ ᠨᠢ ᠪᠡᠯᠡᠭ ᠤᠨ ᠤᠭᠤᠳᠠᠨ ᠳᠤ ᠤᠭᠤᠳᠠᠯᠯᠠᠵᠦ ᠰᠠᠪᠠᠯᠠᠬᠤ ᠳᠤ ᠪᠡᠯᠡᠨ ᠪᠤᠯᠭᠠᠭᠰᠠᠨ ᠬᠠᠷᠠᠭᠳᠠᠨ᠎ᠠ᠃ | ᠡᠳᠡᠨᠡᠶᠢᠬᠢᠨ ᠤ ᠴᠠᠭᠠᠨ ᠢᠳᠡᠭᠡᠨ ᠤ ᠠᠮᠳᠠ ᠰᠢᠮ᠎ᠠ ᠰᠠᠶᠢᠳᠠᠢ᠂ ᠲᠦᠷᠦᠯ ᠶᠠᠩᠵᠦ ᠤᠯᠠᠨ ᠪᠠᠶᠢᠭ᠎ᠠ ᠪᠠᠷ ᠢᠶᠠᠨ ᠤᠯᠠᠨ | ᠬᠡᠷᠡᠭᠯᠡᠭᠴᠢᠳ ᠢ ᠳᠠᠳᠠᠵᠦ᠂ ᠤᠨᠴᠠᠭᠠᠶᠢᠯᠠᠨ ᠬᠤᠷᠤᠳ ᠴᠠᠭᠠᠨ ᠢᠳᠡᠭᠡᠨ ᠪᠠ ᠬᠦᠷᠦᠮᠡᠯ ᠪᠤᠤᠪᠤ᠂ ᠰᠢᠶᠡᠨᠽᠢ ᠪᠤᠤᠪᠤ | ᠪᠠᠷ ᠵᠠᠰᠠᠵᠦ ᠳᠠᠯᠪᠢᠭᠰᠠᠨ ᠲᠠᠪᠠᠭ ᠢᠳᠡᠭᠡᠨ ᠪᠡᠯᠡᠨ ᠬᠤᠳᠠᠯᠳᠤᠵᠦ ᠪᠠᠶᠢᠭ᠎ᠠ ᠮᠦᠷᠳᠡᠭᠡᠨ ᠵᠠᠬᠢᠶᠠᠯᠠᠭ᠎ᠠ ᠪᠠᠷ ᠲᠠᠪᠠᠭ ᠳᠤ | ᠨᠢ ᠶᠠᠩᠵᠦ ᠬᠡᠯᠪᠡᠷᠢ ᠶᠢ ᠨᠢ ᠳᠠᠭᠠᠷᠠᠭᠤᠯᠵᠦ ᠬᠢᠵᠦ ᠦᠭᠳᠡᠭ ᠨᠢ ᠬᠡᠷᠡᠭᠯᠡᠭᠴᠢ ᠳᠤ ᠮᠠᠰᠢ ᠳᠠᠭᠠᠰᠢᠶᠠᠭᠳᠠᠵᠦ᠂ ᠴᠠᠭᠠᠨ | ᠰᠠᠷ᠎ᠠ ᠶᠢᠨ ᠪᠠᠷᠠᠭ᠎ᠠ ᠠᠪᠬᠤ ᠬᠡᠷᠡᠭᠯᠡᠭᠴᠢ ᠠᠷᠦ ᠠᠷᠦ ᠠᠴᠠ ᠪᠠᠨ ᠴᠤᠪᠤᠷᠠᠯᠳᠤᠨ᠂ ᠳᠡᠯᠭᠡᠭᠦᠷ ᠤᠨ ᠡᠵᠡᠨᠳᠡᠨ ᠲᠠᠢ | ᠬᠤᠶᠠᠷ ᠦᠭᠡ ᠰᠤᠯᠢᠯᠴᠠᠬᠤ ᠶᠢᠨ ᠵᠠᠪ ᠦᠭᠡᠢ ᠶᠠᠭᠠᠷᠠᠵᠦ ᠪᠠᠶᠢᠯ᠎ᠠ᠃ | ︽ᠴᠠᠭᠠᠨ ᠢᠳᠡᠭᠡᠨ ᠤ ᠠᠯᠢ ᠨᠢ ᠴᠦ ᠪᠦᠷ ᠬᠡᠷᠡᠭᠯᠡᠭᠴᠢ ᠳᠤ ᠳᠠᠭᠠᠰᠢᠶᠠᠭᠳᠠᠵᠦ ᠪᠠᠶᠢᠨ᠎ᠠ᠂ ᠤᠳᠤ ᠶᠢᠨ | ᠬᠦᠮᠦᠰ ᠦᠪᠡᠷ ᠤᠨ ᠢᠳᠡᠬᠦ ᠪᠠᠨ ᠬᠤᠳᠠᠯᠳᠤᠵᠦ ᠠᠪᠳᠠᠭ ᠢᠶᠠᠷ ᠪᠠᠷᠠᠬᠤ ᠦᠭᠡᠢ᠂ ᠪᠡᠯᠡᠭ ᠰᠡᠯᠳᠡ ᠳᠤ ᠬᠦᠷᠭᠡᠬᠦ ᠨᠢ | ᠴᠦ ᠤᠯᠠᠨ ᠪᠤᠯᠤᠭᠰᠠᠨ᠃ ᠪᠠᠰᠠ ᠵᠠᠷᠢᠮᠠᠳ ᠨᠢ ᠠᠶᠢᠯ ᠭᠡᠷ ᠤᠨ ᠢᠶᠠᠨ ᠦᠩᠭᠡ ᠬᠡᠶᠢᠮᠦᠷᠢ ᠶᠢ ᠵᠠᠰᠠᠭᠰᠠᠨ ᠢᠳᠡᠭᠡᠨ | ᠢᠶᠠᠷ ᠨᠢ ᠦᠵᠡᠳᠡᠭ ᠬᠡᠮᠡᠨ ᠪᠡᠯᠭᠡᠰᠢᠶᠠᠵᠦ᠂ ᠲᠠᠪᠠᠭ ᠲᠤ ᠪᠠᠨ ᠵᠤᠬᠢᠴᠠᠭᠤᠯᠤᠨ ᠴᠠᠭᠠᠨ ᠢᠳᠡᠭᠡᠨ ᠪᠤᠶᠤ ᠪᠤᠤᠪᠤ ᠶᠢᠨ | ᠢᠳᠡᠭᠡᠨ ᠬᠢᠯᠭᠡᠬᠦ ᠪᠠᠷ ᠵᠠᠬᠢᠶᠠᠯᠠᠵᠦ ᠪᠠᠶᠢᠭ᠎ᠠ ᠨᠢ ᠵᠦᠩᠳᠡᠭᠡᠨ︾ ᠭᠡᠵᠦ ᠳᠡᠯᠭᠡᠭᠦᠷ ᠶᠢᠨ ᠡᠵᠡᠨᠳᠡᠨ ᠤᠯᠠᠭᠠᠠᠭᠡᠷᠡᠯ | ᠶᠠᠷᠢᠨ᠎ᠠ᠃ | ᠤᠯᠠᠭᠠᠠᠭᠡᠷᠡᠯ 2012 ᠤᠨ ᠳᠤ ︽ᠲᠠᠯ᠎ᠠ ᠶᠢᠨ ᠠᠶᠢᠯ ᠴᠠᠭᠠᠨ ᠢᠳᠡᠭᠡᠨ︾ ᠤ ᠳᠡᠯᠭᠡᠭᠦᠷ ᠢᠶᠠᠨ ᠨᠡᠭᠡᠭᠡᠵᠦ᠂ | ᠳᠡᠯᠭᠡᠭᠦᠷ ᠡᠷᠬᠢᠯᠡᠭᠰᠡᠨ ᠠᠷᠪᠠᠨ ᠬᠤᠶᠠᠷ ᠤᠨ ᠲᠤᠷᠰᠢ᠂ ᠵᠢᠯ ᠠᠴᠠ ᠪᠠᠨ ᠵᠢᠯ ᠲᠤᠷᠰᠢᠯᠭ᠎ᠠ ᠲᠠᠢ ᠪᠤᠯᠵᠦ᠂ ᠡᠷᠳᠡᠯᠡᠵᠦ | ᠤᠷᠤᠶᠢᠯᠠᠨ ᠤᠬᠠᠭᠠᠨ ᠬᠦᠳᠡᠯᠮᠦᠷᠢ ᠵᠠᠷᠤᠴᠠᠭᠤᠯᠤᠭᠰᠠᠨ ᠢᠶᠠᠷ ᠳᠡᠯᠭᠡᠭᠦᠷ ᠨᠢ ᠡᠳᠦᠷ ᠠᠴᠠ ᠡᠳᠦᠷ ᠦᠭᠡᠳᠡᠯᠡᠵᠦ | ᠢᠷᠡᠭᠰᠡᠨ᠂ ᠤᠤᠯ ᠨᠢ ᠵᠢᠵᠢᠭᠭᠡᠨ ᠳᠡᠯᠭᠡᠭᠦᠷ ᠪᠠᠶᠢᠭᠰᠠᠨ ᠢᠶᠠᠨ 2022 ᠤᠨ ᠳᠤ ᠤᠳᠤᠬᠢ 180 ᠬᠠᠪᠳᠠᠭᠠᠢ | ᠲᠦᠷᠪᠡᠯᠵᠢᠨ ᠮᠧᠲᠷ ᠤᠨ ᠳᠡᠯᠭᠡᠭᠦᠷ ᠲᠠᠢ ᠪᠤᠯᠤᠨ ᠦᠷᠭᠡᠵᠢᠵᠦ᠂ ᠰᠢᠷᠭᠠᠭᠤ ᠬᠦᠳᠡᠯᠮᠦᠷᠢ ᠶᠢᠨ ᠢᠶᠠᠨ ᠦᠷ᠎ᠠ ᠰᠢᠮ᠎ᠠ | ᠶᠢ ᠬᠦᠷᠳᠡᠵᠦ ᠪᠠᠶᠠᠰᠬᠤ ᠶᠢᠨ ᠵᠡᠷᠭᠡ ᠵᠤᠷᠢᠭ ᠬᠦᠴᠦ ᠤᠯᠠᠮ ᠢᠶᠠᠷ ᠬᠦᠪᠴᠢᠯᠡᠭᠳᠡᠨ ᠴᠢᠷᠮᠠᠶᠢᠭᠰᠠᠭᠠᠷ ᠪᠠᠶᠢᠭ᠎ᠠ ᠬᠡᠳᠡᠭ | ᠢ ᠳᠡᠬᠦᠨ ᠤ ᠶᠠᠷᠢᠶᠠᠨ ᠠᠴᠠ ᠨᠢ ᠤᠶᠢᠯᠠᠭᠠᠯ᠎ᠠ᠃ | ︽ᠶᠡᠷᠦᠨᠢ ᠰᠢᠨ᠎ᠠ ᠵᠢᠯ ᠴᠠᠭᠠᠨ ᠰᠠᠷ᠎ᠠ ᠪᠤᠯᠵᠦ ᠢᠷᠡᠬᠦ ᠪᠠᠷ ᠬᠦᠮᠦᠰ ᠭᠡᠷ ᠳᠡᠷᠭᠡ ᠪᠠᠨ ᠴᠡᠪᠡᠷᠯᠡᠭᠡᠳ ᠴᠠᠭᠠᠨ ᠰᠠᠷ᠎ᠠ | ᠶᠢᠨ ᠪᠡᠯᠡᠳᠬᠡᠯ ᠢᠶᠠᠨ ᠬᠢᠭᠡᠳ ᠶᠠᠭᠠᠷᠠᠤ ᠪᠠᠶᠢᠬᠤ ᠳᠤ᠂ ᠪᠢᠳᠠ ᠳᠡᠯᠭᠡᠭᠦᠷ ᠤᠨ ᠠᠵᠢᠯ ᠳᠤ ᠪᠠᠨ ᠯᠡ ᠶᠠᠭᠠᠷᠠᠨ᠎ᠠ᠂ | ᠵᠢᠭᠠᠬᠠᠨ ᠢᠯᠡᠬᠦᠦ ᠰᠢᠭ ᠴᠢᠷᠮᠠᠶᠢᠪᠠᠯ ᠬᠠᠷᠢᠨ ᠤᠷᠤᠯᠭ᠎ᠠ ᠬᠠᠨᠤᠮᠵᠢᠳᠠᠢ ᠰᠢᠤ᠃ ᠡᠨᠡ ᠬᠡᠳᠦᠨ ᠡᠳᠦᠷ ᠬᠡᠷᠡᠭᠯᠡᠭᠴᠢ | ᠶᠢᠨ ᠲᠤᠭ᠎ᠠ ᠠᠷᠪᠢᠨ᠂ ᠳᠡᠯᠭᠡᠭᠦᠷ ᠤᠨ ᠤᠷᠤᠯᠭ᠎ᠠ ᠴᠦ ᠳᠠᠭᠠᠯᠳᠤᠨ ᠤᠪᠤᠭ᠎ᠠ ᠰᠠᠶᠢᠨ ᠪᠤᠯᠵᠦ ᠪᠠᠶᠢᠭ᠎ᠠ᠂ ᠡᠨᠡ ᠨᠢᠭᠡ | ᠰᠠᠷ᠎ᠠ ᠶᠢᠨ ᠤᠷᠤᠯᠭ᠎ᠠ ᠪᠠᠷᠤᠭ ᠭᠤᠷᠪᠠ ᠲᠦᠷᠪᠡᠨ ᠰᠠᠷ᠎ᠠ ᠶᠢᠨ ᠤᠷᠤᠯᠭ᠎ᠠ ᠲᠠᠢ ᠳᠡᠩᠴᠡᠨ᠎ᠡ ᠬᠡᠬᠦ ᠳᠤ ᠠᠬᠠᠳᠠᠬᠤ | ᠦᠭᠡᠢ︾ ᠬᠡᠮᠡᠨ ᠤᠯᠠᠭᠠᠠᠭᠡᠷᠡᠯ ᠪᠠᠶᠠᠷᠳᠠᠶᠢᠬᠠᠨ ᠶᠠᠷᠢᠵᠦ ᠪᠠᠶᠢᠯ᠎ᠠ᠃ | ᠨᠠᠷᠢᠨ ᠡᠮᠵᠢᠶᠡᠷᠢ ᠳᠠᠷᠤᠭᠤᠯᠵᠦ᠂ ᠡᠪᠯᠢᠭ ᠳᠠᠷᠤᠤᠬᠠᠨ ᠱᠠᠭᠯᠠᠵᠦ ᠤᠶᠤᠭᠰᠠᠨ ᠴᠢᠮᠪᠠᠢ ᠪᠦᠰᠡᠬᠦᠶᠢᠴᠤᠳ ᠤᠨ | ᠤᠷᠠᠯᠠᠭᠰᠠᠨ ᠳᠡᠷᠯᠢᠭ ᠳᠡᠪᠡᠯ ᠢᠶᠠᠷ ᠰᠢᠨ᠎ᠠ ᠵᠢᠯ ᠴᠠᠭᠠᠨ ᠰᠠᠷ᠎ᠠ ᠪᠠᠷ ᠢᠶᠠᠨ ᠭᠤᠶᠤᠯᠠᠨ᠎ᠠ ᠭᠡᠳᠡᠭ ᠶᠠᠭᠤᠳᠠᠢ ᠰᠠᠶᠢᠬᠠᠨ | ᠠᠵᠢ᠃ ᠤᠳᠤ ᠴᠠᠭ ᠲᠤ ᠰᠠᠷ᠎ᠠ ᠰᠢᠨ᠎ᠡ ᠶᠢᠨ ᠰᠠᠶᠢᠬᠠᠨ ᠤᠯᠠᠮᠵᠢᠯᠠᠯ ᠨᠢ ᠵᠠᠩ ᠵᠢᠷᠤᠮ ᠢᠶᠠᠷ ᠢᠶᠠᠨ ᠦᠷᠬᠦᠯᠵᠢᠯᠡᠬᠦ | ᠶᠢᠨ ᠳᠠᠭᠠᠤ ᠰᠢᠨᠡᠴᠢᠯᠡᠯᠳᠡ ᠬᠤᠪᠢᠷᠠᠯᠳᠠ ᠲᠠᠢ ᠬᠦᠭᠵᠢᠵᠦ᠂ ᠰᠢᠨ᠎ᠠ ᠵᠢᠯ ᠴᠠᠭᠠᠨ ᠰᠠᠷ᠎ᠠ ᠪᠠᠨ ᠳᠠᠩᠰᠤᠭ ᠰᠠᠶᠢᠬᠠᠨ | ᠦᠷᠦᠭᠡᠨ ᠳᠤ ᠪᠠᠨ ᠲᠠᠪᠠᠭ ᠲᠦᠭᠦᠷᠡᠩ ᠢᠳᠡᠭᠡᠨ ᠵᠠᠰᠠᠵᠦ᠂ ᠭᠠᠩᠭᠠᠩ ᠬᠡᠬᠡᠨᠴᠢᠷ ᠬᠤᠪᠴᠠᠰᠦ ᠵᠠᠰᠠᠯ ᠢᠶᠠᠷ | ᠭᠤᠶᠤᠯᠠᠵᠦ᠂ ᠬᠦᠭᠵᠢᠯᠳᠡ ᠳᠠᠪᠰᠢᠯᠳᠠ ᠶᠢᠨ ᠰᠠᠶᠢᠨ ᠰᠠᠶᠢᠬᠠᠨ ᠢ ᠬᠠᠷᠠᠭᠤᠯᠤᠨ ᠴᠠᠭᠠᠨ ᠰᠠᠷ᠎ᠠ ᠪᠠᠨ ᠪᠠᠶᠠᠷ ᠵᠢᠷᠭᠠᠯ | ᠲᠠᠢ ᠦᠩᠭᠡᠷᠡᠬᠦᠯᠳᠡᠭ ᠪᠤᠯᠵᠠᠢ᠃ ᠡᠨᠡ ᠨᠢ ᠶᠠᠷᠢᠶᠠᠨ ᠦᠭᠡᠢ ᠤᠶᠤᠳᠠᠯ ᠳᠠᠭᠠᠨ ᠭᠠᠷᠮᠠᠭᠠᠢ ᠦᠢᠯᠡᠰᠴᠢ ᠬᠦᠮᠦᠰ ᠲᠤ | ᠵᠠᠬ᠎ᠠ ᠳᠡᠯᠭᠡᠭᠦᠷ ᠤᠨ ᠦᠷᠭᠡᠨ ᠪᠤᠯᠤᠮᠵᠢ ᠬᠠᠩᠭᠠᠭᠰᠠᠨ ᠶᠤᠮ᠃ ︽ᠪᠤᠷᠤ ᠬᠠᠯᠢᠭᠤᠨ︾ ᠦᠨᠳᠦᠰᠦᠳᠡᠨ ᠤ | ᠬᠤᠪᠴᠠᠰᠦ ᠵᠠᠰᠠᠯ ᠤᠨ ᠦᠷᠦᠭᠡ ᠶᠢᠨ ᠨᠠᠨᠳᠢᠨ ᠲᠠᠮᠤᠷ ᠬᠤᠶᠠᠭᠤᠯᠠ ᠴᠠᠭᠠᠨ ᠰᠠᠷ᠎ᠠ ᠶᠢᠨ ᠤᠶᠤᠳᠠᠯ ᠢᠶᠠᠨ | ᠬᠤᠷᠳᠤᠬᠠᠨ ᠠᠮᠵᠢᠭᠤᠯᠤᠨ᠎ᠠ ᠭᠡᠵᠦ ᠶᠠᠭᠠᠷᠠᠤᠬᠠᠨ ᠯᠡ ᠪᠠᠶᠢᠯ᠎ᠠ᠃ | ︽ᠶᠡᠷᠦᠨᠢ ᠡᠨᠡ ᠵᠢᠯ ᠤᠨ ᠤᠶᠤᠳᠠᠯ ᠤᠨ ᠪᠠᠶᠢᠳᠠᠯ ᠠᠴᠠ ᠦᠵᠡᠪᠡᠯ ᠵᠠᠬᠢᠶᠠᠯᠠᠭ᠎ᠠ ᠶᠢᠨ ᠲᠠᠯ᠎ᠠ ᠪᠠᠷ ᠳᠡᠭᠡᠷ᠎ᠡ | ᠵᠢᠯ ᠤᠨ ᠬᠢ ᠶᠢ ᠠᠷᠠᠢ ᠬᠦᠷᠬᠦ ᠦᠭᠡᠢ ᠰᠢᠭ᠂ ᠬᠡᠬᠦ ᠳᠤ ᠪᠠᠨ ᠴᠠᠭᠠᠨ ᠰᠠᠷ᠎ᠠ ᠤᠶᠢᠷᠠᠳᠤᠭᠠᠳ ᠢᠷᠡᠬᠦ ᠳᠤ ᠵᠠᠭᠤ | ᠰᠢᠬᠠᠮ ᠲᠡᠷᠯᠢᠭ ᠬᠤᠪᠴᠠᠰᠦᠨ ᠤ ᠵᠠᠬᠢᠶᠠᠯᠠᠭ᠎ᠠ᠂ ᠭᠤᠴᠢᠭᠠᠳ ᠮᠠᠯᠠᠭᠠᠢ ᠶᠢᠨ ᠵᠠᠬᠢᠶᠠᠯᠭ᠎ᠠ ᠲᠤᠰᠤᠭᠰᠠᠨ᠂ ᠤᠳᠤ | ᠪᠠᠷᠤᠭ ᠪᠦᠷ ᠤᠶᠤᠵᠦ ᠳᠠᠭᠤᠰᠬᠠᠵᠦ ᠪᠠᠶᠢᠭ᠎ᠠ᠂ ᠬᠦᠮᠦᠰ ᠤᠨ ᠤᠶᠤᠭᠤᠯᠵᠦ ᠪᠠᠶᠢᠭ᠎ᠠ ᠶᠠᠩᠵᠦ ᠬᠡᠯᠪᠡᠷᠢ ᠶᠢᠨ ᠬᠤᠪᠢ | ᠳᠤ ᠠᠪᠠᠭ᠎ᠠ ᠡᠮᠵᠢᠶᠡᠷᠢ ᠪᠠᠷ ᠭᠤᠤᠯᠯᠠᠨ᠂ ᠴᠦᠭᠡᠪᠦᠷᠢ ᠬᠦᠮᠦᠰ ᠪᠠᠰᠠ ᠯᠠᠮᠠ ᠵᠠᠭᠠᠮ᠎ᠠ ᠲᠠᠢ᠂ ᠪᠤᠯᠠᠭᠠᠨ ᠠᠷᠠᠰᠤᠨ | ᠳᠡᠷᠯᠢᠭ ᠪᠤᠶᠤ ᠰᠢᠨᠡᠴᠢᠯᠡᠭᠰᠡᠨ ᠮᠠᠶ᠋ᠢᠭ ᠤᠨ ᠲᠡᠷᠯᠢᠭ ᠬᠤᠪᠴᠠᠰᠦ ᠤᠶᠤᠭᠤᠯᠵᠦ ᠪᠠᠶᠢᠨ᠎ᠠ︾ ᠬᠡᠮᠡᠨ ᠨᠠᠨᠳᠢᠨ | ᠤᠴᠢᠷᠯᠠᠨ᠎ᠠ᠃ | ᠡᠳᠡᠨᠡᠶᠢᠬᠢᠨ ᠬᠤᠶᠠᠷ ᠤᠶᠤᠳᠠᠯ ᠤᠨ ᠳᠡᠯᠭᠡᠭᠦᠷ ᠡᠵᠡᠩᠨᠡᠵᠦ ᠪᠠᠶᠢᠭ᠎ᠠ᠃ ᠨᠢᠭᠡ ᠳᠤ ᠨᠢ ᠳᠡᠷᠯᠢᠭ ᠬᠤᠪᠴᠠᠰᠦ | ᠤᠶᠤᠬᠤ ᠪᠠᠷ ᠭᠤᠤᠯᠯᠠᠳᠠᠭ ᠪᠤᠯ᠂ ᠨᠦᠬᠦᠭᠡ ᠳᠤ ᠨᠢ ᠶᠠᠩᠵᠦ ᠪᠦᠷᠢ ᠶᠢᠨ ᠮᠠᠯᠠᠭᠠᠢ ᠤᠶᠤᠬᠤ ᠪᠤᠶᠤ ᠤᠶᠤᠭᠰᠠᠨ | ᠪᠦᠲᠦᠭᠡᠯ ᠤᠳ ᠢᠶᠠᠨ ᠳᠡᠯᠭᠡᠵᠦ ᠬᠤᠳᠠᠯᠳᠤᠳᠠᠭ᠃ ᠡᠳᠡᠨ ᠤ ᠳᠡᠯᠭᠡᠭᠦᠷ ᠨᠢ ᠠᠪᠠᠭ᠎ᠠ ᠳᠡᠷᠯᠢᠭ ᠤᠶᠤᠬᠤ ᠠᠴᠠ | ᠭᠠᠳᠠᠨ᠎ᠠ ᠯᠠᠮᠠ ᠵᠠᠭᠠᠮ᠎ᠠ ᠲᠠᠢ ᠳᠡᠷᠯᠢᠭ᠂ ᠳᠠᠶᠢᠰᠠᠨ ᠤ ᠬᠤᠪᠴᠠᠰᠦ ᠵᠠᠰᠠᠯ ᠤᠶᠤᠬᠤ ᠪᠠᠷ ᠢᠶᠠᠨ ᠤᠨᠴᠠᠯᠢᠭᠳᠠᠵᠦ᠂ | ᠨᠠᠩ ᠢᠯᠠᠩᠭᠤᠶ᠎ᠠ ᠪᠤᠯᠠᠭᠠᠨ ᠮᠠᠯᠠᠭᠠᠢ᠂ ᠲᠤᠭᠤᠷᠴᠤᠭ ᠮᠠᠯᠠᠭᠠᠢ ᠬᠡᠬᠦ ᠮᠡᠳᠦ ᠶᠢᠨ ᠰᠢᠨ᠎ᠠ ᠬᠠᠭᠤᠴᠢᠨ ᠮᠠᠶ᠋ᠢᠭ ᠤᠨ | ᠮᠠᠯᠠᠭᠠᠢ ᠤᠶᠤᠬᠤ ᠳᠤ ᠪᠠᠨ ᠠᠯᠳᠠᠷᠰᠢᠵᠦ ᠬᠡᠷᠡᠭᠯᠡᠭᠴᠢ ᠤᠯᠠᠨ ᠳᠤ ᠮᠡᠳᠡᠷᠡᠭᠳᠡᠰᠡᠭᠡᠷ ᠢᠷᠡᠭᠰᠡᠨ ᠪᠠᠶᠢᠨ᠎ᠠ᠃ ᠡᠨᠡ ᠨᠢ | ᠶᠠᠷᠢᠶᠠᠨ ᠦᠭᠡᠢ ᠳᠡᠯᠭᠡᠭᠦᠷ ᠡᠷᠬᠢᠯᠡᠭᠰᠡᠨ ᠬᠤᠷᠢᠨ ᠵᠢᠯ ᠤᠨ ᠲᠤᠷᠰᠢᠬᠢ ᠦᠢᠯᠡᠰ ᠢᠶᠠᠨ ᠬᠡᠬᠦ ᠬᠤᠪᠢᠷᠠᠰᠢ ᠦᠭᠡᠢ | ᠰᠡᠳᠬᠢᠯ᠂ ᠪᠠᠭᠤᠷᠠᠰᠢ ᠦᠭᠡᠢ ᠤᠷᠮ᠎ᠠ ᠵᠤᠷᠢᠭ ᠤᠨ ᠬᠢ ᠨᠢ ᠪᠠᠷᠢᠮᠳᠠᠯᠠᠯ ᠪᠠᠶᠢᠵᠦ ᠳᠠᠭᠠᠷᠠᠨ᠎ᠠ᠃ ᠠᠩᠬ᠎ᠠ ᠨᠢᠭᠡ | ᠳᠠᠰᠤᠯᠭ᠎ᠠ ᠵᠢᠵᠢᠭ ᠦᠷᠦᠭᠡᠨ ᠳᠤ ᠦᠢᠯᠡᠰ ᠤᠨ ᠮᠦᠷ ᠢᠶᠠᠨ ᠡᠬᠢᠯᠡᠬᠦᠯᠦᠭᠡᠳ᠂ ᠤᠶᠤᠳᠠᠯ ᠤᠨ ᠤᠷ᠎ᠠ ᠮᠡᠷᠭᠡᠵᠢᠯ | ᠢᠶᠠᠨ ᠳᠠᠰᠤᠷᠠᠯᠳᠠ ᠦᠭᠡᠢ ᠳᠡᠭᠡᠭᠰᠢᠯᠡᠬᠦᠯᠵᠦ ᠢᠷᠡᠭᠰᠡᠨ ᠮᠦᠷᠳᠡᠭᠡᠨ ᠰᠢᠨ᠎ᠠ ᠮᠠᠶ᠋ᠢᠭ ᠤᠨ ᠤᠷ᠎ᠠ ᠤᠶᠤᠳᠠᠯ ᠢ | ᠰᠠᠨᠠᠭᠠᠴᠢᠯᠠᠨ ᠰᠡᠳᠬᠢᠵᠦ ᠰᠤᠷᠤᠯᠴᠠᠨ ᠤᠶᠢᠯᠠᠭᠠᠵᠦ ᠢᠳᠡᠪᠬᠢᠯᠡᠨ ᠠᠵᠢᠯᠯᠠᠭᠰᠠᠨ ᠢᠶᠠᠷ᠂ ᠴᠠᠭ ᠬᠤᠭᠤᠴᠠᠭᠠᠨ ᠤ | ᠡᠯᠡᠭᠡᠯᠳᠡ ᠳᠤ ᠤᠯᠠᠮ ᠳᠠᠪᠳᠠᠭᠳᠠᠨ ᠦᠨᠦᠳᠦᠷ ᠪᠤᠯᠬᠤ ᠳᠤ ᠦᠢᠯᠡ ᠤᠶᠤᠳᠠᠯ ᠤᠨ ᠤᠨᠴᠠᠯᠢᠭ ᠢᠶᠠᠷ ᠢᠶᠠᠨ ᠤᠯᠠᠨ | ᠳᠤ ᠲᠠᠨᠢᠭᠳᠠᠵᠦ ᠶᠠᠪᠤᠭ᠎ᠠ᠃ | ︽ᠠᠩᠬ᠎ᠠ ᠳᠡᠯᠭᠡᠭᠦᠷ ᠨᠡᠭᠡᠭᠡᠭᠰᠡᠨ ᠳᠡᠷᠡ ᠦᠶ᠎ᠠ ᠤᠶᠤᠳᠠᠯ ᠴᠦᠭᠡᠨ᠂ ᠬᠦᠮᠦᠰ ᠨᠢᠭᠡ ᠳᠡᠷᠯᠢᠭ ᠤᠶᠤᠭᠤᠯᠪᠠᠯ | ᠪᠠᠷᠤᠭ ᠬᠤᠶᠠᠷ ᠭᠤᠷᠪᠠᠨ ᠵᠢᠯ᠂ ᠴᠢᠨᠠᠭᠰᠢᠯᠠᠭᠠᠳ ᠬᠡᠳᠦᠨ ᠵᠢᠯ ᠡᠮᠦᠰᠴᠢᠭᠡᠨᠡ᠂ ᠤᠶᠢᠷ᠎ᠠ ᠶᠢᠨ ᠬᠡᠳᠦᠨ ᠵᠢᠯ ᠬᠦᠮᠦᠰ | ᠤᠨ ᠠᠮᠢᠳᠤᠷᠠᠯ ᠤᠨ ᠨᠦᠬᠦᠴᠡᠯ ᠰᠠᠶᠢᠵᠢᠷᠠᠭᠰᠠᠨ ᠢ ᠬᠡᠯᠡᠬᠦ ᠤᠤ᠂ ᠬᠦᠮᠦᠰ ᠤᠨ ᠤᠯᠠᠨ ᠵᠦᠢᠯ ᠤᠨ ᠲᠠᠯᠠᠪᠤᠷ ᠲᠤ | ᠤᠨᠳᠤᠤ ᠤᠨᠳᠤᠤ ᠲᠡᠷᠯᠢᠭ ᠡᠮᠦᠰᠬᠦ ᠱᠠᠭᠠᠷᠳᠠᠯᠭ᠎ᠠ ᠲᠠᠢ ᠪᠤᠯᠤᠭᠰᠠᠨ ᠠᠴᠠ ᠬᠡᠬᠦ ᠤᠤ ᠨᠢᠭᠡ ᠬᠦᠮᠦᠨ ᠪᠠᠷᠤᠭ ᠬᠡᠳᠦᠨ | ᠶᠠᠩᠵᠦ ᠶᠢᠨ ᠳᠡᠷᠯᠢᠭ ᠬᠤᠪᠴᠠᠰᠦ ᠤᠶᠤᠭᠤᠯᠵᠦ ᠡᠮᠦᠰᠳᠡᠭ ᠪᠤᠯᠤᠭᠰᠠᠨ᠂ ᠤᠤᠯ ᠨᠢ ᠵᠦᠪᠭᠡᠨ ᠠᠪᠠᠭ᠎ᠠ ᠳᠡᠷᠯᠢᠭ | ᠳᠡᠪᠡᠯ ᠤᠶᠤᠭᠤᠯᠳᠠᠭ ᠪᠠᠶᠢᠭᠰᠠᠨ᠂ ᠤᠳᠤ ᠬᠦᠮᠦᠰ ᠤᠨ ᠱᠠᠭᠠᠷᠳᠠᠯᠭ᠎ᠠ ᠦᠨᠳᠦᠷ ᠪᠤᠯᠵᠦ᠂ ᠵᠠᠷᠢᠮ ᠨᠢ ᠳᠤᠷᠭ᠎ᠠ | ᠳᠤᠷᠳᠤᠩ ᠰᠤᠩᠭᠤᠬᠤ ᠠᠴᠠ ᠡᠬᠢᠯᠡᠭᠡᠳ ᠶᠠᠩᠵᠦ ᠬᠡᠯᠪᠡᠷᠢ ᠳᠤ ᠨᠢ ᠬᠦᠷᠳᠡᠯ᠎ᠡ ᠱᠠᠭᠠᠷᠳᠠᠯᠭ᠎ᠠ ᠳᠤᠷᠠᠳᠴᠦ᠂ ᠦᠪᠡᠷ | ᠦᠪᠡᠷ ᠤᠨ ᠦᠪᠡᠷᠮᠢᠴᠠ ᠰᠤᠳᠤᠨ ᠳᠡᠷᠯᠢᠭ ᠵᠠᠰᠠᠯ ᠢᠶᠠᠷ ᠭᠠᠩᠭᠠᠷᠠᠬᠤ ᠶᠢ ᠬᠦᠭᠡᠭᠡᠴᠡᠯᠳᠦᠳᠡᠭ ᠪᠤᠯᠤᠭᠰᠠᠨ ᠶᠤᠮ᠂ | ᠡᠶᠢᠮᠦ ᠠᠴᠠ ᠪᠢᠳᠠ ᠴᠦ ᠰᠢᠨ᠎ᠠ ᠴᠠᠭ ᠤᠨ ᠤᠶᠤᠳᠠᠯ ᠢ ᠰᠤᠷᠴᠦ ᠰᠤᠳᠤᠯᠵᠦ᠂ ᠦᠷᠬᠦᠯᠵᠢ ᠦᠪᠡᠷ ᠤᠨ ᠡᠰᠭᠡᠵᠦ | ᠤᠷᠠᠯᠠᠬᠤ᠂ ᠤᠶᠤᠵᠦ ᠰᠢᠳᠡᠬᠦ ᠮᠡᠷᠭᠡᠵᠢᠯ ᠢᠶᠠᠨ ᠴᠠᠭ ᠮᠦᠴᠠ ᠪᠦᠷᠢ ᠳᠤ ᠳᠡᠭᠡᠭᠰᠢᠯᠡᠬᠦᠯᠬᠦ ᠴᠢᠬᠤᠯᠠᠳᠠᠢ ᠪᠠᠶᠢᠳᠠᠭ︾ | ᠬᠡᠮᠡᠨ ᠨᠠᠨᠳᠢᠨ ᠲᠠᠨᠢᠯᠴᠠᠭᠤᠯᠤᠨ᠎ᠠ᠃ | ᠤᠷᠠᠨ ᠤᠶᠤᠳᠠᠯ ᠤᠨ ᠭᠠᠶᠢᠬᠠᠮᠰᠢᠭ ᠢ ᠬᠠᠷᠠᠭᠤᠯᠵᠦ᠂ ᠠᠪᠠᠭ᠎ᠠ ᠤᠶᠤᠳᠠᠯ ᠤᠨ ᠢᠶᠠᠨ ᠰᠠᠶᠢᠬᠠᠨ ᠢ | ᠪᠠᠭ᠋ᠠᠷᠬᠠᠭᠤᠯᠵᠦ ᠶᠠᠪᠤᠭ᠎ᠠ ︽ᠤᠷᠠᠨ ᠴᠤᠭᠯᠠᠭᠠᠨ︾ ᠮᠤᠩᠭᠤᠯ ᠬᠤᠪᠴᠠᠰᠦ ᠵᠠᠰᠠᠯ ᠤᠨ ᠳᠡᠯᠭᠡᠭᠦᠷ ᠴᠦ ᠴᠠᠭᠠᠨ ᠰᠠᠷ᠎ᠠ | ᠶᠢᠨ ᠳᠡᠷᠯᠢᠭ ᠳᠡᠪᠡᠯ ᠤᠨ ᠵᠠᠬᠢᠶᠠᠯᠭ᠎ᠠ ᠳᠤᠰᠤᠭᠠᠳ ᠶᠠᠭᠠᠷᠠᠦ᠃ | ︽ᠤᠷᠠᠨ ᠴᠤᠭᠯᠠᠭᠠᠨ︾ ᠮᠤᠩᠭᠤᠯ ᠬᠤᠪᠴᠠᠰᠦ ᠵᠠᠰᠠᠯ ᠤᠨ ᠳᠡᠯᠭᠡᠭᠦᠷ ᠤᠨ ᠡᠵᠡᠨᠳᠡᠨ ᠤᠳᠬᠠᠨᠬᠤᠸᠠᠷ | 2009 ᠤᠨ ᠳᠤ ᠳᠡᠯᠭᠡᠭᠦᠷ ᠡᠷᠬᠢᠯᠡᠭᠰᠡᠨ ᠠᠴᠠ ᠨᠠᠰᠢ ᠦᠢᠯᠡ ᠤᠶᠤᠳᠠᠯ ᠤᠨ ᠠᠵᠢᠯ ᠳᠠᠭᠠᠨ ᠰᠢᠮᠳᠠᠨ᠂ ᠢᠷᠡᠭᠰᠡᠨ | ᠬᠡᠶᠢᠴᠢᠨ ᠪᠦᠬᠦᠨ ᠤ ᠬᠤᠪᠴᠠᠰᠦ ᠵᠠᠰᠠᠯ ᠢ ᠨᠢᠮᠪᠠᠢ ᠰᠠᠶᠢᠬᠠᠨ ᠤᠶᠤᠵᠦ ᠦᠭᠳᠡᠭ ᠢᠶᠠᠷ ᠢᠶᠠᠨ ᠤᠯᠠᠨ ᠬᠡᠷᠡᠭᠯᠡᠭᠴᠢ | ᠶᠢᠨ ᠳᠠᠭᠠᠰᠢᠶᠠᠯ ᠢ ᠤᠯᠵᠠᠢ᠃ | ︽ᠴᠠᠭᠠᠨ ᠰᠠᠷ᠎ᠠ ᠤᠶᠢᠷᠠᠳᠤᠭᠰᠠᠨ ᠨᠢᠭᠡ ᠰᠠᠷ᠎ᠠ ᠶᠢᠨ ᠬᠤᠭᠤᠴᠠᠭᠠᠨ ᠳᠤ ᠪᠠᠷᠤᠭ ᠲᠠᠪᠢ ᠰᠢᠬᠠᠮ ᠵᠠᠬ᠎ᠠ ᠳᠡᠷᠯᠢᠭ | ᠬᠤᠪᠴᠠᠰᠦᠨ ᠤ ᠵᠠᠬᠢᠶᠠᠯᠠᠭ᠎ᠠ ᠳᠤᠰᠤᠭᠰᠠᠨ᠂ ᠤᠳᠤ ᠪᠦᠷ ᠤᠶᠤᠭᠠᠳ ᠳᠠᠭᠤᠰᠬᠠᠴᠢᠬᠠᠯ᠎ᠠ᠂ ᠴᠠᠭᠠᠨ ᠰᠠᠷ᠎ᠠ ᠶᠢᠨ | ᠤᠶᠤᠳᠠᠯ ᠤᠨ ᠵᠠᠬᠢᠶᠠᠯᠭ᠎ᠠ ᠳᠤ ᠠᠪᠠᠭ᠎ᠠ ᠳᠡᠷᠯᠢᠭ ᠭᠤᠤᠯᠳᠠᠢ᠂ ᠵᠠᠷᠢᠮ ᠨᠢ ᠬᠠᠪᠤᠭᠠᠰᠦ ᠲᠠᠢ ᠬᠦᠪᠦᠩ ᠳᠡᠷᠯᠢᠭ᠂ | ᠪᠤᠯᠠᠭᠠᠨ ᠨᠢᠳᠤᠷᠭ᠎ᠠ ᠲᠠᠢ ᠳᠡᠷᠯᠢᠭ ᠤᠶᠤᠭᠤᠯᠵᠦ ᠪᠠᠶᠢᠨ᠎ᠠ᠂ ᠡᠨᠡ ᠵᠢᠯ ᠤᠨ ᠶᠠᠭᠠᠷᠠᠤ ᠪᠠᠶᠢᠳᠠᠯ ᠦᠩᠭᠡᠷᠡᠭᠰᠡᠨ ᠵᠢᠯ ᠢ | ᠪᠤᠳᠤᠪᠠᠯ ᠠᠷᠠᠢ ᠭᠠᠶᠢᠭᠤᠢ᠂ ᠭᠤᠤᠯᠳᠠᠭᠤ ᠵᠢᠯ ᠤᠷᠤᠵᠦ ᠪᠠᠶᠢᠭ᠎ᠠ᠂ ᠭᠡᠷ ᠪᠦᠯᠢ ᠪᠠᠷ ᠢᠶᠠᠨ ᠢᠵᠢᠯᠢ ᠲᠡᠷᠯᠢᠭ | ᠡᠮᠦᠰᠬᠦ ᠰᠠᠨᠠᠭ᠎ᠠ ᠲᠠᠢ ᠬᠦᠮᠦᠰ ᠰᠢᠨ᠎ᠡ ᠲᠡᠷᠯᠢᠭ ᠤᠶᠤᠭᠤᠯᠵᠦ ᠪᠠᠶᠢᠭ᠎ᠠ ᠨᠢ ᠤᠯᠠᠨ︾ ᠭᠡᠵᠦ ᠤᠳᠬᠠᠨᠬᠤᠸᠠᠷ | ᠤᠴᠢᠷᠯᠠᠵᠦ ᠪᠠᠶᠢᠯ᠎ᠠ᠃ | ᠦᠨᠦ ᠴᠠᠭ ᠲᠤ ᠦᠪᠡᠷ ᠦᠪᠡᠷ ᠤᠨ ᠭᠤᠸ᠎ᠠ ᠰᠠᠶᠢᠬᠠᠨ ᠤ ᠬᠦᠭᠡᠭᠡᠴᠡᠯᠳᠦᠯ ᠢᠶᠠᠷ ᠢᠶᠠᠨ ᠤᠳᠤᠬᠢ ᠮᠠᠶ᠋ᠢᠭ ᠤᠨ | ᠳᠡᠷᠯᠢᠭ ᠬᠤᠪᠴᠠᠰᠦ ᠤᠶᠤᠭᠤᠯᠵᠦ ᠡᠮᠦᠰᠳᠡᠭ ᠨᠢ ᠵᠦᠩᠳᠡᠭᠡᠨ ᠴᠦ ᠠᠪᠠᠭ᠎ᠠ ᠳᠡᠷᠯᠢᠭ ᠨᠢ ᠤᠯᠠᠨ ᠵᠢᠯ ᠤᠨ ᠳᠤᠷᠰᠢ᠂ | ᠤᠳᠤ ᠪᠤᠯᠳᠠᠯ᠎ᠠ ᠬᠡᠵᠢᠶ᠎ᠡ ᠠᠪᠤᠭᠠᠳ ᠡᠮᠦᠰᠬᠦ ᠳᠤ ᠴᠦ ᠤᠯᠠᠷᠢᠬᠤ ᠦᠭᠡᠢ ᠰᠠᠶᠢᠬᠠᠨ ᠳᠡᠷᠯᠢᠭ ᠬᠤᠪᠴᠠᠰᠦ ᠪᠤᠯᠵᠦ | ᠪᠠᠶᠢᠭᠰᠠᠭᠠᠷ᠃ | ᠰᠢᠨ᠎ᠠ ᠵᠢᠯ ᠴᠠᠭᠠᠨ ᠰᠠᠷ᠎ᠠ ᠳᠤ ᠪᠠᠨ ᠠᠶᠢᠯᠴᠢᠨ ᠬᠡᠶᠢᠴᠢᠨ ᠰᠠᠶᠢᠨ ᠤ ᠮᠡᠨᠳᠦ ᠲᠠᠢ ᠵᠦᠷᠢᠯᠳᠤᠵᠦ᠂ ᠰᠠᠶᠢᠬᠠᠨ | ᠪᠦᠬᠦᠨ ᠢ ᠪᠡᠯᠭᠡᠳᠡᠬᠦ ᠪᠠᠶᠠᠷᠳᠦ ᠴᠠᠭ ᠮᠦᠴᠠ ᠳᠤ᠂ ᠰᠢᠷᠡᠭᠡ ᠲᠦᠬᠦᠷᠡᠩ ᠦᠷᠦᠭᠡᠰᠦᠳᠠᠢ ᠢᠳᠡᠭᠡᠨ ᠤ ᠲᠡᠭᠡᠵᠢ ᠳᠤ | ᠴᠠᠭᠠᠨ ᠢᠳᠡᠭᠡᠨ ᠡᠳ᠋ᠰᠢᠬᠦᠯᠵᠦ ᠪᠤᠯᠪᠠᠰᠤᠷᠠᠭᠤᠯᠬᠤ ᠮᠡᠷᠭᠡᠵᠢᠯ ᠬᠠᠷᠠᠭᠤᠯᠤᠨ᠂ ᠡᠮᠦᠰᠴᠦ ᠵᠡᠬᠦᠬᠦ ᠠᠴᠠ ᠦᠢᠯᠡ | ᠤᠶᠤᠳᠠᠯ ᠤᠨ ᠤᠷᠠᠨ ᠢ ᠱᠠᠭᠰᠢᠯᠠᠭᠤᠯᠤᠭᠰᠠᠨ ᠬᠦᠮᠦᠨ ᠠᠷᠠᠳ ᠤᠨ ᠬᠢᠨᠢ ᠬᠦᠳᠡᠯᠮᠤᠷᠢ ᠦᠢᠯᠡ ᠪᠠᠭ᠋ᠠᠳᠤᠭᠤᠰᠢᠳᠠᠢ︕ | ᠵᠤᠷᠢᠭᠰᠠᠨ ᠦᠢᠯᠡᠰ ᠨᠢ ᠦᠭᠡᠳᠠ ᠲᠠᠢ ᠦᠩᠭᠡ ᠲᠠᠢ︕ | ᠰᠢᠨᠡᠯᠡᠭᠡᠴᠢᠳ ᠮᠠᠨᠢ ᠰᠠᠷ᠎ᠠ ᠰᠢᠨ᠎ᠠ ᠳᠡᠭᠡᠨ ᠰᠠᠶᠢᠬᠠᠨ ᠰᠢᠨᠡᠯᠡᠭᠡᠷᠠᠢ︕ |