ᠠᠪᠠᠭ᠎ᠠ ᠬᠤᠰᠢᠭᠤᠨ ᠤ ᠴᠠᠭᠠᠨᠨᠠᠭᠤᠷ ᠪᠠᠯᠭᠠᠰᠤᠨ ᠤ ᠨᠠᠷᠠᠨᠪᠤᠯᠠᠭ ᠭᠠᠴᠠᠭᠠᠨ ᠤ ᠮᠠᠯᠴᠢᠨ ᠲᠡᠮᠦᠷᠪᠠᠭᠠᠨ᠎ᠠ | ᠮᠠᠯ ᠢᠶᠠᠨ ᠮᠠᠯᠵᠢᠬᠤ ᠶᠢᠨ ᠳᠠᠭᠠᠤ ᠰᠤᠯᠠ ᠰᠡᠯᠡᠭᠦᠦ ᠴᠠᠭ ᠢᠶᠠᠷ ᠢᠶᠠᠨ ᠤᠷᠭ᠎ᠠ ᠬᠢᠵᠦ ᠪᠤᠷᠤᠯᠠᠭᠤᠯᠤᠨ ᠮᠠᠯᠵᠢᠯ ᠤᠨ | ᠪᠤᠰᠤ ᠤᠷᠤᠯᠭ᠎ᠠ ᠡᠭᠦᠳᠳᠡᠭ᠂ ᠲᠡᠭᠦᠨ ᠤ ᠬᠢᠭᠰᠡᠨ ᠤᠷᠭ᠎ᠠ ᠨᠢ ᠴᠢᠨᠠᠷᠯᠢᠭ ᠮᠦᠷᠲᠡᠭᠡᠨ ᠪᠠᠷᠢᠬᠤ ᠳᠤ ᠡᠪᠯᠢᠭᠬᠡᠨ | ᠪᠠᠶᠢᠳᠠᠭ ᠢᠶᠠᠷ ᠢᠶᠠᠨ ᠮᠠᠯᠴᠢᠳ ᠤᠨ ᠲᠠᠭᠠᠰᠢᠶᠠᠯ ᠶᠢ ᠶᠡᠬᠡᠳᠡ ᠤᠯᠵᠡᠢ᠃ | ᠲᠡᠮᠦᠷᠪᠠᠭᠠᠨ᠎ᠠ ᠤᠷᠭ᠎ᠠ ᠬᠢᠵᠦ ᠮᠠᠯᠵᠢᠯ ᠤᠨ ᠪᠤᠰᠤ ᠤᠷᠤᠯᠭ᠎ᠠ ᠡᠭᠦᠳᠦᠨ᠎ᠡ | ᠲᠡᠮᠦᠷᠪᠠᠭᠠᠨ᠎ᠠ 1988 ᠣᠨ—2000 ᠣᠨ ᠪᠣᠯᠲᠠᠯ᠎ᠠ ᠬᠠᠶᠠ ᠤᠷᠭ᠎ᠠ ᠬᠢᠵᠦ ᠣᠶᠢᠷ᠎ᠠ ᠬᠠᠪᠢ ᠶᠢᠨ | ᠮᠠᠯᠴᠢᠳ ᠲᠤ ᠪᠣᠷᠤᠯᠠᠭᠤᠯᠬᠤ ᠪᠤᠶᠤ ᠦᠨ᠎ᠡ ᠲᠥᠯᠦᠪᠦᠷᠢ ᠦᠭᠡᠢ ᠪᠠᠷ ᠥᠭᠳᠡᠭ ᠪᠠᠶᠢᠭᠰᠠᠨ ᠢᠶᠠᠨ ᠰᠡᠭᠦᠯᠡᠷ ᠨᠢ | ᠬᠥᠳᠡᠭᠡ ᠶᠢᠨ ᠠᠵᠢᠯ ᠶᠠᠭᠠᠷᠠᠯᠲᠠᠢ᠂ ᠬᠡᠦᠬᠡᠳ ᠨᠢ ᠰᠤᠷᠭᠠᠭᠤᠯᠢ ᠳᠤ ᠰᠠᠭᠤᠬᠤ ᠵᠡᠷᠭᠡ ᠡᠯ᠎ᠡ ᠵᠦᠢᠯ ᠤᠨ | ᠰᠢᠯᠲᠠᠭᠠᠨ ᠠᠴᠠ ᠪᠣᠯᠤᠭᠠᠳ ᠤᠷᠭ᠎ᠠ ᠬᠢᠬᠦ ᠪᠠᠨ ᠵᠤᠭᠰᠤᠭᠰᠠᠨ ᠪᠠᠶᠢᠨ᠎ᠠ᠃ 2007 ᠣᠨ ᠠᠴᠠ ᠡᠬᠢᠯᠡᠨ ᠤᠷᠭ᠎ᠠ | ᠬᠢᠵᠦ ᠪᠤᠷᠤᠯᠠᠭᠤᠯᠬᠤ ᠪᠤᠯᠵᠤ᠂ ᠭᠤᠷᠪᠠᠨ ᠰᠠᠷ᠎ᠠ ᠶᠢᠨ ᠬᠤᠭᠤᠴᠠᠭᠠᠨ ᠳᠤ ᠲᠠᠪᠢᠭᠠᠳ ᠤᠷᠭ᠎ᠠ ᠬᠢᠳᠡᠭ᠃ | ᠲᠡᠮᠦᠷᠪᠠᠭᠠᠨ᠎ᠠ ᠬᠢᠭᠰᠡᠨ ᠤᠷᠭ᠎ᠠ ᠪᠠᠨ ᠤᠷᠲᠤ ᠪᠠᠷ ᠨᠢ 420cm᠂ 430cm᠂ 560cm᠂ 570cm᠂ | 600cm ᠭᠡᠵᠦ ᠬᠤᠪᠢᠶᠠᠨ᠂ ᠤᠷᠲᠤ ᠨᠢ ᠠᠳᠠᠯᠢ ᠦᠭᠡᠢ ᠠᠴᠠ ᠦᠨ᠎ᠡ ᠨᠢ ᠴᠦ ᠠᠳᠠᠯᠢ ᠦᠭᠡᠢ ᠪᠠᠶᠢᠵᠤ᠂ | 300 ᠲᠦᠭᠦᠷᠢᠭ—600 ᠲᠦᠭᠦᠷᠢᠭ ᠤᠨ ᠬᠤᠭᠤᠷᠤᠨᠳᠣ ᠬᠤᠳᠠᠯᠳᠤᠵᠤ᠂ ᠵᠢᠯ ᠤᠨ 1—2 ᠲᠦᠮᠡᠨ | ᠲᠦᠭᠦᠷᠢᠭ ᠤᠨ ᠴᠡᠪᠡᠷ ᠣᠷᠤᠯᠭ᠎ᠠ ᠡᠭᠦᠳᠳᠡᠭ ᠃ | ︽ᠤᠷᠭ᠎ᠠ ᠶᠢ ᠪᠦᠬᠦ ᠵᠢᠯ ᠢᠶᠠᠷ ᠬᠢᠵᠦ ᠳᠡᠶᠢᠯᠳᠡᠭ ᠦᠭᠡᠢ ᠰᠢᠦ᠂ ᠤᠷᠭ᠎ᠠ ᠬᠢᠬᠦ ᠰᠠᠷ᠎ᠠ ᠪᠣᠯ 4 ᠰᠠᠷ᠎ᠠ ᠠᠴᠠ 6 | ᠰᠠᠷ᠎ᠠ ᠶᠢᠨ ᠬᠤᠭᠤᠷᠤᠨᠳᠣ᠂ ᠪᠤᠷᠤᠭᠠᠨ ᠤᠷᠤᠭᠠᠳ ᠡᠬᠢᠯᠡᠪᠡᠯ ᠤᠷᠭ᠎ᠠ ᠬᠢᠬᠦ ᠪᠠᠨ ᠵᠤᠭᠰᠤᠳᠠᠭ᠃ ᠮᠢᠨᠤ ᠤᠷᠭ᠎ᠠ | ᠬᠢᠳᠡᠭ ᠭᠤᠣᠯ ᠮᠠᠲ᠋ᠧᠷᠢᠶᠠᠯ ᠪᠣᠯ ᠪᠤᠷᠭᠠᠰᠤ᠂ ᠪᠤᠷᠭᠠᠰᠤ ᠪᠠᠨ ᠮᠠᠨ ᠤ ᠪᠠᠯᠭᠠᠰᠤᠨ ᠤ ᠤᠯᠠᠭᠠᠨ᠋ᠣ᠋ᠳᠣ ᠭᠠᠴᠠᠭᠠᠨ ᠤ | ᠲᠠᠨᠢᠳᠠᠭ ᠬᠦᠮᠦᠨ ᠠᠴᠠ ᠬᠤᠳᠠᠯᠳᠤᠨ ᠤᠷᠤᠭᠤᠯᠵᠤ᠂ ᠨᠢᠭᠡ ᠤᠷᠭ᠎ᠠ ᠶᠢᠨ ᠡᠰᠢᠨ ᠳᠤ ᠵᠠᠷᠤᠴᠠᠭᠤᠯᠬᠤ ᠮᠥᠩᠭᠦ ᠨᠢ | 70—80 ᠲᠦᠭᠦᠷᠢᠭ ᠲᠤ ᠬᠦᠷᠳᠡᠭ᠃ ᠥᠨᠥ ᠵᠢᠯ ᠤᠨ ᠬᠢᠬᠦ ᠤᠷᠭ᠎ᠠ ᠶᠢᠨ ᠪᠤᠷᠭᠠᠰᠤ ᠪᠠᠨ ᠨᠢᠳᠤᠨᠤᠨ ᠬᠠᠪᠤᠷ | ᠲᠤ ᠪᠠᠨ ᠬᠤᠳᠠᠯᠳᠤᠵᠤ ᠤᠷᠤᠭᠤᠯᠤᠨ᠂ ᠪᠤᠷᠭᠠᠰᠤ ᠪᠠᠨ ᠨᠢᠭᠡ ᠵᠤᠨ ᠬᠠᠲᠠᠭᠠᠳᠠᠭ ᠂ ᠳᠠᠷᠠᠭ᠎ᠠ ᠵᠢᠯ ᠤᠨ ᠬᠠᠪᠤᠷ ᠨᠢ | ᠬᠠᠲᠠᠭᠠᠭᠰᠠᠨ ᠪᠤᠷᠭᠠᠰᠤ ᠪᠠᠷ ᠢᠶᠠᠨ ᠤᠷᠭ᠎ᠠ ᠬᠢᠳᠡᠭ᠂ ᠨᠢᠭᠡ ᠤᠷᠭ᠎ᠠ ᠬᠢᠬᠦ ᠳᠤ ᠬᠤᠶᠠᠷ ᠡᠳᠦᠷ ᠤᠨ ᠴᠠᠭ | ᠵᠠᠷᠤᠴᠠᠭᠤᠯᠳᠠᠭ︾ ᠭᠡᠵᠦ ᠲᠡᠮᠦᠷᠪᠠᠭᠠᠨ᠎ᠠ ᠶᠠᠷᠢᠨ᠎ᠠ᠃ | ᠤᠶᠢᠯᠠᠭᠠᠭᠰᠠᠨ ᠢᠶᠠᠷ᠂ ᠲᠡᠭᠦᠨ ᠤ ᠬᠢᠭᠰᠡᠨ ᠤᠷᠭ᠎ᠠ ᠨᠢ ᠠᠪᠠᠭ᠎ᠠ ᠬᠤᠰᠢᠭᠤᠨ ᠤ ᠬᠡᠳᠦᠨ ᠰᠤᠮᠤ ᠪᠠᠯᠭᠠᠰᠤ ᠠᠴᠠ | ᠭᠠᠳᠠᠨ᠎ᠠ ᠰᠦᠨᠢᠳ ᠵᠡᠭᠦᠨ ᠬᠤᠰᠢᠭᠤ ᠪᠤᠯᠤᠨ ᠰᠦᠨᠢᠳ ᠪᠠᠷᠠᠭᠤᠨ ᠬᠤᠰᠢᠭᠤ ᠪᠠᠷ ᠪᠤᠷᠤᠯᠠᠭᠤᠯᠤᠭᠳᠠᠵᠤ᠂ ᠬᠢᠭᠰᠡᠨ | ᠤᠷᠭ᠎ᠠ ᠪᠠᠨ ᠲᠤᠰ ᠵᠢᠯ ᠳᠤ ᠨᠢ ᠪᠦᠷ ᠬᠤᠳᠠᠯᠳᠤᠭᠠᠳ ᠭᠠᠷᠭᠠᠴᠢᠬᠠᠳᠠᠭ᠃ | ᠵᠣᠯ ᠵᠢᠷᠭᠠᠯᠲᠤ ᠠᠮᠢᠳᠤᠷᠠᠯ ᠢᠶᠠᠨ ᠴᠤᠭᠴᠠᠯᠠᠨ ᠠᠵᠠ ᠵᠢᠷᠭᠠᠯ ᠲᠠᠢ ᠠᠮᠢᠳᠤᠷᠠᠨ᠎ᠠ | ᠣᠳᠣ ᠲᠡᠮᠦᠷᠪᠠᠭᠠᠨ᠎ᠠ ᠨᠠᠷᠠᠨᠪᠤᠯᠠᠭ ᠭᠠᠴᠠᠭᠠᠨ ᠳᠠᠬᠢ 3000 ᠮᠦ ᠨᠤᠲᠤᠭ ᠢᠶᠠᠨ ᠪᠤᠰᠤᠳ ᠲᠤ | ᠳᠦᠷᠢᠶᠡᠰᠦᠯᠡᠭᠦᠯᠦᠨ᠂ ᠭᠡᠷᠭᠡᠢ ᠶᠢᠨ ᠢᠶᠠᠨ ᠨᠤᠲᠤᠭ ᠠᠪᠠᠭ᠎ᠠ ᠬᠤᠰᠢᠭᠤᠨ ᠤ ᠴᠠᠭᠠᠨᠨᠠᠭᠤᠷ ᠪᠠᠯᠭᠠᠰᠤᠨ ᠤ | ᠨᠤᠭᠤᠭᠠᠨᠰᠢᠯᠢ ᠭᠠᠴᠠᠭᠠᠨ ᠳᠤ ᠰᠠᠭᠤᠷᠢᠰᠢᠵᠦ᠂ 5000 ᠮᠦ ᠨᠤᠲᠤᠭ ᠤᠨ ᠢᠶᠠᠨ ᠳᠠᠭᠠᠭᠠᠴᠠ ᠳᠤ ᠵᠤᠬᠢᠴᠠᠭᠤᠯᠤᠨ | ᠳᠦᠴᠢᠭᠡᠳ ᠦᠬᠡᠷ᠂ ᠴᠥᠭᠡᠪᠦᠷᠢ ᠢᠳᠡᠰᠢᠨ ᠤ ᠬᠤᠨᠢ ᠮᠠᠯᠵᠢᠵᠤ ᠪᠠᠶᠢᠳᠠᠭ᠃ ᠭᠠᠭᠴᠠ ᠬᠦᠦ ᠨᠢ ᠭᠡᠷ ᠪᠦᠯᠢ | ᠪᠠᠷ ᠢᠶᠠᠨ ᠰᠢᠯᠢ ᠶᠢᠨ ᠬᠤᠲᠠ ᠳᠤ ᠰᠠᠭᠤᠷᠢᠰᠢᠨ᠂ ᠬᠤᠶᠠᠷ ᠤᠮᠪᠤᠯᠤ ᠨᠢ ᠴᠦ ᠬᠦᠭᠡᠷᠦᠬᠦᠨ ᠴᠤᠪᠤᠭᠤᠯᠢᠭ ᠪᠠᠶᠢᠵᠤ᠂ | ᠦᠷ᠎ᠡ ᠬᠡᠦᠬᠡᠳ ᠤᠨ ᠪᠠᠶᠠᠰᠤᠯ ᠢ ᠡᠳ᠋ᠯᠡᠵᠦ᠂ ᠪᠠᠶᠠᠷ ᠵᠢᠷᠭᠠᠯᠲᠠᠢ ᠰᠠᠶᠢᠬᠠᠨ ᠠᠮᠢᠳᠤᠷᠠᠵᠤ ᠪᠠᠶᠢᠨ᠎ᠠ᠃ | |