ᠠᠪᠠᠭ᠎ᠠ ᠨᠣᠳᠤᠭ ᠤᠨ ᠠᠯᠳᠡᠷ ᠨᠡᠷ᠎ᠡ ᠶᠢ ᠲᠠᠭᠤᠷᠢᠰᠤᠭᠤᠯᠤᠭᠰᠠᠨ ︽ᠬᠠᠷ᠎ᠠ ᠮᠣᠷᠢᠳᠣ ᠰᠣᠮᠣ︾ ᠶᠢᠨ | ᠰᠠᠶᠢᠬᠠᠨ ᠨᠡᠷᠡᠶᠢᠳᠣᠯ ᠢᠶᠠᠷ ᠨᠠᠮ ᠲᠦᠷᠦ ᠶᠢᠨ ᠲᠡᠬᠡᠳᠣ ᠣᠳᠣᠷᠢᠳᠣᠭᠴᠢ ᠨᠡᠷ ᠤᠨ ᠬᠠᠯᠠᠮᠵᠢᠯᠠᠯ ᠲᠣᠬᠤᠨᠢᠭᠤᠯᠥᠯ ᠢ ᠨᠢ | ᠬᠦᠷᠳᠡᠵᠥ ᠶᠠᠪᠣᠭᠰᠠᠨ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠠᠷᠠᠳ ᠤᠨ ᠲᠦᠯᠥᠬᠡᠯᠡᠭᠴᠢ᠂ | ᠦᠪᠡᠷᠳᠡᠬᠡᠨ ᠵᠠᠰᠠᠬᠤ ᠣᠷᠣᠨ ᠤ ᠣᠯᠣᠰ ᠲᠦᠷᠦ ᠶᠢᠨ ᠵᠦᠪᠯᠡᠯᠬᠡᠨ ᠤ ᠬᠡᠰᠢᠬᠦᠨ᠂ ᠬᠢᠯᠢ ᠬᠢᠵᠠᠭᠠᠷ ᠣᠷᠣᠨ ᠤ | ᠮᠠᠯᠴᠢᠨ ᠲᠦᠮᠡᠨ ᠤ ᠪᠠᠨ ᠰᠡᠳᠬᠢᠯ ᠤᠨ ᠲᠠᠭᠤᠨ ᠢ ᠨᠠᠮ ᠵᠠᠰᠠᠭ ᠲᠤ ᠪᠠᠨ ᠰᠣᠨᠣᠷᠳᠠᠭᠤᠯᠣᠨ ᠲᠣᠯᠢᠯᠠᠭᠤᠯᠵᠥ | ᠪᠠᠶᠢᠭᠰᠠᠨ ᠪᠣᠷᠣᠬᠦᠣ ᠪᠣᠯ ᠪᠠᠶᠠᠨᠳᠤᠭ ᠰᠣᠮᠣᠨ ᠤ ᠨᠣᠮᠣᠭᠠᠨ ᠭᠠᠴᠠᠭᠠᠨ ᠤ ᠬᠠᠰᠢᠷ ᠮᠠᠯᠴᠢᠨ᠂ ᠬᠠᠮᠳᠣ ᠨᠡᠶᠢᠳᠡ ᠶᠢᠨ | ᠲᠦᠯᠥᠬᠡ ᠨᠠᠰᠣᠨ ᠲᠣᠷᠰᠢ ᠵᠢᠳᠬᠦᠵᠥ ᠶᠠᠪᠣᠭᠰᠠᠨ ᠰᠢᠯᠢᠳᠡᠭ ᠡᠪ ᠬᠠᠮᠳᠣ ᠨᠠᠮ ᠤᠨ ᠬᠡᠰᠢᠬᠦᠨ ᠪᠠᠶᠢᠭᠰᠠᠨ ᠶᠣᠮ᠃ | ᠪᠣᠷᠣᠬᠦᠣ 1929 ᠣᠨ ᠳᠤ ᠲᠦᠷᠦᠵᠥ᠂ ᠴᠠᠭ ᠦᠶ᠎ᠡ ᠶᠢᠨ ᠬᠠᠷᠠᠭ᠎ᠠ ᠪᠠᠷ ᠴᠡᠷᠢᠭ ᠡᠷ᠎ᠡ ᠶᠢᠨ ᠬᠠᠳᠠᠭᠤ | ᠠᠯᠪᠠᠨ ᠳᠤ ᠲᠠᠪᠳᠠᠭᠳᠠᠨ ᠪᠣᠯᠪᠠᠰᠣᠷᠠᠵᠥ ᠶᠠᠪᠣᠭᠰᠠᠨ ᠢᠶᠠᠨ 1949 ᠣᠨ ᠳᠤ ᠴᠢᠯᠥᠬᠡᠯᠡᠬᠦ ᠴᠡᠷᠢᠭ ᠠᠴᠠ ᠪᠠᠨ | ᠬᠠᠯᠠᠭᠳᠠᠨ ᠪᠠᠶᠠᠨᠳᠤᠭ ᠰᠣᠮᠣᠨ ᠤ ᠨᠣᠮᠣᠭᠠᠨ ᠭᠠᠴᠠᠭᠠᠨ ᠳᠤ ᠢᠷᠡᠵᠥ᠂ ᠡᠷᠣᠬᠡ ᠶᠢᠨ ᠴᠡᠷᠢᠭ ᠤᠨ ᠰᠣᠮᠣᠨ | ᠲᠠᠷᠤᠭ᠎ᠠ᠂ ᠨᠢᠭᠳᠠᠯᠠᠨ ᠪᠣᠳᠣᠭᠴᠢ ᠶᠢᠨ ᠠᠵᠢᠯ ᠢ ᠬᠠᠷᠢᠭᠤᠴᠠᠵᠥ᠂ ᠬᠢᠯᠢ ᠶᠢᠨ ᠬᠠᠮᠠᠭᠠᠯᠠᠯᠳᠠ ᠵᠡᠷᠬᠡ ᠶᠢᠨ ᠣᠷᠣᠨ | ᠨᠣᠳᠤᠭ ᠤᠨ ᠪᠦᠳᠦᠬᠡᠨ ᠪᠠᠶᠢᠭᠤᠯᠥᠯᠳᠠ ᠳᠤ ᠪᠠᠨ ᠮᠠᠷᠡᠶᠢᠨ ᠵᠢᠳᠬᠦᠵᠦ ᠶᠠᠪᠤᠭᠰᠠᠨ ᠶᠤᠮ᠃ ᠪᠣᠷᠣᠬᠦᠣ ᠴᠡᠷᠢᠭ | ᠠᠩᠬᠢ ᠳᠤ ᠪᠠᠶᠢᠬᠤ ᠠᠴᠠ ᠡᠬᠢᠯᠠᠨ ᠲᠠᠪᠰᠢᠭᠰᠠᠨ ᠬᠦᠮᠦᠰ ᠤᠨ ᠲᠡᠷᠢᠬᠦᠨ ᠤ ᠦᠵᠡᠯ ᠣᠬᠠᠮᠰᠡᠷ ᠢ ᠲᠠᠰᠣᠷᠠᠯᠳᠠ | ᠦᠬᠡᠢ ᠬᠦᠯᠢᠶᠡᠨ᠂ ᠦᠪᠡᠷ ᠤᠨ ᠦᠵᠡᠯ ᠰᠠᠨᠠᠭ᠎ᠠ ᠪᠠᠨ ᠣᠯᠠᠮ ᠴᠢᠯᠥᠬᠡᠯᠡᠬᠦ ᠶᠢᠨ ᠬᠠᠮᠳᠣ ︽ᠡᠬᠡ ᠣᠷᠣᠨ ᠠᠷᠠᠳ | ᠲᠦᠮᠡᠨ ᠢᠶᠠᠨ ᠭᠡᠰᠡᠨ ᠰᠠᠶᠢᠬᠠᠨ ᠦᠢᠯᠡᠰ ᠲᠤ ᠨᠠᠰᠣᠨ ᠲᠣᠷᠰᠢᠳᠠ ᠵᠢᠳᠬᠦᠨ᠎ᠠ︾ ᠬᠡᠰᠡᠨ ᠠᠮᠠᠯᠠᠯᠳᠠ ᠪᠠᠨ ᠪᠠᠳᠣ | ᠰᠠᠬᠢᠨ᠂ ᠬᠦᠳᠡᠭᠡ ᠨᠣᠳᠤᠭ ᠤᠨ ᠦᠷᠬᠡᠨ ᠣᠯᠠᠨ ᠮᠠᠯᠴᠢᠨ ᠲᠦᠮᠡᠨ ᠤ ᠦᠢᠯᠡᠳᠪᠦᠷᠢᠯᠠᠯ ᠠᠮᠢᠳᠣᠷᠠᠯ ᠤᠨ ᠲᠦᠯᠥᠬᠡ | ᠬᠠᠯᠠᠰᠢᠷᠠᠯ ᠦᠬᠡᠢ ᠵᠢᠳᠬᠦᠵᠥ ᠶᠠᠪᠤᠵᠠᠢ᠃ 1952 ᠣᠨ ᠳᠤ ᠲᠣᠰ ᠭᠠᠴᠠᠭᠠᠨ ᠤ ᠪᠠᠨ ᠬᠤᠷᠯᠣ ᠲᠠᠢ ᠠᠶᠢᠯ ᠬᠡᠷ | ᠪᠣᠯᠵᠥ᠂ ᠶᠡᠭᠡ ᠡᠪᠦᠯᠵᠢᠶ᠎ᠡ᠂ ᠪᠣᠳᠢᠶᠡ᠂ ᠴᠢᠯᠠᠭᠤᠨ ᠬᠤᠷᠣᠭᠠᠳᠣ᠂ ᠬᠦᠢᠰᠣ ᠶᠢᠨ ᠲᠣᠪᠤ᠂ ᠬᠡᠮᠬᠡᠬᠡᠷᠣᠣ ᠵᠡᠷᠬᠡ | ᠨᠣᠳᠤᠭ ᠪᠠᠭᠤᠴᠠ ᠪᠠᠷ ᠣᠯᠠᠷᠢᠯ ᠰᠡᠯᠬᠦᠨ ᠨᠣᠳᠣᠭᠯᠠᠨ᠂ ᠭᠤᠷᠪᠡᠨ ᠬᠦᠣ ᠨᠢᠬᠡ ᠦᠬᠢᠨ ᠲᠠᠢ ᠲᠡᠨᠢᠬᠦᠨ ᠵᠢᠷᠭᠠᠯᠳᠣ | ᠠᠶᠢᠯ ᠡᠷᠣᠬᠡ ᠪᠤᠯᠵᠠᠢ᠃ ᠭᠡᠬᠦ ᠳᠤ ᠪᠠᠨ ᠲᠡᠷᠡ ᠬᠤᠳᠠ ᠣᠰᠣᠨ ᠤ ᠮᠠᠯᠴᠢᠨ ᠲᠦᠮᠡᠨ ᠳᠤ ᠪᠠᠨ ᠴᠢᠳᠠᠬᠤ ᠶᠢᠨ | ᠴᠢᠨᠡᠭᠡ ᠪᠠᠷ ᠢᠶᠠᠨ ᠲᠣᠰᠠ ᠲᠡᠮᠵᠢᠯᠬᠡ ᠪᠣᠯᠵᠥ᠂ ᠠᠷᠠᠳ ᠲᠦᠮᠡᠨ ᠤ ᠰᠡᠳᠬᠢᠯ ᠤᠨ ᠬᠠᠨᠢ᠂ ᠠᠵᠢᠯ ᠤᠨ ᠬᠢᠨᠢ | ᠲᠦᠰᠢᠭ ᠪᠣᠯᠵᠥ ᠶᠠᠪᠣᠭᠰᠠᠨ ᠪᠢᠯᠡ᠃ | ᠨᠣᠮᠣᠭᠠᠨ ᠭᠠᠴᠠᠭ᠎ᠠ ᠨᠢ ᠲᠣᠬᠠᠢ ᠶᠢᠨ ᠦᠶ᠎ᠡ ᠳᠤ ᠪᠠᠨ ᠭᠤᠴᠢᠭᠠᠳ ᠭᠠᠵᠠᠷ ᠤᠨ ᠣᠷᠳᠣ ᠬᠢᠯᠢ ᠶᠢᠨ | ᠱᠣᠭᠤᠮ ᠲᠠᠢ ᠪᠠᠶᠢᠭᠰᠠᠨ ᠪᠦᠬᠡᠳ ᠬᠢᠯᠢ ᠶᠢᠨ ᠬᠤᠷᠢᠭᠠᠳᠣ ᠣᠷᠣᠨ ᠤ ᠡᠪᠡᠰᠣ ᠪᠡᠯᠴᠢᠬᠡᠷ ᠨᠢ ᠢᠭᠴᠣ ᠰᠠᠬᠤᠯᠢᠭ | ᠪᠣᠯᠬᠤᠷ ᠡᠪᠦᠯᠵᠢᠶᠠᠨ ᠤ ᠮᠠᠯ ᠣᠯᠠᠨ ᠪᠣᠯᠵᠥ᠂ ᠵᠣᠳ ᠰᠢᠭᠤᠷᠭᠠᠨ ᠪᠣᠯᠪᠠᠯ ᠬᠤᠶᠡᠷ ᠣᠯᠣᠰ ᠤᠨ ᠮᠠᠯ ᠰᠦᠷᠦᠭ | ᠣᠷᠣᠭᠤᠳᠠᠵᠥ ᠬᠢᠯᠢ ᠲᠠᠪᠠᠭ᠋ᠣ ᠶᠠᠪᠣᠳᠠᠯ ᠴᠣ᠋ ᠪᠠᠶᠢᠩᠭᠤ ᠭᠠᠷᠴᠣ ᠪᠠᠶᠢᠭᠰᠠᠨ ᠪᠦᠬᠡᠳ ᠡᠬᠦᠨ ᠤ ᠲᠠᠭᠠᠣ ᠪᠠᠰᠠ ᠬᠠᠣᠯᠢ | ᠪᠣᠰᠣ ᠡᠳᠡᠬᠡᠳ ᠡᠪᠳᠡᠯᠬᠡ ᠬᠢᠬᠦ᠂ ᠵᠠᠯᠢᠬᠠᠢ ᠶᠢ ᠰᠡᠷᠬᠡᠶᠢᠯᠡᠵᠥ ᠲᠠᠩᠨᠠᠭᠤᠯ ᠢ ᠢᠯᠡᠷᠡᠬᠦᠯᠬᠦ ᠡᠬᠦᠷᠬᠡ ᠬᠦᠨᠳᠣ ᠪᠠᠶᠢᠭᠰᠠᠨ | ᠪᠣᠯᠬᠤᠷ ᠬᠢᠯᠢ ᠶᠢᠨ ᠬᠠᠷᠠᠭᠤᠯ ᠮᠠᠨᠠᠭ᠎ᠠ ᠶᠢ ᠴᠢᠩᠭᠠᠳᠬᠠᠵᠥ ᠪᠠᠶᠢᠵᠠᠢ᠃ ᠲᠡᠭᠡᠬᠦ ᠳᠤ ᠪᠣᠷᠣᠬᠦᠣ ᠴᠡᠷᠢᠭ ᠡᠷ᠎ᠡ ᠶᠢᠨ | ᠣᠯᠣᠰ ᠬᠦᠷᠦᠨ ᠤ ᠬᠤᠭᠤᠷᠣᠨᠳᠦᠬᠢ ᠬᠢᠯᠢ ᠶᠢᠨ ᠱᠣᠭᠤᠮ ᠤᠨ ᠪᠠᠳᠣ ᠴᠢᠩᠭ᠎ᠠ ᠵᠣᠭᠰᠣᠯᠳᠠ ᠪᠠᠷ ᠬᠢᠯᠢ ᠶᠢᠨ | ᠬᠠᠮᠠᠭᠠᠯᠠᠯᠳᠠ ᠠᠵᠢᠯ ᠢᠶᠠᠨ ᠰᠠᠶᠢᠳᠤᠷ ᠬᠢᠵᠦ᠂ ᠲᠡᠬᠡᠳᠣ ᠱᠠᠳᠣᠨ ᠤ ᠦᠨᠳᠣᠷ ᠦᠨᠠᠯᠠᠯᠳᠠ ᠪᠠ ᠱᠠᠩᠨᠠᠯ ᠬᠦᠬᠢᠬᠦᠯᠥᠯ | ᠢ ᠣᠯᠠᠨᠳᠠ ᠲᠣᠰᠣᠭᠰᠠᠨ ᠪᠠᠶᠢᠨ᠎ᠠ᠃ | 1958 ᠣᠨ ᠳᠤ ᠠᠪᠠᠭ᠎ᠠ ᠬᠤᠰᠢᠭᠤᠨ ᠤ ︽ᠬᠠᠷ᠎ᠠ ᠮᠣᠷᠢᠳᠣ ᠴᠡᠷᠢᠭ︾ ᠤᠨ ᠰᠣᠮᠣ ᠨᠢ ᠠᠩᠬ᠎ᠠ ᠣᠳᠠᠭ᠎ᠠ | ᠵᠢᠩᠬᠢᠨᠢ ᠪᠠᠷ ᠪᠡᠯᠬᠦᠳᠡᠢ ᠪᠠᠯᠭᠠᠰᠣᠨ ᠤ ᠰᠠᠶᠢᠬᠠᠨᠳᠦ᠋ᠮᠡᠨ ᠭᠠᠴᠠᠭᠠᠨ ᠳᠤ ︵ᠣᠳᠣ ᠶᠢᠨ ᠪᠡᠯᠬᠦᠳᠡᠢ ᠪᠠᠯᠭᠠᠰᠣᠨ ᠤ | ᠰᠠᠶᠢᠬᠠᠨᠳᠦ᠋ᠮᠡᠨ ᠭᠠᠴᠠᠭ᠎ᠠ︶ ᠪᠠᠶᠢᠭᠤᠯᠣᠭᠳᠠᠬᠤ ᠳᠤ ᠪᠣᠷᠣᠬᠦᠣ ᠲᠣᠬᠠᠢ ᠶᠢᠨ ᠦᠶ᠎ᠡ ᠶᠢᠨ ᠬᠤᠰᠢᠭᠤ ᠵᠡᠪᠰᠡᠭᠳᠣ | ᠬᠦᠴᠦᠨ ᠤ ᠬᠡᠯᠳᠡᠰ ᠤᠨ ᠲᠠᠷᠤᠭ᠎ᠠ ᠪᠠᠶᠢᠭᠰᠠᠨ ᠯᠢ ᠹᠦ᠋ ᠰᠢᠶᠠᠨ ᠤ ᠵᠢᠭᠠᠪᠣᠷᠢ ᠪᠠᠷ ᠲᠣᠰ ᠡᠷᠣᠬᠡ ᠶᠢᠨ ᠴᠡᠷᠢᠭ ᠢ | ᠪᠣᠯᠪᠠᠰᠣᠷᠠᠭᠤᠯᠬᠤ ᠦᠩᠬᠡ ᠬᠡᠷᠡᠯᠳᠣ ᠡᠬᠦᠷᠬᠡ ᠶᠢ ᠬᠦᠯᠢᠶᠠᠨ ᠠᠪᠴᠣ᠂ ᠬᠤᠶᠡᠷ ᠰᠠᠷ᠎ᠠ ᠢᠯᠡᠬᠦᠣ ᠶᠢᠨ | ᠬᠠᠳᠠᠭᠤᠵᠢᠯᠳᠡᠢ ᠪᠣᠯᠪᠠᠰᠣᠷᠠᠯᠳᠠ ᠪᠠᠷ ᠲᠠᠮᠵᠢᠨ ᠡᠯ᠎ᠠ ᠭᠠᠴᠠᠭᠠᠨ ᠠᠴᠠ ᠢᠷᠡᠭᠰᠡᠨ ᠵᠠᠯᠠᠭᠤ ᠬᠦᠮᠦᠰ ᠢ ᠴᠡᠷᠢᠭ | ᠪᠠᠶᠢᠯᠳᠣᠭᠴᠢ ᠶᠢᠨ ᠱᠠᠭᠠᠷᠳᠠᠯᠭ᠎ᠠ ᠳᠤ ᠨᠡᠶᠢᠴᠡᠬᠦᠯᠥᠭᠰᠡᠨ ᠠᠴᠠ ᠲᠡᠬᠡᠳᠣ ᠱᠠᠳᠣᠨ ᠤ ᠦᠨᠳᠣᠷ ᠦᠨᠡᠯᠠᠯᠳᠠ ᠶᠢ | ᠣᠯᠣᠭᠰᠠᠨ ᠪᠠᠶᠢᠨ᠎ᠠ᠃ ᠲᠡᠷᠡ ᠡᠳᠡᠬᠡᠷ ᠡᠷᠣᠬᠡ ᠶᠢᠨ ᠴᠡᠷᠢᠭ ᠤᠳ ᠢᠶᠠᠨ ᠦᠳᠡ ᠶᠢᠨ ᠡᠮᠣᠨ᠎ᠠ ᠶᠢᠨ ᠲᠣᠭᠳᠠᠭᠰᠠᠨ | ᠪᠣᠯᠪᠠᠰᠣᠷᠠᠯ ᠢᠶᠠᠨ ᠬᠦᠢᠴᠡᠳᠬᠡᠭᠰᠡᠨ ᠤ ᠪᠠᠨ ᠲᠠᠷᠠᠭ᠎ᠠ ᠦᠳᠡ ᠶᠢᠨ ᠬᠤᠶᠢᠨ᠎ᠠ ᠪᠦᠬᠦ ᠡᠷᠣᠬᠡ ᠶᠢᠨ ᠴᠡᠷᠢᠭ ᠤᠨ | ᠪᠠᠶᠢᠯᠳᠣᠭᠴᠢᠳ ᠬᠠᠮᠳᠣᠪᠡᠷ ᠪᠣᠰᠣᠳ ᠮᠠᠯᠵᠢᠬᠤ ᠡᠷᠣᠬᠡ ᠶᠢᠨ ᠬᠤᠳᠠ ᠣᠰᠣ ᠶᠢ ᠬᠠᠮᠵᠢᠨ ᠴᠢᠯᠠᠭᠤᠨ ᠬᠦᠷᠢᠶ᠎ᠡ | ᠪᠠᠷᠢᠬᠤ᠂ ᠬᠤᠳᠳᠤᠭ ᠣᠰᠣ ᠴᠡᠪᠡᠷᠯᠡᠬᠦ᠂ ᠬᠦᠷᠵᠡᠩ ᠬᠤᠷᠤᠭ᠎ᠠ ᠭᠠᠷᠭᠠᠬᠤ᠂ ᠮᠠᠯ ᠤᠨ ᠣᠬᠢᠶᠠᠯᠳᠠ ᠴᠢᠳᠬᠤᠯᠳᠠ᠂ | ᠬᠤᠷᠠᠭ᠎ᠠ ᠬᠠᠶᠢᠴᠢᠯᠠᠬᠤ᠂ ᠬᠤᠨᠢᠨ ᠤ ᠭᠠᠷᠣᠯᠳᠠ ᠠᠪᠬᠤ᠂ ᠠᠳᠣᠭᠤᠨ ᠤ ᠲᠡᠯᠯᠡᠭᠡ ᠬᠢᠬᠦ᠂ ᠠᠳᠣᠭᠤᠨ ᠤ ᠶᠠᠮᠠ | ᠪᠠᠶᠢᠴᠠᠭᠠᠬᠤ ᠵᠡᠷᠬᠡ ᠮᠠᠯᠵᠢᠬᠤ ᠦᠢᠯᠡᠳᠪᠦᠷᠢᠯᠠᠯ ᠤᠨ ᠣᠯᠠᠨ ᠵᠦᠢᠯ ᠤᠨ ᠠᠵᠢᠯ ᠳᠤ ᠬᠠᠮᠵᠢᠯᠴᠠᠳᠠᠭ ᠢᠶᠠᠷ ᠮᠠᠯᠴᠢᠨ | ᠲᠦᠮᠡᠨ ᠤ ᠬᠠᠯᠠᠭᠤᠨ ᠬᠦᠷᠢᠶᠡᠯᠡᠯ ᠢ ᠣᠯᠵᠥ᠂ ᠠᠪᠠᠭ᠎ᠠ ᠶᠢᠨ ︽ᠬᠠᠷ᠎ᠠ ᠮᠣᠷᠢᠳᠣ ᠰᠣᠮᠣ︾ ᠶᠢᠨ ᠨᠡᠷ᠎ᠡ ᠠᠯᠳᠠᠷᠰᠢᠯ | ᠨᠢ ᠣᠯᠠᠨ ᠲᠦᠮᠡᠨ ᠤ ᠪᠠᠭ᠋ᠠᠷᠬᠠᠯ ᠢ ᠲᠠᠳᠠᠵᠦ ᠪᠠᠶᠢᠪᠠ᠃ ᠠᠪᠠᠭ᠎ᠠ ᠬᠤᠰᠢᠭᠤᠨ ᠤ ︽ᠬᠠᠷ᠎ᠠ ᠮᠣᠷᠢᠳᠣ ᠰᠣᠮᠣ︾ ᠶᠢᠨ | ᠨᠢᠬᠡᠳᠣᠯᠳᠡᠢ ᠲᠦᠪᠯᠡᠷᠡᠭᠰᠡᠨ ᠪᠣᠯᠪᠠᠰᠣᠷᠠᠯ ᠲᠠᠭᠤᠰᠣᠭᠰᠠᠨ ᠤ ᠲᠠᠷᠠᠭ᠎ᠠ ᠪᠠᠷ ᠪᠣᠷᠣᠬᠦᠣ ᠭᠠᠴᠠᠭᠠᠨ ᠤ ᠪᠠᠨ ᠡᠷᠣᠬᠡ ᠶᠢᠨ | ᠴᠡᠷᠢᠭ ᠢ ᠲᠣᠬᠠᠢ ᠶᠢᠨ ᠴᠠᠭ ᠦᠶ᠎ᠡ ᠶᠢᠨ ᠱᠠᠭᠠᠷᠳᠠᠯᠭ᠎ᠠ ᠪᠠ ᠲᠣᠰ ᠭᠠᠴᠠᠭᠠᠨ ᠤ ᠬᠢᠯᠢ ᠬᠢᠵᠠᠭᠠᠷ ᠤᠨ ᠪᠣᠳᠡᠳᠡᠢ | ᠪᠠᠶᠢᠳᠠᠯ ᠲᠠᠢ ᠣᠶᠠᠯᠳᠣᠭᠤᠯᠣᠨ᠂ ᠬᠢᠯᠢ ᠬᠢᠵᠠᠭᠠᠷ ᠤᠨ ᠠᠮᠣᠷ ᠲᠣᠭᠳᠠᠭᠤᠨ ᠢ ᠶᠡᠭᠡ ᠬᠦᠴᠦᠨ ᠢᠶᠠᠷ ᠬᠠᠮᠠᠭᠠᠯᠠᠵᠥ᠂ | ᠭᠠᠳᠠᠨ᠎ᠠ ᠲᠣᠳᠣᠨ᠎ᠠ ᠶᠢᠨ ᠵᠠᠯᠢᠬᠠᠢ ᠵᠠᠪᠰᠢᠭᠴᠢ ᠶᠢ ᠲᠠᠷᠣᠢ ᠲᠦᠷᠬᠡᠨ ᠢᠶᠠᠷ ᠢᠯᠡᠴᠢᠯᠡᠨ ᠮᠡᠳᠡᠬᠦᠯᠬᠦ᠂ ᠲᠣᠭᠳᠠᠭᠰᠠᠨ | ᠬᠤᠭᠤᠴᠠᠭ᠎ᠠ ᠲᠠᠢ ᠬᠢᠯᠢ ᠴᠠᠭᠳᠠᠬᠤ ᠶᠢᠨ ᠵᠡᠷᠬᠡᠴᠡᠭᠡ ᠪᠠᠷᠢᠭᠠᠳᠠ ᠨᠡᠶᠢᠳᠡ ᠶᠢᠨ ᠮᠠᠯᠵᠢᠬᠤ ᠦᠢᠯᠡᠳᠪᠦᠷᠢᠯᠠᠯ ᠳᠤ | ᠢᠳᠡᠪᠬᠢᠳᠡᠢ ᠣᠷᠣᠯᠴᠠᠨ ᠴᠢᠷᠮᠡᠶᠢᠨ ᠠᠵᠢᠯᠯᠠᠵᠥ ᠶᠠᠪᠣᠭᠰᠠᠨ ᠶᠣᠮ᠃ ᠠᠳᠠ ᠣᠨᠴᠠᠭᠠᠶᠢᠯᠠᠨ ᠲᠣᠷᠠᠳᠣᠭᠤᠰᠢᠳᠡᠢ ᠨᠢ | 1964 ᠣᠨ ᠳᠤ ᠦᠪᠦᠷ ᠮᠣᠩᠭᠤᠯ ᠤᠨ ᠴᠡᠷᠢᠭ ᠤᠨ ᠲᠣᠭᠤᠷᠢᠭ ᠤᠨ ᠬᠠᠷᠢᠭᠤᠴᠠᠯᠭᠠᠳᠠᠨ ᠨᠡᠷ ᠢᠷᠡᠵᠥ ᠨᠣᠮᠣᠭᠠᠨ | ᠭᠠᠴᠠᠭᠠᠨ ᠤ ᠡᠷᠣᠬᠡ ᠶᠢᠨ ᠴᠡᠷᠢᠭ ᠢ ᠬᠤᠪᠢᠰᠬᠠᠯᠳᠣ ᠣᠳᠣᠮᠰᠢᠯᠳᠣ ᠰᠠᠭᠤᠷᠢᠨ ᠭᠠᠵᠠᠷ ᠤᠨ ᠡᠷᠣᠬᠡ ᠶᠢᠨ ᠴᠡᠷᠢᠭ ᠤᠨ | ᠰᠣᠮᠣ ᠬᠡᠮᠡᠨ ᠦᠨᠡᠯᠡᠵᠥ᠂ ᠠᠷᠪᠠᠨ ᠯᠢᠶᠠᠨᠵᠣᠣ ᠫᠣᠣ ᠬᠦᠷᠬᠡᠭᠰᠡᠨ ᠠᠴᠠ ᠠᠪᠠᠭ᠎ᠠ ᠬᠤᠰᠢᠭᠤᠨ ᠳᠤ ᠪᠠᠨ ᠠᠩᠬᠠᠳᠠᠭᠴᠢ | ᠰᠢᠨ᠎ᠠ ᠴᠠᠭ ᠦᠶ᠎ᠡ ᠶᠢᠨ ᠫᠣᠣ ᠰᠣᠮᠣ ᠪᠠᠷ ᠵᠡᠪᠰᠡᠭᠯᠡᠭᠰᠡᠨ ᠡᠷᠣᠬᠡ ᠶᠢᠨ ᠴᠡᠷᠢᠭ ᠤᠨ ᠰᠣᠮᠣ ᠪᠣᠯᠣᠭᠰᠠᠨ ᠬᠡᠳᠡᠭ᠃ | ᠪᠣᠷᠣᠬᠦᠣ ᠵᠠᠯᠠᠭᠤ ᠪᠠᠭ᠎ᠠ ᠨᠠᠰᠣᠨ ᠠᠴᠠ ᠪᠠᠨ ᠬᠤᠪᠢᠰᠬᠠᠯ ᠤᠨ ᠶᠣᠰᠣ ᠣᠴᠢᠷ ᠢ ᠣᠬᠠᠭᠠᠷᠠᠨ᠂ ︽ᠠᠷᠠᠳ | ᠲᠦᠮᠡᠨ ᠤ ᠪᠠᠨ ᠲᠦᠯᠥᠬᠡ ᠦᠢᠯᠡᠴᠢᠯᠡᠨ᠎ᠠ︾ ᠬᠡᠰᠡᠨ ᠠᠨᠳᠠᠭᠠᠢ ᠲᠠᠩᠭᠠᠷᠢᠭ ᠢᠶᠠᠨ ᠪᠡᠶᠡᠯᠡᠬᠦᠯᠬᠦ ᠶᠢᠨ ᠲᠦᠯᠥᠬᠡ | ᠣᠯᠠᠨ ᠵᠢᠯ ᠨᠠᠮ ᠳᠤ ᠡᠷᠡᠮᠡᠯᠵᠡᠯᠡᠭᠰᠡᠨ ᠤ ᠡᠴᠣᠰ ᠲᠤ 1968 ᠣᠨ ᠳᠤ ︽ᠵᠢᠩᠬᠢᠨᠢ︾ ᠪᠠᠷ ᠨᠠᠮ ᠳᠤ | ᠡᠯᠰᠡᠭᠳᠡᠵᠦ᠂1976 ᠣᠨ ᠳᠤ ᠭᠠᠴᠠᠭᠠᠨ ᠤ ᠪᠠᠨ ᠨᠠᠮ ᠤᠨ ᠡᠬᠦᠷ ᠤᠨ ᠱᠦᠵᠢ ᠪᠠᠷ ᠠᠵᠢᠯᠯᠠᠭᠰᠠᠨ ᠪᠠᠶᠢᠨ᠎ᠠ᠃ | ᠬᠡᠪᠡᠴᠣ ︽ᠰᠠᠶᠢᠨ ᠶᠠᠭᠤᠮᠠᠨ ᠳᠤ ᠰᠠᠭᠠᠳ ᠣᠯᠠᠨ︾ ᠬᠡᠳᠡᠭᠴᠢᠯᠡᠨ ᠲᠡᠬᠦᠨ ᠢ ᠭᠠᠴᠠᠭᠠᠨ ᠤ ᠨᠠᠮ ᠤᠨ ᠡᠬᠦᠷ ᠤᠨ | ᠱᠦᠵᠢ ᠪᠣᠯᠣᠭᠰᠠᠨ ᠲᠡᠷᠡ ᠵᠢᠯ ᠨᠢ ᠲᠠᠯ᠎ᠠ ᠨᠣᠳᠤᠭ ᠤᠨ ᠲᠡᠣᠬᠡᠨ ᠳᠤ ᠭᠠᠷᠣᠭᠠᠳᠣᠢ ︽ᠲᠡᠮᠣᠷ ᠵᠣᠳ︾ | ᠲᠣᠬᠢᠶᠠᠯᠳᠣᠵᠥ᠂ ᠨᠠᠮᠣᠷ ᠤᠨ ᠰᠡᠬᠦᠯᠴᠢ ᠪᠠᠷ ᠵᠦᠰᠡᠷᠡᠵᠥ ᠣᠷᠣᠭᠰᠠᠨ ᠪᠣᠷᠣᠭᠠᠨ ᠤ ᠲᠠᠷᠠᠭ᠎ᠠ ᠪᠠᠷ ᠬᠤᠶᠡᠷ ᠡᠳᠣᠷ | ᠬᠤᠶᠡᠷ ᠰᠦᠨᠢ ᠴᠠᠰᠣ ᠬᠠᠶᠠᠯᠠᠨ᠂ ᠡᠪᠡᠰᠣ ᠪᠡᠯᠴᠢᠬᠡᠷ ᠢ ᠲᠣᠬᠤᠢ ᠵᠣᠵᠠᠭᠠᠨ ᠴᠠᠰᠣ ᠬᠤᠴᠢᠭᠰᠠᠨ ᠢᠶᠠᠷ ᠮᠠᠯ ᠰᠦᠷᠦᠭ | ᠡᠪᠡᠰᠣ ᠪᠡᠯᠴᠢᠬᠡᠷ ᠦᠬᠡᠢ᠂ ᠮᠠᠯᠴᠢᠨ ᠲᠦᠮᠡᠨ ᠶᠠᠪᠣᠵᠥ ᠰᠠᠭᠤᠬᠤ ᠳᠤ ᠲᠦᠬᠦᠮ ᠦᠬᠡᠢ ᠪᠣᠯᠵᠥ᠂ ᠰᠢᠨᠡᠬᠡᠨ | ᠲᠣᠰᠢᠶᠠᠯ ᠳᠤ ᠭᠠᠷᠣᠭᠰᠠᠨ ᠲᠡᠬᠦᠨ ᠳᠤ ᠲᠣᠩ ᠶᠡᠭᠡ ᠰᠢᠯᠭᠠᠯᠳᠠ ᠠᠪᠴᠢᠷᠠᠭᠰᠠᠨ ᠨᠢ ᠲᠠᠮᠵᠢᠭ ᠦᠬᠡᠢ᠃ ᠬᠡᠪᠡᠴᠣ | ᠡᠷᠳᠡ ᠦᠶ᠎ᠡ ᠠᠴᠠ ᠪᠠᠨ ᠮᠣᠩᠭᠤᠯ ᠬᠦᠮᠦᠨ ᠪᠠᠶᠢᠭᠠᠯᠢ ᠣᠷᠴᠢᠨ ᠳᠤ ᠪᠠᠨ ᠡᠶᠡᠯᠳᠣᠨ ᠵᠣᠬᠢᠴᠠᠵᠥ᠂ ᠴᠠᠭ ᠠᠭᠠᠷ | ᠪᠠᠶᠢᠭᠠᠯᠢ ᠶᠢᠨ ᠲᠣᠬᠠᠢ ᠦᠪᠡᠷ ᠤᠨ ᠣᠳᠠᠭᠠᠨ ᠣᠨ ᠤ ᠣᠷᠢᠳᠴᠢᠯᠠᠭᠰᠠᠨ ᠠᠵᠢᠭᠯᠠᠯᠳᠠ ᠪᠠᠶᠢᠳᠠᠭ ᠪᠣᠯᠬᠤᠷ ᠵᠣᠳ | ᠲᠤ ᠭᠠᠴᠢᠭᠳᠠᠭᠰᠠᠨ ᠮᠠᠯᠴᠢᠨ ᠲᠦᠮᠡᠨ ᠨᠢ ᠭᠠᠴᠠᠭᠠᠨ ᠤ ᠬᠠᠷᠢᠭᠤᠴᠠᠯᠭᠠᠳᠠᠨ ᠨᠡᠷ ᠢ ᠬᠠᠷᠠᠵᠥ ᠶᠠᠭᠠᠬᠢᠬᠤ ᠪᠠᠨ | ᠣᠯᠬᠤ ᠦᠬᠡᠢ ᠰᠠᠨᠳᠣᠷᠴᠣ ᠪᠠᠶᠢᠬᠤ ᠦᠶ᠎ᠡ ᠳᠤ ᠪᠣᠷᠣᠬᠦᠣ ᠠᠬᠠᠮᠠᠳ ᠮᠠᠯᠴᠢᠨ᠂ ᠬᠠᠰᠢᠷ ᠬᠦᠮᠦᠰ ᠲᠠᠢ ᠠᠭᠤᠯᠵᠠᠨ | ᠲᠡᠳᠡᠨ ᠢ ᠲᠠᠭᠠᠭᠤᠯᠣᠨ ᠪᠦᠬᠦ ᠭᠠᠴᠠᠭᠠᠨ ᠤ 78 ᠲᠦᠮᠡᠨ ᠮᠣ᠋ ᠨᠣᠳᠤᠭ ᠢᠶᠠᠷ ᠶᠠᠪᠣᠵᠥ ᠪᠡᠯᠴᠢᠬᠡᠷ ᠤᠨ ᠨᠦᠬᠡᠴᠠ᠂ | ᠴᠠᠰᠣᠨ ᠤ ᠪᠠᠶᠢᠳᠠᠯ ᠢ ᠦᠵᠡᠭᠰᠡᠨ ᠤ ᠪᠠᠨ ᠲᠠᠷᠠᠭ᠎ᠠ ᠦᠪᠡᠷ ᠤᠨ ᠭᠠᠴᠠᠭᠠᠨ ᠤ ᠪᠠᠨ ᠬᠢᠯᠢ ᠶᠢᠨ ᠣᠶᠢᠷᠠᠬᠠᠨ ᠴᠠᠰᠣ | ᠶᠡᠭᠡ ᠴᠣ᠋ ᠪᠡᠯᠴᠢᠬᠡᠷ ᠰᠠᠶᠢᠨ᠂ ᠨᠠᠰᠢ ᠴᠠᠰᠢ ᠶᠠᠪᠣᠵᠥ ᠰᠠᠭᠤᠬᠤ ᠳᠤ ᠲᠦᠬᠦᠮ ᠭᠠᠵᠠᠷ ᠲᠤ ᠣᠷᠢᠳᠠᠪᠡᠷ ᠪᠣᠳᠠ ᠮᠠᠯ | ᠢᠶᠠᠨ ᠠᠪᠴᠢᠷᠠᠵᠥ᠂ ᠲᠠᠷᠠᠭ᠎ᠠ ᠨᠢ ᠦᠬᠡᠷ ᠤᠨ ᠬᠡᠪᠳᠡᠷᠢ ᠵᠠᠰᠠᠬᠤ ᠰᠢᠢᠳᠪᠦᠷᠢ ᠭᠠᠷᠭᠠᠵᠥ᠂ ᠪᠦᠬᠦ ᠭᠠᠴᠠᠭ᠎ᠠ ᠪᠠᠷ ᠢᠶᠠᠨ | ᠬᠦᠳᠡᠯᠥᠯᠴᠠᠨ ᠮᠠᠯ ᠰᠦᠷᠦᠭ ᠢᠶᠠᠨ ᠮᠡᠨᠳᠣ ᠬᠠᠮᠠᠭᠠᠯᠠᠬᠤ ᠪᠡᠴᠢᠮ ᠶᠠᠭᠠᠷᠡᠣ ᠠᠵᠢᠯ ᠢᠶᠠᠨ ᠡᠬᠢᠯᠡᠭᠰᠡᠨ ᠪᠠᠶᠢᠨ᠎ᠠ᠃ | ᠪᠦᠬᠦᠯᠢ ᠡᠪᠦᠯᠵᠢᠨ ᠴᠠᠰᠣ ᠵᠣᠳ ᠲᠠᠢ ᠲᠡᠮᠡᠴᠡᠨ ᠭᠠᠳᠠᠭᠰᠢ ᠲᠣᠳᠣᠭᠰᠢ ᠶᠠᠪᠣᠬᠤ ᠶᠢᠨ ᠵᠡᠪ ᠦᠬᠡᠢ ᠮᠠᠯ ᠰᠦᠷᠦᠭ | ᠢᠶᠠᠨ ᠮᠡᠨᠳᠣ ᠬᠠᠮᠠᠭᠠᠯᠠᠬᠤ ᠶᠢᠨ ᠲᠦᠯᠥᠬᠡ ᠵᠦᠳᠡᠷᠡᠵᠥ ᠶᠠᠪᠣᠭᠰᠠᠨ ᠮᠠᠯᠴᠢᠳ ᠲᠠᠷᠠᠭ᠎ᠠ ᠬᠠᠪᠣᠷ ᠨᠢ ᠪᠣᠯᠬᠤ ᠳᠤ | ᠨᠠᠯᠢᠶᠡᠳ ᠲᠣᠭᠠᠨ ᠤ ᠮᠠᠯ ᠢᠶᠠᠨ ᠣᠨᠳᠣᠷᠣᠭᠤᠯᠵᠥ᠂ ᠶᠠᠭᠤᠳᠡᠢ ᠴᠣ᠋ ᠬᠡᠰᠡᠨ ︽ᠮᠣᠳᠣ ᠪᠠᠨ ᠪᠠᠷᠢᠭᠰᠠᠨ ᠦᠬᠡᠢ︾ | ᠬᠡᠵᠥ ᠰᠡᠳᠬᠢᠯ ᠲᠣᠮᠳᠠᠭᠤᠷ ᠪᠠᠶᠢᠭᠰᠠᠨ ᠴᠣ᠋ ᠦᠬᠡᠷ᠎ᠡ ᠪᠣᠰᠣᠳ ᠭᠠᠵᠠᠷ ᠣᠷᠣᠨ ᠢ ᠪᠣᠳᠣᠪᠠᠯ ︽ᠮᠠᠯ ᠲᠠᠢ︾ | ᠪᠠᠶᠢᠭᠰᠠᠨ ᠪᠣᠯᠬᠤᠷ ᠬᠤᠪᠢᠶᠡᠵᠥ ᠢᠳᠡᠬᠡᠳ ᠬᠤᠭᠤᠯᠵᠥ ᠮᠦᠯᠵᠢᠳᠡᠭ ᠮᠣᠩᠭᠤᠯ ᠨᠣᠳᠤᠭ ᠤᠨ ᠵᠠᠩᠰᠢᠯ ᠶᠣᠰᠣᠭᠠᠷ | ᠰᠢᠯᠢ ᠶᠢᠨ ᠬᠤᠳᠠ ᠶᠢᠨ ᠪᠠᠶᠠᠨᠪᠣᠯᠠᠭ ᠰᠣᠮᠣᠨ ᠤ ᠨᠠᠷᠠᠨᠪᠣᠯᠠᠭ ᠭᠠᠴᠠᠭᠠᠨ ᠳᠤ ᠰᠦᠷᠦᠭ ᠠᠳᠣᠭᠤ᠂ ᠪᠡᠯᠬᠦᠳᠡᠢ | ᠪᠠᠯᠭᠠᠰᠣᠨ ᠤ ᠪᠠᠶ᠋ᠬᠠᠭᠤᠯᠠ ᠭᠠᠴᠠᠭᠠᠨ ᠳᠤ ᠭᠤᠴᠢ ᠭᠠᠷᠣᠢ ᠠᠳᠣᠭᠤ᠂ ᠵᠢᠷᠭᠠᠯᠠᠩᠳᠣ ᠰᠣᠮᠣᠨ ᠤ ᠦᠯᠵᠡᠶᠢᠳᠣ | ᠭᠠᠴᠠᠭᠠᠨ ᠳᠤ ᠰᠦᠷᠦᠭ ᠬᠤᠨᠢ᠂ ᠪᠠᠶᠠᠨᠳᠤᠭ ᠰᠣᠮᠣᠨ ᠤ ᠦᠭᠬᠢᠶᠡᠮᠣᠷ ᠭᠠᠴᠠᠭᠠᠨ ᠳᠤ ᠬᠤᠷᠢᠨ ᠬᠡᠳᠣᠨ ᠲᠣᠭᠤᠯ | ᠲᠠᠢ ᠦᠨᠢᠶ᠎ᠡ᠂ ᠴᠠᠭᠠᠠᠨᠠᠭᠤᠷ ᠪᠠᠯᠭᠠᠰᠣᠨ ᠤ ᠮᠠᠯᠴᠢᠳ ᠲᠤ ᠠᠵᠢᠷᠭ᠎ᠠ ᠵᠡᠷᠬᠡ ᠶᠢ ᠬᠢᠮᠳᠠ ᠦᠨ᠎ᠠ ᠪᠠᠷ ᠦᠭᠴᠣ᠂ ᠮᠠᠯ | ᠰᠦᠷᠦᠭ ᠢᠶᠠᠨ ᠬᠦᠨᠳᠣ ᠰᠦᠷᠡᠬᠡᠢ ᠬᠤᠬᠢᠷᠠᠭᠤᠯᠣᠭᠰᠠᠨ ᠪᠣᠰᠣᠳ ᠭᠠᠵᠠᠷ ᠣᠷᠣᠨ ᠳᠤ ᠪᠠᠭ᠎ᠠ ᠪᠣᠰᠣ ᠨᠡᠮᠡᠷᠢ ᠬᠠᠨᠳᠢᠪ | ᠢᠶᠠᠨ ᠡᠷᠬᠦᠭᠰᠡᠨ ᠪᠢᠯᠡ᠃ ᠲᠡᠷᠡ ᠵᠢᠯ ᠤᠨ ᠵᠣᠳ ᠲᠤ ︽ᠦᠪᠡᠷ ᠢ ᠪᠠᠨ ᠶᠠᠭᠠᠬᠢᠨ᠎ᠠ︖︾ ᠬᠡᠵᠥ ᠭᠠᠴᠢᠭᠳᠠᠨ | ᠲᠡᠪᠡᠳᠠᠵᠥ ᠪᠠᠶᠢᠭᠰᠠᠨ ᠴᠣ᠋ ᠲᠣᠰ ᠨᠣᠳᠤᠭ ᠲᠤ ᠪᠠᠶᠢᠭᠰᠠᠨ ᠨᠢᠬᠡᠨ ᠴᠡᠷᠢᠭ ᠠᠩᠬᠢ ᠶᠢᠨ ᠰᠦᠷᠦᠭ ᠦᠬᠡᠷ ᠢ ᠦᠪᠡᠷ | ᠤᠨ ᠭᠠᠴᠠᠭᠠᠨ ᠤ ᠪᠠᠨ ᠮᠠᠯ ᠰᠦᠷᠦᠭ ᠲᠠᠢ ᠨᠡᠶᠢᠯᠡᠬᠦᠯᠥᠨ ᠠᠳᠬᠤ ᠡᠪᠡᠰᠣ ᠶᠢ ᠴᠣ᠋ ᠬᠦᠮᠦᠨ ᠤ ᠦᠪᠡᠷ ᠤᠨ ᠮᠠᠯ | ᠬᠡᠵᠥ ᠢᠯᠭᠠᠯ ᠦᠬᠡᠢ ᠠᠳᠠᠯᠢᠬᠠᠨ ᠦᠭᠴᠣ ᠲᠡᠵᠢᠬᠡᠨ ᠡᠳᠡᠬᠡᠷ ᠮᠠᠯ ᠰᠦᠷᠦᠭ ᠢ ᠮᠠᠨᠳᠣ ᠣᠨᠳᠣᠷᠣᠭᠤᠯᠣᠨ᠂ ᠴᠡᠷᠢᠭ | ᠠᠷᠠᠳ ᠤᠨ ᠬᠠᠷᠢᠴᠠᠭ᠎ᠠ ᠶᠢ ᠣᠯᠠᠮ ᠢᠯᠡᠬᠦᠣ ᠨᠢᠭᠳᠠᠷᠠᠭᠤᠯᠣᠨ᠂ ︽ᠨᠢᠬᠡ ᠨᠢ ᠭᠠᠴᠢᠭᠳᠠᠪᠠᠯ ᠨᠡᠶᠢᠳᠡ ᠪᠠᠷ ᠢᠶᠠᠨ | ᠲᠣᠰᠠᠯᠠᠯᠴᠠᠳᠠᠭ︾ ᠲᠣᠮᠳᠠᠳᠣ ᠶᠢᠨ ᠦᠨᠳᠣᠰᠣᠳᠠᠨ ᠤ ᠡᠷᠬᠢᠮ ᠨᠠᠨᠳᠢᠨ ᠵᠠᠩ ᠴᠢᠨᠡᠷ ᠬᠢᠯᠢ ᠶᠢᠨ ᠴᠡᠩᠬᠡᠷ ᠲᠡᠭᠷᠢ ᠶᠢᠨ | ᠲᠣᠣᠷ᠎ᠠ ᠴᠠᠭ ᠢ ᠴᠡᠬᠢᠯᠥᠨ ᠬᠡᠷᠡᠯᠳᠦᠭᠰᠡᠨ ᠡᠷᠬᠢᠮ ᠲᠡᠬᠡᠳᠣ ᠶᠠᠪᠣᠳᠠᠯ ᠰᠢᠨ᠎ᠠ ᠵᠠᠭᠤᠨ ᠤ ᠦᠨᠣᠳᠣᠷ ᠴᠣ᠋ ᠬᠡᠰᠡᠨ | ᠦᠨᠡᠨ ᠪᠣᠳᠠᠳᠣ ᠠᠮᠢᠳᠣᠷᠠᠯ ᠤᠨ ᠦᠣᠬᠡ ᠲᠡᠣᠬᠡ ᠪᠣᠯᠣᠨ ᠶᠠᠷᠢᠭᠳᠠᠭᠰᠠᠭᠠᠷ ᠁ | ᠪᠣᠷᠣᠬᠦᠣ ︽ᠡᠬᠡ ᠣᠷᠣᠨ ᠠᠷᠠᠳ ᠲᠦᠮᠡᠨ ᠤ ᠪᠠᠨ ᠲᠦᠯᠥᠬᠡ ᠴᠦᠬᠦᠷᠦᠯ ᠦᠬᠡᠢ ᠵᠢᠳᠬᠦᠨ᠎ᠠ︾ ᠬᠡᠰᠡᠨ | ᠠᠮᠠᠯᠠᠯᠳᠠ ᠪᠠᠨ ᠪᠡᠶᠡᠯᠡᠬᠦᠯᠬᠦ ᠶᠢᠨ ᠲᠦᠯᠥᠬᠡ ᠵᠣᠳ ᠭᠠᠮᠰᠢᠭ ᠤᠨ ᠲᠠᠷᠠᠭ᠎ᠠ ᠣᠯᠠᠨ ᠲᠦᠮᠡᠨ ᠢᠶᠠᠨ ᠴᠣᠭᠯᠠᠭᠤᠯᠣᠨ | ᠲᠣᠷᠰᠢᠯᠭ᠎ᠠ ᠰᠣᠷᠭᠠᠮᠵᠢ ᠪᠠᠨ ᠳ᠋ᠦᠩᠨᠡᠬᠦ ᠶᠢᠨ ᠬᠠᠮᠳᠣ ᠣᠯᠠᠮᠵᠢᠯᠠᠯᠳᠣ ᠮᠠᠯ ᠮᠠᠯᠵᠢᠯ ᠠᠴᠠ ᠲᠣᠶᠢᠯᠪᠣᠷᠢᠳᠡᠢ ᠵᠠᠶᠢᠳᠠᠵᠥ᠂ | ᠰᠢᠨ᠎ᠠ ᠴᠠᠭ ᠦᠶ᠎ᠡ ᠶᠢᠨ ᠣᠨᠴᠠᠯᠢᠭ ᠲᠤ ᠲᠣᠬᠢᠷᠠᠭᠰᠠᠨ ᠡᠷᠴᠢᠮᠵᠢᠬᠦᠯᠥᠭᠰᠡᠨ ᠮᠠᠯᠵᠢᠬᠤ ᠦᠢᠯᠡᠳᠪᠦᠷᠢᠯᠡᠯ ᠢ | ᠴᠢᠩᠭᠠᠳᠬᠠᠬᠤ ᠲᠣᠬᠠᠢ ᠴᠢᠷᠮᠡᠶᠢᠨ ᠠᠵᠢᠯᠯᠠᠭᠰᠠᠨ ᠪᠠᠶᠢᠨ᠎ᠠ᠃ | ᠲᠡᠷᠡ ᠶᠠᠭᠤᠨ ᠤ ᠣᠷᠢᠳ ᠦᠨᠳᠣᠰᠣᠨ ᠪᠦᠳᠦᠬᠡᠨ ᠪᠠᠶᠢᠭᠤᠯᠥᠯᠳᠠ ᠬᠢᠬᠦ ᠪᠠᠷ ᠵᠣᠷᠢᠭ ᠰᠢᠭᠤᠳᠤᠯ᠎ᠠ᠃ | ᠲᠣᠬᠠᠢ ᠶᠢᠨ ᠦᠶ᠎ᠡ ᠶᠢᠨ ᠬᠢᠯᠢ ᠬᠢᠵᠠᠭᠠᠷ ᠤᠨ ᠪᠣᠶᠢᠳᠠ ᠪᠦᠭᠯᠡᠬᠦᠣ ᠮᠠᠯᠵᠢᠬᠤ ᠣᠷᠣᠨ ᠳᠤ ᠦᠨᠳᠣᠰᠣᠨ ᠪᠦᠳᠦᠬᠡᠨ | ᠪᠠᠶᠢᠭᠤᠯᠥᠯᠳᠠ ᠬᠡᠵᠥ ᠲᠣᠩ ᠲᠦᠬᠦᠮ᠂ ᠲᠣᠬᠠᠢ ᠶᠢᠨ ᠦᠶ᠎ᠡ ᠳᠤ ᠭᠠᠴᠠᠭ᠎ᠠ ᠪᠠᠨ ᠠᠷᠪᠠᠨ ᠬᠤᠳᠠ ᠪᠠᠷ | ᠨᠢᠬᠡᠴᠡᠯᠡᠭᠰᠡᠨ ᠶᠡᠭᠡ ᠬᠠᠮᠳᠣᠷᠠᠯ ᠪᠠᠶᠢᠭᠰᠠᠨ᠃ ᠭᠠᠴᠠᠭᠠᠨ ᠤ ᠬᠤᠷᠠᠮᠳᠣᠯ ᠠᠴᠠ ᠪᠠᠨ ᠨᠡᠯᠢᠶᠡᠳ ᠪᠡᠯᠡ ᠮᠦᠩᠬᠦ | ᠭᠠᠷᠭᠠᠨ᠂ ᠬᠤᠳᠠ ᠪᠦᠷᠢ ᠳᠤ ᠬᠤᠶᠠᠷ ᠵᠠᠭᠤ ᠭᠠᠷᠤᠢ ᠬᠠᠪᠳᠠᠭᠠᠢ ᠲᠦᠷᠪᠡᠯᠵᠢᠨ ᠮᠧᠲᠷ ᠤᠨ ᠲᠠᠯᠠᠪᠡᠢ ᠪᠦᠬᠦᠢ | ᠱᠦᠢᠨᠢ ᠲᠣᠭᠤᠰᠬᠠᠨ ᠪᠦᠳᠦᠴᠠ ᠲᠠᠢ ᠲᠣᠯᠠᠭᠠᠨ ᠫᠧᠩ ᠪᠠᠶᠢᠭᠤᠯᠬᠤ ᠪᠠᠷ ᠲᠣᠭᠳᠠᠵᠥ᠂ ᠬᠤᠶᠡᠷ ᠵᠢᠯ ᠭᠠᠷᠤᠢ ᠶᠢᠨ | ᠬᠤᠭᠤᠴᠠᠭᠠᠨ ᠳᠤ ᠪᠦᠷᠢᠨ ᠪᠡᠶᠡᠯᠡᠬᠦᠯᠦᠭᠰᠡᠨ ᠪᠠᠶᠢᠨ᠎ᠠ᠃ ᠡᠬᠦᠨ ᠤ ᠬᠠᠮᠳᠣ ᠪᠠᠰᠠ ᠡᠪᠣᠯ ᠤᠨ ᠣᠯᠠᠷᠢᠯ ᠳᠤ ᠰᠣᠯᠠ | ᠬᠦᠳᠡᠯᠮᠣᠷᠢ ᠬᠦᠴᠦᠨ ᠢ ᠠᠰᠢᠭᠯᠠᠨ ᠬᠤᠳᠠ ᠪᠦᠷᠢ ᠠᠴᠠ ᠠᠷᠪᠠᠨ ᠲᠡᠷᠬᠡ ᠴᠢᠯᠠᠭᠤ ᠵᠦᠬᠡᠬᠡᠪᠦᠷᠢᠯᠡᠬᠦ ᠡᠬᠦᠷᠬᠡ | ᠦᠭᠴᠣ᠂ ᠲᠣᠳᠠᠭᠤ ᠬᠡᠰᠡᠭ ᠢ ᠨᠢ ᠭᠠᠴᠠᠭᠠᠨ ᠤ ᠮᠣᠷᠢᠨ ᠲᠡᠷᠬᠡ ᠪᠠᠷ ᠬᠤᠯᠠ ᠭᠠᠵᠠᠷ ᠠᠴᠠ ᠴᠢᠯᠠᠭᠤ ᠴᠣᠭᠯᠠᠭᠤᠯᠣᠨ | ᠵᠦᠬᠡᠬᠡᠪᠦᠷᠢᠯᠡᠵᠥ᠂ ᠬᠠᠳᠠᠭᠤᠵᠢᠯᠳᠡᠢ ᠠᠵᠢᠯᠯᠠᠭᠰᠠᠨ ᠤ ᠡᠴᠣᠰ ᠲᠤ ᠬᠠᠨ ᠠᠭᠤᠯᠠ ᠶᠢᠨ ᠡᠩᠬᠡᠷ ᠤᠨ ᠬᠦᠬᠡᠪᠦᠷ ᠤᠨ | ᠪᠣᠯᠠᠭ ᠢ ᠶᠡᠭᠡ ᠠᠮᠠᠰᠠᠷᠳᠣ ᠬᠤᠳᠳᠤᠭ ᠪᠣᠯᠭᠠᠨ ᠵᠠᠰᠠᠨ ᠦᠬᠡᠷᠡᠴᠢᠯᠡᠵᠥ᠂ ᠮᠠᠯ ᠰᠦᠷᠦᠭ ᠤᠨ ᠣᠰᠣ ᠤᠮᠳᠠ ᠶᠢᠨ | ᠠᠰᠠᠭᠤᠳᠠᠯ ᠢ ᠦᠨᠳᠣᠰᠣᠨ ᠠᠴᠠ ᠨᠢ ᠰᠢᠢᠳᠪᠦᠷᠢᠯᠡᠵᠥ ᠴᠢᠳᠠᠭᠰᠠᠨ ᠪᠠᠶᠢᠨ᠎ᠠ᠃ | ︽ᠲᠡᠮᠣᠷ ᠵᠣᠳ︾ ᠤᠨ ᠲᠠᠷᠠᠭ᠎ᠠ ᠪᠠᠷ ᠡᠪᠡᠰᠣ ᠬᠠᠳᠣᠵᠥ ᠨᠦᠬᠡᠴᠡᠯᠡᠬᠦ ᠠᠵᠢᠯ ᠢ ᠵᠢᠯ ᠪᠣᠯᠭᠠᠨ ᠵᠣᠷᠰᠢᠯ | ᠪᠣᠯᠭᠠᠨ ᠴᠢᠩᠭᠠᠳᠬᠠᠪᠠ᠃ ᠬᠢᠯᠢ ᠶᠢᠨ ᠣᠶᠢᠷᠠᠯᠴᠠᠭ᠎ᠠ ᠰᠢᠯᠢ ᠭᠠᠵᠠᠷ ᠲᠤ ᠬᠦᠮᠦᠨ ᠮᠠᠯ ᠪᠠᠶᠢᠯᠭᠠᠳᠠᠭ ᠦᠬᠡᠢ | ᠲᠠᠪᠠᠭᠤᠯᠢᠭ ᠲᠠᠯ᠎ᠠ ᠶᠢ ᠠᠰᠢᠭᠯᠠᠨ᠂ ᠲᠡᠷᠡᠬᠦ ᠠᠷᠪᠠᠭᠠᠳ ᠲᠦᠮᠡᠨ ᠮᠣ᠋ ᠬᠢᠯᠢ ᠶᠢᠨ ᠪᠡᠯᠴᠢᠬᠡᠷ ᠢ ᠭᠠᠴᠠᠭᠠᠨ ᠤ | ᠬᠠᠳᠣᠯᠠᠩ ᠤᠨ ᠲᠠᠯᠠᠪᠡᠢ ᠪᠣᠯᠭᠠᠨ ᠪᠦᠳᠦᠬᠡᠨ ᠪᠠᠶᠢᠭᠤᠯᠣᠭᠰᠠᠨ ᠢᠶᠠᠷ ᠵᠢᠯ ᠪᠣᠯᠭᠠᠨ 70 — 80 ᠲᠦᠮᠡᠨ ᠵᠢᠩ | ᠡᠪᠡᠰᠣ ᠬᠠᠳᠣᠵᠥ ᠨᠦᠬᠡᠴᠡᠯᠡᠳᠡᠭ ᠪᠦᠬᠡᠳ ᠬᠤᠷ᠎ᠠ ᠪᠣᠷᠣᠭᠠᠨ ᠲᠠᠢ ᠰᠠᠶᠢᠨ ᠵᠢᠯ ᠵᠠᠭᠤᠨ ᠲᠦᠮᠡᠨ ᠵᠢᠩ ᠡᠪᠡᠰᠣ | ᠨᠦᠬᠡᠴᠡᠯᠡᠨ ᠡᠪᠦᠯᠵᠢᠬᠦ ᠮᠠᠯ ᠤᠨ ᠡᠪᠡᠰᠣᠨ ᠤ ᠠᠰᠠᠭᠤᠳᠠᠯ ᠢ ᠦᠨᠳᠣᠰᠣᠨ ᠳᠤ ᠪᠠᠨ ᠰᠢᠢᠳᠪᠦᠷᠢᠯᠡᠵᠥ ᠴᠢᠳᠠᠭᠰᠠᠨ | ᠪᠠᠶᠢᠨ᠎ᠠ᠃ | ︽ᠶᠡᠭᠡ ᠲᠣᠭᠤᠭᠠᠨ ᠳᠤ ᠪᠣᠳᠠᠭ᠎ᠠ ᠲᠠᠢ ᠪᠣᠯ ᠰᠠᠶ᠋ᠢ ᠠᠶᠠᠭᠠᠨ ᠳᠤ ᠱᠦᠯᠥ ᠲᠠᠢ︾ ᠬᠡᠳᠡᠭ ᠶᠣᠰᠣ ᠣᠴᠢᠷ ᠢ | ᠬᠦᠨᠵᠡᠬᠡᠢ ᠲᠠᠨᠢᠭᠰᠠᠨ ᠪᠣᠯᠬᠤᠷ ᠬᠠᠮᠳᠣ ᠶᠢᠨ ᠠᠵᠥ ᠠᠬᠤᠢ ᠶᠢ ᠬᠦᠭᠵᠢᠬᠦᠯᠵᠥ ᠬᠠᠮᠳᠣ ᠶᠢᠨ ᠬᠤᠷᠠᠮᠳᠣᠯ ᠢ | ᠵᠣᠵᠠᠭᠠᠷᠠᠭᠤᠯᠬᠤ ᠶᠢ ᠶᠡᠭᠡ ᠬᠦᠴᠦᠨ ᠢᠶᠠᠷ ᠴᠢᠩᠭᠠᠳᠬᠠᠨ᠂ ᠮᠠᠯ ᠤᠨ ᠬᠤᠷᠣᠭᠳᠠᠯ ᠢ ᠪᠠᠭᠠᠰᠬᠠᠨ ᠰᠢᠯᠢᠳᠡᠭ ᠮᠠᠯ | ᠮᠠᠯᠵᠢᠬᠤ ᠶᠢ ᠵᠣᠷᠢᠭᠵᠢᠭᠤᠯᠬᠤ ᠵᠡᠷᠬᠡ ᠪᠠᠷ ᠴᠢᠷᠮᠡᠶᠢᠨ ᠠᠵᠢᠯᠯᠠᠭᠰᠠᠨ ᠢᠶᠠᠷ ᠲᠣᠰ ᠭᠠᠴᠠᠭ᠎ᠠ ᠨᠢ ᠣᠬᠤᠷᠬᠠᠨ ᠬᠡᠳᠣᠨ | ᠵᠢᠯ ᠳᠤ ᠬᠠᠮᠳᠣ ᠶᠢᠨ ᠬᠤᠷᠠᠮᠳᠣᠯ ᠨᠦᠬᠡᠴᠠ ᠬᠦᠴᠦᠨ ᠶᠡᠭᠡ ᠪᠠᠷ ᠲᠡᠬᠡᠭᠰᠢᠯᠠᠨ᠂ ᠪᠦᠬᠦ ᠰᠣᠮᠣᠨ ᠳᠤ ᠪᠠᠨ | ᠴᠢᠨᠠᠭᠰᠢᠯᠠᠪᠠᠯ ᠪᠦᠬᠦ ᠬᠤᠰᠢᠭᠤᠨ ᠳᠤ ᠨᠡᠯᠢᠶᠡᠳ ᠲᠡᠬᠡᠬᠦᠷ ᠲᠤ ᠵᠢᠭᠰᠠᠭᠠᠭᠳᠠᠬᠤ ᠪᠣᠯᠣᠭᠰᠠᠨ ᠪᠠᠶᠢᠨ᠎ᠠ᠃ | ᠮᠠᠯᠴᠢᠨ ᠲᠦᠮᠡᠨ ᠨᠢ ᠣᠷᠳᠣ ᠬᠤᠭᠤᠴᠠᠭᠠᠨ ᠤ ᠨᠡᠬᠦᠳᠠᠯ ᠪᠠᠭᠤᠳᠠᠯ ᠤᠨ ᠶᠠᠪᠣᠴᠠ ᠲᠣᠮᠳᠠ ᠪᠠᠨ ᠴᠢᠬᠢᠭ | ᠨᠣᠶᠢᠳᠠᠨ ᠪᠣᠶᠣ ᠬᠦᠯᠳᠡᠬᠦᠣ ᠭᠠᠵᠠᠷ ᠰᠢᠭᠤᠳ ᠢᠰᠡᠬᠡᠢ ᠲᠠᠪᠢᠰᠴᠣ ᠰᠠᠭᠤᠳᠠᠭ ᠠᠴᠠ ᠮᠠᠯᠴᠢᠳ ᠦᠶ᠎ᠡ ᠬᠡᠰᠢᠬᠦᠨ ᠤ | ᠡᠪᠡᠳᠴᠢᠨ ᠣᠯᠬᠤ ᠨᠣᠷᠮ᠎ᠠ ᠦᠨᠳᠣᠷ ᠪᠠᠶᠢᠳᠠᠭ ᠢ ᠣᠶᠢᠯᠠᠭᠠᠭᠰᠠᠨ ᠪᠣᠷᠣᠬᠦᠣ ᠡᠷᠣᠬᠡ ᠪᠦᠷᠢ ᠳᠤ ᠮᠣᠳᠣᠨ ᠪᠠᠩᠰᠠᠨ | ᠣᠷᠣ ᠶᠢ ᠦᠷᠳᠡᠭ ᠦᠬᠡᠢ ᠬᠢᠵᠥ ᠦᠭᠬᠦᠭᠰᠡᠨ ᠨᠢ ᠲᠡᠬᠦᠨ ᠤ ᠠᠷᠠᠳ ᠲᠦᠮᠡᠨ ᠢᠶᠠᠨ ᠡᠨᠡᠷᠢᠨ ᠬᠠᠶᠢᠷᠠᠯᠠᠭᠰᠠᠨ ᠪᠠᠰᠠ | ᠨᠢᠬᠡᠨ ᠨᠢᠩᠵᠢᠨ ᠰᠡᠳᠬᠢᠯ ᠤᠨ ᠬᠢᠨᠢ ᠢᠯᠡᠷᠡᠯ ᠬᠡᠯᠳᠡᠢ᠃ ᠡᠬᠦᠨ ᠢᠶᠠᠷ ᠦᠯᠣ ᠪᠠᠷᠠᠨ ᠭᠠᠷ ᠲᠤ ᠪᠠᠨ ᠣᠷ᠎ᠠ ᠲᠠᠢ | ᠬᠦᠮᠦᠨ ᠪᠠᠶᠢᠭᠰᠠᠨ ᠢᠶᠠᠷ ᠦᠷᠦᠬᠡᠯ ᠪᠣᠰᠣᠳ ᠲᠤ ᠡᠮᠡᠬᠡᠯ ᠰᠣᠷᠯᠠᠬᠤ᠂ ᠬᠠᠵᠠᠭᠠᠷ ᠨᠣᠭᠳᠣ ᠬᠢᠬᠦ᠂ ᠲᠠᠰᠢᠭᠤᠷ | ᠪᠦᠷᠢᠬᠦ᠂ ᠬᠢᠳᠤᠭ᠎ᠠ ᠰᠢᠪᠦᠭᠡ ᠬᠢᠵᠥ ᠲᠣᠰᠠᠯᠠᠬᠤ ᠪᠠᠷ ᠪᠠᠷᠠᠬᠤ ᠦᠬᠡᠢ ᠬᠠᠶᠠ ᠪᠠᠰᠠ ᠪᠠᠭ᠎ᠠ ᠰᠠᠭ᠎ᠠ ᠮᠦᠩᠬᠦᠨ | ᠲᠠᠷᠬᠠᠨ ᠬᠢᠴᠢᠬᠡᠳᠡᠭ ᠨᠢ ᠣᠳᠣ ᠪᠠᠷ ᠬᠡᠯᠡᠪᠡᠯ ᠮᠠᠯᠴᠢᠨ ᠬᠦᠮᠦᠨ ᠮᠢᠩᠭᠠᠨ ᠮᠡᠷᠬᠡᠵᠢᠯ ᠲᠠᠢ ᠬᠡᠳᠡᠭ ᠢ ᠦᠨᠡᠨᠬᠦ ᠰᠠᠶᠢᠨ | ᠬᠠᠷᠠᠭᠤᠯᠵᠥ ᠪᠠᠶᠢᠭᠰᠠᠨ ᠪᠢᠯᠡ᠃ | ᠪᠠᠰᠠ ᠣᠯᠣᠰ ᠤᠨ ︽ᠡᠬᠦᠷᠬᠡᠨ ᠤ ᠮᠠᠯ︾ ᠢ ᠪᠡᠶᠡᠯᠡᠬᠦᠯᠬᠦ ᠶᠠᠪᠣᠴᠠ ᠲᠣᠮᠳᠠ ᠪᠠᠨ ᠮᠠᠯ ᠤᠨ ᠪᠣᠳᠠᠭᠠᠯᠢ ᠪᠡᠶ᠎ᠡ | ᠶᠢᠨ ᠲᠠᠪᠠᠭᠤᠯᠢᠭ ᠲᠠᠯ᠎ᠠ ᠶᠢ ᠬᠦᠢᠴᠡᠳ ᠣᠯᠵᠥ ᠬᠠᠷᠠᠭᠰᠠᠨ ᠢᠶᠠᠷ ᠦᠷ᠎ᠡ ᠶᠢᠨ ᠮᠠᠯ ᠤᠨ ᠴᠢᠨᠠᠷᠵᠢᠯᠳᠠ ᠶᠢ ᠣᠨᠴᠠ | ᠠᠩᠬᠠᠷᠣᠨ᠂ ᠣᠷᠢᠳ ᠬᠤᠵᠢᠳ ᠵᠡᠬᠦᠨ ᠦᠵᠦᠮᠦᠴᠢᠨ ᠬᠤᠰᠢᠭᠤᠨ ᠤ ᠠᠯᠳᠠᠨᠬᠢᠯᠢ ᠰᠣᠮᠣ᠂ ᠵᠢᠷᠭᠠᠯᠠᠩᠳᠣ ᠰᠣᠮᠣᠨ ᠤ | ᠬᠠᠶᠢᠷᠬᠠᠨ ᠭᠠᠴᠠᠭ᠎ᠠ ᠵᠡᠷᠬᠡ ᠪᠣᠰᠣᠳ ᠬᠤᠰᠢᠭᠤ ᠰᠣᠮᠣᠨ ᠠᠴᠠ ᠰᠠᠶᠢᠨ ᠡᠬᠦᠯᠳᠡᠷ ᠤᠨ ᠪᠣᠬ᠎ᠠ᠂ ᠣᠷᠢᠶᠠᠩᠬᠠᠨ | ᠬᠤᠴᠠ ᠵᠡᠷᠬᠡ ᠶᠢ ᠠᠪᠴᠢᠷᠠᠨ ᠮᠠᠯ ᠤᠨ ᠡᠬᠦᠯᠳᠡᠷ ᠰᠠᠶᠢᠵᠢᠷᠠᠭᠤᠯᠥᠯᠳᠠ ᠶᠢ ᠶᠡᠬᠡᠳᠡ ᠠᠩᠬᠠᠷᠣᠨ ᠲᠡᠭᠡᠭᠰᠢᠯᠡᠬᠦᠯᠪᠠ᠃ | ᠠᠵᠢᠯᠴᠢ ᠬᠦᠮᠦᠨ ᠤ ᠭᠠᠷ ᠲᠠᠭᠠᠭᠰᠠᠨ ᠪᠣᠶᠠᠨᠳᠣ ᠮᠠᠯ ᠴᠣ᠋ ᠦᠨᠢᠷ ᠦᠰᠴᠣ ᠮᠠᠯᠴᠢᠳ ᠤᠨ ᠴᠢᠷᠡᠢ ᠪᠡᠶᠡᠷ | ᠤᠨ ᠮᠦᠰᠢᠶᠡᠳᠣ ᠲᠣᠳᠣᠷᠠᠵᠥ ᠪᠠᠶᠢᠭᠰᠠᠨ 1983 ᠣᠨ ᠳᠤ ᠦᠬᠡᠷᠡᠴᠢᠯᠠᠯᠳᠠ ᠬᠢᠵᠥ ᠴᠢᠯᠥᠬᠡᠳᠡᠢ ᠶᠠᠪᠣᠯᠴᠠᠨ | ᠠᠷᠠᠳ ᠢ ᠪᠠᠶᠠᠵᠢᠭᠤᠯᠬᠤ ᠲᠦᠷᠦ ᠶᠢᠨ ᠪᠣᠳᠣᠯᠭ᠎ᠠ ᠶᠢᠨ ᠬᠦᠷᠴᠣ ᠢᠷᠡᠬᠦ ᠶᠢ ᠲᠠᠭᠠᠯᠳᠣᠨ ︽ᠮᠠᠯ ᠰᠦᠷᠦᠭ ᠢ ᠡᠷᠣᠬᠡ | ᠳᠤ ᠲᠠᠭᠠᠭᠠᠴᠢᠯᠠᠭᠤᠯᠬᠤ︾ ᠬᠠᠯᠠᠭᠤᠨ ᠦᠷᠨᠢᠯᠳᠠ ᠬᠦᠷᠴᠣ ᠢᠷᠡᠯ᠎ᠠ᠃ ᠶᠡᠮᠡᠷᠴᠣ ᠨᠡᠶᠢᠬᠡᠮ ᠳᠤ ᠰᠠᠶᠢᠨ ᠰᠠᠭᠠᠷ | ᠬᠤᠯᠢᠯᠳᠣᠵᠥ ᠪᠠᠶᠢᠳᠠᠭ ᠤᠨ ᠵᠢᠮ᠎ᠠ ᠪᠠᠷ ᠬᠡᠰᠡᠭ ᠬᠦᠮᠦᠰ ᠮᠠᠯ ᠰᠦᠷᠦᠭ ᠬᠤᠪᠢᠶᠠᠬᠤ ᠶᠢ ᠵᠦᠪᠰᠢᠶᠡᠷᠡᠬᠦ ᠦᠬᠡᠢ᠂ | ᠬᠠᠯᠠᠭᠤᠨ ᠬᠦᠳᠡᠯᠮᠣᠷᠢ ᠪᠠᠷ ᠢᠶᠠᠨ ᠬᠠᠶᠢᠷᠠᠯᠠᠵᠥ ᠦᠰᠬᠡᠭᠰᠡᠨ ᠮᠠᠯ ᠰᠦᠷᠦᠭ ᠢ ᠪᠣᠰᠣᠳ ᠬᠦᠮᠦᠰ ᠲᠤ ᠬᠤᠪᠢᠶᠠᠨ | ᠦᠭᠬᠦ ᠶᠢ ᠵᠦᠪᠰᠢᠶᠡᠷᠡᠬᠦ ᠦᠬᠡᠢ ᠮᠠᠯᠴᠢᠳ ᠣᠯᠠᠨ ᠪᠠᠶᠢᠭᠰᠠᠨ ᠴᠣ᠋ ᠦᠪᠦᠷ ᠮᠣᠩᠭᠤᠯ ᠤᠨ ᠦᠪᠡᠷᠳᠡᠬᠡᠨ ᠵᠠᠰᠠᠬᠤ | ᠣᠷᠣᠨ ᠤ ᠲᠠᠪᠣᠳᠣᠭᠠᠷ ᠬᠤᠭᠤᠴᠠᠭᠠᠨ ᠤ ᠠᠷᠠᠳ ᠤᠨ ᠲᠦᠯᠥᠭᠡᠯᠡᠭᠴᠢ ᠶᠢᠨ ᠬᠤᠷᠠᠯᠳᠣᠭᠠᠨ ᠳᠤ ᠣᠷᠣᠯᠴᠠᠭᠠᠳ | ᠰᠠᠶ᠋ᠢᠬᠠᠨ ᠪᠣᠴᠠᠵᠥ ᠢᠷᠡᠭᠰᠡᠨ ᠪᠣᠷᠣᠬᠦᠣ ᠲᠡᠬᠡᠳᠣ ᠱᠠᠳᠣᠨ ᠤ ᠲᠦᠷᠦ ᠶᠢᠨ ᠪᠣᠳᠣᠯᠭ᠎ᠠ᠂ ᠵᠠᠷᠯᠢᠭ ᠵᠢᠭᠠᠪᠣᠷᠢ ᠶᠢ ᠲᠡᠷᠡ | ᠲᠠᠷᠣᠶᠢᠬᠠᠨ ᠤᠯᠠᠮᠵᠢᠯᠠᠨ ᠨᠠᠶᠢᠳᠠᠪᠤᠷᠢᠵᠢᠭᠤᠯᠵᠦ᠂ ᠪᠠᠶᠠᠨᠳᠤᠭ ᠰᠣᠮᠣᠨ ᠳᠤ ᠪᠠᠨ ᠲᠡᠷᠢᠬᠦᠯᠡᠨ ︽ᠬᠤᠣᠰ | ᠲᠠᠭᠠᠭᠠᠴᠢᠯᠠᠯᠳᠠ︾ ᠶᠢ ᠡᠬᠢᠯᠠᠨ ᠶᠠᠪᠣᠭᠳᠠᠭᠤᠯᠵᠥ᠂ ᠲᠡᠬᠡᠳᠣ ᠱᠠᠳᠣᠨ ᠤ ᠬᠤᠯᠪᠣᠭᠳᠠᠯ ᠪᠦᠬᠦᠢ ᠲᠦᠷᠦ ᠶᠢᠨ | ᠪᠣᠳᠣᠯᠭ᠎ᠠ ᠶᠢ ᠦᠨᠳᠣᠰᠣᠨ ᠱᠠᠳᠣᠨ ᠳᠤ ᠨᠠᠶᠢᠳᠠᠪᠣᠷᠢᠵᠢᠭᠤᠯᠣᠨ᠂ ᠲᠠᠯ᠎ᠠ ᠨᠣᠳᠤᠭ ᠤᠨ ᠮᠠᠯᠴᠢᠳ ᠤᠨ ᠴᠢᠨᠡᠬᠡᠯᠢᠭᠵᠢᠯ | ᠤᠨ ᠵᠠᠮ ᠢᠶᠠᠷ ᠵᠠᠮᠨᠠᠬᠤ ᠳᠤ ᠰᠠᠭᠤᠷᠢ ᠶᠢ ᠲᠠᠯᠪᠢᠭᠰᠠᠨ ᠢᠶᠠᠨ ᠦᠪᠡᠷᠳᠡᠬᠡᠨ ᠪᠠᠰᠠ ᠨᠠᠰᠣ ᠠᠭᠰᠢᠷᠠᠵᠥ ᠴᠢᠳᠠᠯ | ᠲᠡᠩᠬᠡᠬᠡ ᠮᠠᠭᠤᠳᠠᠭᠰᠠᠨ᠂ ᠬᠦᠢᠳᠡᠨ ᠭᠠᠵᠠᠷ ᠬᠤᠨᠣᠵᠥ ᠬᠡᠪᠳᠠᠨ᠂ ᠡᠮᠨᠡᠯᠬᠡ ᠲᠣᠳᠠᠭᠤᠳᠠᠭᠰᠠᠨ ᠠᠴᠠ ᠠᠷᠬᠠᠭ | ᠲᠣᠭᠳᠠᠭᠰᠠᠨ ᠵᠡᠷᠬᠡ ᠣᠯᠠᠨ ᠵᠦᠢᠯ ᠤᠨ ᠰᠢᠯᠳᠠᠭᠠᠨ ᠠᠴᠠ ᠨᠠᠮ ᠤᠨ ᠡᠬᠦᠷ ᠤᠨ ᠲᠣᠰᠢᠶᠠᠯ ᠢᠶᠠᠨ ᠴᠢᠯᠥᠬᠡᠯᠡᠵᠥ᠂ | ᠰᠢᠨ᠎ᠠ ᠴᠠᠭ ᠦᠶ᠎ᠡ ᠶᠢᠨ ᠰᠢᠯᠢᠳᠡᠭ ᠵᠠᠯᠠᠭᠤᠴᠣᠳ ᠲᠤ ︽ᠣᠷᠣ ᠲᠠᠯᠪᠢᠵᠥ︾ ᠦᠭᠬᠦᠭᠰᠡᠨ ᠪᠠᠶᠢᠨ᠎ᠠ᠃ | ᠦᠨᠡᠨ ᠪᠣᠳᠡᠳᠡᠢ ᠠᠵᠢᠯ ᠬᠢᠵᠥ ᠠᠷᠠᠳ ᠣᠯᠠᠨ ᠤ ᠪᠠᠨ ᠲᠦᠯᠥᠬᠡ ᠵᠢᠳᠬᠦᠵᠥ ᠶᠠᠪᠣᠭᠰᠠᠨ ᠪᠣᠷᠣᠬᠦᠣ 1969 | ᠣᠨ ᠳᠤ ᠦᠪᠦᠷ ᠮᠣᠩᠭᠤᠯ ᠤᠨ ᠲᠡᠷᠢᠬᠦᠨ ᠤ ᠵᠠᠯᠠᠭᠤᠴᠣᠳ ᠢᠶᠠᠷ ᠰᠣᠩᠭᠤᠭᠳᠠᠨ᠂ ᠣᠯᠣᠰ ᠤᠨ ᠨᠡᠶᠢᠰᠯᠠᠯ — | ᠪᠡᠬᠡᠵᠢᠩ ᠳᠤ ᠬᠦᠷᠴᠣ᠂ ᠲᠢᠶᠠᠨ ᠠᠨ ᠮᠧᠨ ᠠᠭᠤᠳᠠᠮ ᠲᠠᠯᠠᠪᠡᠢ ᠳᠤ ᠣᠯᠣᠰ ᠤᠨ ᠪᠡᠶᠡᠷ ᠲᠤ ᠣᠷᠣᠯᠴᠠᠭᠰᠠᠨ | ᠪᠦᠬᠡᠳ 1980 ᠣᠨ ᠳᠤ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠲᠠᠪᠣᠳᠣᠭᠠᠷ ᠬᠤᠭᠤᠴᠠᠭᠠᠨ ᠤ | ᠠᠷᠠᠳ ᠤᠨ ᠲᠦᠯᠥᠬᠡᠯᠡᠭᠴᠢ᠂ 1985 ᠣᠨ ᠪᠠ 1988 ᠣᠨ ᠳᠤ ᠲᠣᠰᠪᠣᠷᠢ ᠲᠣᠮᠳᠠᠳᠣ ᠣᠯᠣᠰ ᠤᠨ ᠠᠷᠠᠳ | ᠤᠨ ᠣᠯᠣᠰ ᠲᠦᠷᠦ ᠶᠢᠨ ᠵᠦᠪᠯᠡᠯᠬᠡᠨ ᠤ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠲᠠᠪᠣᠳᠣᠭᠠᠷ᠂ | ᠵᠢᠷᠭᠤᠳᠣᠭᠠᠷ ᠬᠤᠶᠡᠷ ᠬᠤᠭᠤᠴᠠᠭᠠᠨ ᠤ ᠬᠡᠰᠢᠬᠦᠨ ᠪᠣᠯᠵᠥ᠂ ᠮᠠᠯᠵᠢᠬᠤ ᠣᠷᠣᠨ ᠤ ᠦᠨᠳᠣᠰᠣᠨ ᠪᠦᠳᠦᠬᠡᠨ | ᠪᠠᠶᠢᠭᠤᠯᠥᠯᠳᠠ᠂ ᠬᠢᠯᠢ ᠬᠢᠵᠠᠭᠠᠷ ᠣᠷᠣᠨ ᠤ ᠠᠮᠣᠷ ᠲᠣᠭᠳᠠᠭᠤᠨ ᠪᠠᠶᠢᠯᠭᠠᠬᠤ ᠲᠣᠬᠠᠢ ᠠᠯᠢ ᠣᠯᠠᠨ ᠰᠠᠨᠠᠯ | ᠰᠠᠨᠠᠭᠤᠯᠭ᠎ᠠ ᠪᠠᠨ ᠨᠠᠮ ᠲᠦᠷᠦ ᠳᠤ ᠪᠠᠨ ᠲᠠᠰᠣᠷᠠᠯᠳᠠ ᠦᠬᠡᠢ ᠲᠣᠰᠬᠠᠭᠰᠠᠨ ᠢᠶᠠᠷ ᠪᠣᠳᠡᠳᠣ ᠦᠷ᠎ᠡ ᠪᠦᠳᠦᠮᠵᠢ ᠶᠢ | ᠨᠢ ᠦᠷᠬᠡᠨ ᠣᠯᠠᠨ ᠠᠷᠠᠳ ᠲᠦᠮᠡᠨ ᠳᠤ ᠪᠠᠨ ᠬᠦᠷᠳᠡᠬᠡᠭᠰᠡᠨ ᠪᠠᠶᠢᠨ᠎ᠠ᠃ | ᠪᠣᠷᠣᠬᠦᠣ 1996 ᠣᠨ ᠳᠤ ᠨᠠᠰᠣ ᠪᠠᠷᠠᠵᠥ᠂ ᠦᠷᠨᠢᠨ ᠬᠦᠭᠵᠢᠵᠥ ᠦᠬᠡᠳᠡᠯᠡᠨ ᠮᠠᠨᠳᠣᠭᠰᠠᠨ ᠬᠢᠯᠢ | ᠨᠣᠳᠤᠭ ᠲᠤ ᠪᠠᠨ ᠮᠦᠩᠬᠡ ᠨᠣᠶᠢᠷᠰᠣᠭᠰᠠᠨ ᠶᠤᠮ᠃ | |