ᠦᠶ᠎ᠡ  ᠲᠠᠮᠵᠢᠭᠰᠠᠨ  ᠣᠷᠭ᠎ᠠ    ᠦᠯᠢᠬᠡᠷ ᠬᠦᠣᠷᠨᠢᠭ᠍ᠰᠡᠨ ᠣᠶᠠᠭ᠎ᠠ  — ᠲᠦᠷᠪᠡᠨ ᠦᠶ᠎ᠡ ᠶᠢᠨ ᠠᠳᠣᠭᠤᠴᠢᠨ ᠮᠦᠩᠬᠡ ᠶᠢ ᠲᠡᠮᠳᠡᠭᠯᠡᠪᠡ
ᠨᠡᠶᠢᠲᠡᠯᠡᠭᠰᠡᠨ ᠴᠠᠭ᠄
2024/6/19
     ᠵᠢᠷᠠᠨ ᠵᠢᠯ ᠤᠨ ᠲᠣᠷᠰᠢ ᠮᠣᠷᠢᠨ ᠨᠢᠷᠣᠭᠤᠨ ᠲᠡᠬᠡᠷ᠎ᠡ ᠪᠠᠨ ᠲᠠᠯ᠎ᠠ ᠶᠢᠨ ᠰᠠᠯᠬᠢ ᠪᠠᠷ ᠦᠨᠦᠰᠣᠬᠦᠯᠵᠥ ᠶᠠᠪᠣᠭᠰᠠᠨ ᠠᠳᠣᠭᠤᠴᠢᠨ ᠮᠦᠩᠬᠡ ᠬᠡᠵᠥ ᠠᠪᠠᠭ᠎ᠠ ᠬᠤᠰᠢᠭᠤᠨ ᠤ ᠨᠠᠷᠠᠨᠪᠤᠯᠠᠭ ᠰᠤᠮᠤᠨ ᠤ ᠰᠠᠷᠠᠭᠤᠯᠳᠠᠯ᠎ᠠ ᠭᠠᠴᠠᠭᠠᠨ  ᠤ ᠣᠣᠭᠠᠯ ᠮᠠᠯᠴᠢᠨ᠂ ᠬᠠᠰᠢᠷ ᠠᠳᠣᠭᠤᠴᠢᠨ᠂ ᠨᠡᠷᠡᠳᠣ ᠣᠶᠠᠭᠠᠴᠢ᠂ ᠣᠯᠠᠨ ᠲᠦᠮᠡᠨ ᠤ ᠪᠠᠭ᠋ᠠᠷᠬᠠᠯ ᠢ ᠲᠠᠳᠠᠭᠰᠠᠨ ᠣᠯᠠᠨ ᠰᠠᠶᠢᠬᠠᠨ ᠨᠠᠶᠢᠷ ᠨᠠᠭᠠᠳᠣᠮ ᠢᠶᠠᠷ ᠰᠠᠶᠢᠮᠣ ᠬᠠᠷ᠎ᠠ᠂ ᠬᠤᠷᠳᠣᠨ ᠰᠠᠷᠠᠯ᠂ ᠦᠨᠢᠶᠡᠴᠢ ᠬᠠᠯᠳᠡᠷ᠂ ᠲᠡᠬᠦᠣ ᠬᠠᠯᠵᠠᠨ ᠵᠡᠷᠬᠡ ᠣᠯᠠᠨ ᠰᠠᠶᠢᠬᠠᠨ ᠠᠷᠭᠤᠮᠠᠭ ᠬᠦᠯᠦᠭ ᠢᠶᠠᠨ ᠣᠳᠣᠳᠡᠢ ᠰᠠᠶᠢᠨ ᠬᠤᠷᠳᠣᠯᠠᠭᠤᠯᠵᠥ ᠶᠠᠪᠤᠭᠰᠠᠨ ᠬᠦᠮᠦᠨ ᠤ ᠨᠢᠭᠡᠨ ᠪᠢᠯᠡ᠃      ᠦᠰᠬᠦ ᠠᠴᠠ ᠪᠠᠨ ᠦᠳᠡᠯᠳᠠᠯ᠎ᠠ ᠪᠠᠨ ᠮᠣᠷᠢᠨ ᠨᠢᠷᠣᠭᠤᠨ ᠲᠡᠬᠡᠷ᠎ᠡ ᠪᠠᠨ ᠠᠵᠢᠯ ᠠᠮᠢᠳᠣᠷᠠᠯ ᠢᠶᠠᠨ ᠮᠠᠨᠳᠣᠭᠤᠯᠵᠥ ᠶᠠᠪᠣᠭᠰᠠᠨ ᠮᠦᠩᠬᠡ 1952 ᠣᠨ ᠳᠤ ᠣᠣᠯ ᠤᠨ ᠪᠣᠭᠳ᠋ᠬᠠᠭᠤᠯᠠ ᠰᠣᠮᠣᠨ ᠤ ᠰᠠᠷᠠᠭᠤᠯᠳᠠᠯ᠎ᠠ ᠭᠠᠴᠠᠭᠠᠨ ᠳᠤ ᠠᠳᠣᠭᠤᠴᠢᠨ ᠣᠳᠣᠮ ᠤᠨ ᠲᠣᠩᠳᠣᠪ ᠡᠷᠡᠭᠴᠢ ᠶᠢᠨ ᠣᠣᠭᠠᠨ ᠬᠦᠣ ᠨᠢ ᠪᠣᠯᠵᠥ ᠲᠣᠣᠷ᠎ᠠ ᠲᠡᠯᠪᠢᠩ ᠬᠡᠳᠡᠭ ᠭᠠᠵᠠᠷ ᠲᠦᠷᠦᠪᠡ᠃ ᠠᠪᠤ ᠲᠣᠩᠳᠣᠪ ᠨᠢ ᠨᠠᠰᠣᠨ ᠲᠣᠷᠰᠢᠳᠠ ᠪᠠᠨ ᠪᠠᠷᠢᠭᠠᠳᠠ ᠨᠡᠶᠢᠳᠡ᠂ ᠬᠤᠳᠠ ᠣᠰᠣᠨ  ᠤ ᠠᠳᠣᠭᠤ ᠬᠠᠷᠢᠭᠤᠯᠵᠥ ᠶᠠᠪᠣᠭᠰᠠᠨ ᠪᠦᠬᠡᠳ ᠮᠣᠩᠭᠤᠯ ᠨᠣᠳᠤᠭ ᠤᠨ ᠡᠷ᠎ᠡ ᠬᠦᠮᠦᠨ ᠤ ᠬᠤᠪᠢ ᠳᠤ ᠨᠡᠶᠢᠷ ᠲᠠᠭᠠᠷᠠᠪᠠᠯ ᠪᠠᠷᠢᠯᠳᠣᠴᠢᠬᠠᠳᠠᠭ ᠨᠠᠶᠢᠷ ᠤᠨ ᠣᠳᠣᠳᠡᠢ ᠬᠦᠮᠦᠨ ᠪᠠᠶᠢᠭᠰᠠᠨ ᠢᠶᠠᠷ ᠨᠣᠳᠤᠭ ᠣᠰᠣᠨ ᠤ ᠣᠪᠣᠭ᠎ᠠ ᠪᠣᠯᠠᠭ  ᠤᠨ ᠲᠠᠬᠢᠯᠭ᠎ᠠ ᠳᠤ ᠵᠣᠳᠣᠭᠯᠠᠵᠥ ᠱᠠᠩ ᠳᠤ ᠬᠦᠷᠳᠡᠭ ᠪᠠᠶᠢᠵᠦ᠂ 1955 ᠣᠨ ᠳᠤ ᠰᠦᠨᠢᠳ ᠵᠡᠬᠦᠨ ᠬᠤᠰᠢᠭᠤᠨ  ᠤ ᠠᠷᠠᠳ ᠤᠨ ᠶᠡᠭᠡ ᠨᠡᠶᠢᠷ ᠤᠨ 256 ᠪᠦᠬᠡ ᠶᠢᠨ ᠪᠠᠷᠢᠯᠳᠣᠭᠠᠨ ᠳᠤ ᠲᠡᠷᠢᠬᠦᠯᠡᠨ ᠠᠳᠣᠭᠤ ᠬᠦᠳᠦᠯᠵᠥ ᠪᠠᠶᠢᠭᠰᠠᠨ ᠨᠠᠨᠳᠢᠨ ᠲᠣᠷᠠᠳᠬᠠᠯ ᠲᠠᠢ᠃ ᠡᠪᠦᠭᠡ ᠨᠢ ᠰᠣᠩᠷᠣᠪ ᠬᠡᠭᠴᠢ ᠬᠤᠳᠠ ᠣᠰᠣᠨ ᠤ ᠪᠠᠨ ᠬᠦᠷᠡᠩ ᠴᠠᠪᠢᠳᠠᠷ᠂ ᠣᠯᠠᠭᠠᠨ ᠬᠡᠬᠡᠷ ᠠᠳᠣᠭᠤ ᠪᠠᠷ ᠭᠤᠣᠯᠯᠠᠭᠰᠠᠨ ᠣᠯᠠᠨ ᠰᠠᠶᠢᠬᠠᠨ ᠮᠣᠩᠭᠤᠯ ᠠᠳᠣᠭᠤ ᠪᠠᠨ ᠬᠠᠷᠢᠭᠤᠯᠣᠭᠰᠠᠨ ᠬᠠᠰᠢᠷ ᠠᠳᠣᠭᠤᠴᠢᠨ ᠪᠠᠶᠢᠭᠰᠠᠨ ᠬᠡᠳᠡᠭ᠃ ᠮᠦᠩᠬᠡ ᠢᠩᠬᠢᠵᠥ ᠲᠣᠭᠤᠨᠣ ᠲᠠᠢ ᠬᠡᠷ ᠲᠤ ᠲᠦᠷᠦᠵᠥ ᠲᠣᠰᠣᠳᠡᠢ ᠲᠣᠯᠭ᠎ᠠ ᠲᠣᠭᠤᠷᠢᠨ᠂ ᠣᠨᠠᠭ᠎ᠠ ᠲᠠᠭ᠎ᠠ ᠲᠠᠢ ᠨᠤᠴᠤᠯᠳᠤᠨ ᠦᠰᠦᠨ ᠪᠣᠶᠢᠵᠢᠭᠰᠠᠭᠠᠷ 1960 ᠣᠨ ᠳᠤ ᠪᠣᠭᠳ᠋ᠬᠠᠭᠤᠯᠠ ᠰᠣᠮᠣᠨ ᠤ ᠰᠣᠷᠭᠠᠭᠤᠯᠢ ᠶᠢᠨ ᠪᠣᠱᠤᠭ᠎ᠠ ᠶᠢ ᠠᠯᠬᠤᠭᠰᠠᠨ ᠢᠶᠠᠨ 1967 ᠣᠨ ᠳᠤ ︽ᠬᠦᠳᠡᠯᠬᠡᠬᠡᠨ︾ ᠡᠬᠢᠯᠡᠭᠰᠡᠨ  ᠢᠶᠠᠷ ᠰᠣᠷᠭᠠᠭᠤᠯᠢ ᠠᠴᠠ ᠪᠠᠭᠤᠵᠥ ᠣᠳᠣᠮ ᠵᠠᠯᠭᠠᠵᠥ ᠣᠷᠭ᠎ᠠ ᠲᠣᠬᠤᠶᠢᠯᠠᠭᠰᠠᠨ ᠭᠤᠷᠪᠠᠳᠡᠬᠢ ᠦᠶ᠎ᠡ ᠶᠢᠨ ᠠᠳᠣᠭᠤᠴᠢᠨ ᠪᠣᠯᠣᠭᠰᠠᠨ ᠪᠠᠶᠢᠨ᠎ᠠ᠃ ᠲᠣᠬᠠᠢ ᠶᠢᠨ ᠦᠶ᠎ᠡ ᠳᠤ ᠲᠣᠰ ᠪᠠᠷᠢᠭᠠᠳᠠ ᠨᠢ ᠠᠵᠢᠯᠴᠢ ᠮᠠᠯᠴᠢᠳ ᠤᠨ ᠨᠢᠮᠪᠡᠢ ᠠᠷᠠᠴᠢᠯᠠᠭ᠎ᠠ ᠪᠠᠷ ᠣᠯᠠᠨ ᠬᠡᠵᠢᠬᠡ ᠶᠢᠨ ᠠᠳᠣᠭᠤ᠂ ᠶᠡᠭᠡ ᠵᠣᠤᠬ᠎ᠠ ᠶᠢᠨ ᠠᠳᠣᠭᠤ᠂ ᠪᠠᠭ᠎ᠠ ᠵᠣᠤᠬ᠎ᠠ ᠶᠢᠨ ᠠᠳᠣᠭᠤ᠂ ᠵᠠᠷᠠᠭ᠎ᠠ ᠬᠠᠮᠠᠷ ᠤᠨ ᠠᠳᠣᠭᠤ᠂ ᠬᠤᠭᠤᠯᠠᠢ ᠶᠢᠨ ᠠᠳᠣᠭᠤ ᠵᠡᠷᠬᠡ ᠲᠠᠪᠣᠨ ᠰᠦᠷᠦᠭ ᠲᠠᠢ ᠪᠠᠶᠢᠭᠰᠠᠨ ᠪᠣᠯᠬᠤᠷ ᠣᠯᠠᠨ ᠣᠶᠠᠭᠠᠴᠢ ᠪᠠᠶᠢᠭᠰᠠᠨ ᠨᠢ ᠮᠡᠳᠡᠬᠡᠵᠢ᠃ ᠶᠡᠭᠡ ᠠᠪᠠᠭ᠎ᠠ ᠠᠪᠤ ᠲᠠᠪᠠᠭ ᠨᠢ ᠵᠢᠭᠠᠬᠠᠨ ᠬᠡᠬᠡᠷ ᠮᠣᠷᠢ  ᠪᠠᠨ ᠣᠶᠠᠭᠠᠳ ᠵᠢᠷᠭᠤᠭᠠᠨ ᠨᠠᠰᠣᠳᠡᠢ ᠮᠦᠩᠬᠡ ᠶᠢ ᠰᠣᠮᠣᠨ ᠤ ᠨᠡᠶᠢᠷ ᠲᠤ ᠣᠷᠣᠯᠴᠠᠭᠤᠯᠬᠤ ᠳᠤ ᠮᠦᠩᠬᠡ ᠶᠢᠨ ᠣᠨᠣᠭᠰᠠᠨ ᠵᠢᠭᠠᠬᠠᠨ ᠬᠡᠬᠡᠷ ᠲᠡᠷᠢᠬᠦᠯᠡᠨ᠂ ᠲᠦᠩᠫᠧᠩ ᠵᠡᠷᠬᠡ ᠶᠢᠨ ᠱᠠᠩᠨᠠᠯ ᠲᠤᠰᠴᠦ ᠪᠠᠶᠢᠭᠰᠠᠨ ᠬᠡᠳᠡᠭ᠃      ᠮᠣᠩᠭᠤᠯ ᠨᠣᠳᠤᠭ ᠤᠨ ᠡᠷ᠎ᠡ ᠪᠦᠬᠡ ᠳᠤ ᠲᠣᠷᠠᠳᠡᠢ ᠮᠣᠷᠢᠨ ᠳᠤ ᠬᠤᠷᠣᠬᠠᠶᠢᠳᠡᠢ ᠪᠠᠶᠢᠳᠠᠭ ᠪᠣᠯᠬᠤᠷ ᠮᠦᠩᠬᠡ ᠠᠷᠪᠠᠨ ᠨᠡᠢᠮᠡᠨ ᠨᠠᠰᠣ ᠬᠦᠷᠦᠩᠬᠦᠳᠡ ᠪᠠᠨ ᠠᠪᠣᠷᠭᠤ ᠨᠠᠶᠢᠳᠠᠨ ᠤ ᠱᠠᠪᠢ ᠪᠣᠯᠵᠥ ᠪᠦᠬᠡ ᠶᠢᠨ ᠰᠣᠷᠢᠭᠠᠨ ᠳᠤ ᠬᠡᠳᠣᠨ ᠰᠠᠷ᠎ᠠ ᠪᠣᠯᠪᠠᠰᠣᠷᠠᠵᠥ᠂ ᠣᠪᠣᠭ᠎ᠠ ᠨᠡᠶᠢᠷ ᠢᠶᠠᠷ ᠪᠠᠷᠢᠯᠳᠣᠬᠤ ᠳᠤ ᠪᠠᠨ ᠰᠢᠯᠭᠠᠬᠤ ᠨᠡᠢᠮᠠ ᠱᠠᠩ ᠤᠨ ᠲᠦᠷᠪᠡ ᠪᠠᠷ ᠲᠠᠪᠢᠳᠡᠭ ᠪᠠᠶᠢᠭᠰᠠᠨ᠃ ᠬᠡᠪᠡᠴᠣ ᠣᠳᠣᠮ ᠠᠴᠠ ᠵᠠᠯᠭᠠᠭᠰᠠᠨ ᠣᠷᠭ᠎ᠠ ᠲᠡᠬᠦᠨ ᠢ ᠲᠠᠯᠯᠠᠵᠥ ᠪᠠᠷᠢᠭᠠᠳᠠ ᠶᠢᠨ ᠢᠶᠠᠨ ᠲᠣᠰᠬᠠᠢ ᠠᠳᠣᠭᠤᠴᠢᠨ ᠪᠣᠯᠣᠭᠰᠠᠨ ᠪᠦᠬᠡᠳ 1985 ᠣᠨ ᠳᠤ ᠠᠩᠬ᠎ᠠ ᠪᠡᠶ᠎ᠡ ᠪᠠᠨ ᠲᠠᠭᠠᠭᠠᠵᠥ ᠮᠣᠷᠢ ᠤᠶᠠᠨ᠂ ᠨᠠᠷᠠᠨᠪᠣᠯᠠᠭ ᠰᠣᠮᠣᠨ ᠤ ᠪᠠᠶᠠᠨᠰᠢᠯᠢ ᠪᠠᠷᠢᠭᠠᠳᠠ ᠶᠢᠨ ᠠᠷᠠᠳ ᠤᠨ ᠶᠡᠭᠡ ᠨᠡᠶᠢᠷ ᠤᠨ ᠭᠤᠴᠢᠨ ᠭᠠᠵᠠᠷ ᠤᠨ ᠬᠢᠵᠠᠭᠠᠯᠠᠩ ᠦᠷᠢᠶᠠᠨ ᠤ ᠣᠷᠣᠯᠳᠣᠭᠠᠨ ᠳᠤ ᠭᠠᠵᠠᠷ ᠭᠠᠵᠠᠷ ᠤᠨ ᠰᠢᠯᠢᠳᠡᠭ ᠰᠠᠶᠢᠨ ᠣᠶᠠᠭᠠᠴᠢᠳ ᠤᠨ ᠲᠠᠯᠠᠭᠠᠳ ᠦᠷᠢᠶ᠎ᠡ ᠲᠠᠪᠬᠢᠭᠤᠯᠣᠭᠰᠠᠨ ᠳᠤ ᠲᠡᠬᠦᠨ ᠤ ᠣᠶᠠᠭᠰᠠᠨ ᠰᠠᠷᠠᠯ ᠦᠷᠢᠶ᠎ᠡ ᠨᠢ ᠲᠡᠷᠢᠬᠦᠯᠡᠵᠦ᠂ ᠬᠡᠬᠡᠷ ᠦᠷᠢᠶ᠎ᠡ ᠨᠢ ᠲᠡᠳ᠋ᠯᠡᠨ᠂ ᠬᠠᠯᠳᠡᠷ ᠦᠷᠢᠶ᠎ᠡ ᠨᠢ ᠲᠣᠯᠤᠭ᠎ᠠ ᠳᠤ᠂ ᠨᠦᠬᠦᠬᠡ ᠬᠡᠬᠡᠷ ᠦᠷᠢᠶ᠎ᠡ ᠨᠢ 13 ᠳᠤ ᠢᠷᠡᠭᠰᠡᠨ ᠪᠠᠶᠠᠷᠯᠠᠭᠤᠰᠢᠳᠡᠢ ᠠᠮᠵᠢᠯᠳᠡ ᠣᠯᠣᠭᠰᠠᠨ ᠨᠢ ᠲᠡᠬᠦᠨ ᠤ ᠬᠤᠵᠢᠮ ᠤᠨ ᠠᠯᠳᠡᠷᠳᠣ ᠣᠶᠠᠭᠠᠴᠢ ᠪᠣᠯᠬᠤ ᠳᠤ ᠣᠷᠮ᠎ᠠ ᠬᠠᠶᠢᠷᠠᠯᠠᠭᠰᠠᠨ ᠶᠠᠪᠣᠳᠠᠯ ᠪᠣᠯᠵᠡᠢ᠃ 1986 ᠣᠨ ᠳᠤ ᠠᠪᠠᠭ᠎ᠠ ᠰᠦᠨᠢᠳ ᠤᠨ ᠵᠠᠭᠠᠭ ᠢᠶᠠᠷ  ᠨᠡᠯᠢᠶᠡᠳ ᠭᠠᠩ ᠲᠠᠢ ᠪᠠᠶᠢᠭᠰᠠᠨ ᠪᠣᠯᠬᠤᠷ ᠮᠦᠩᠬᠡ ᠲᠣᠰᠬᠠᠢ ᠮᠣᠷᠢ ᠣᠶᠠᠭᠰᠠᠨ ᠦᠬᠡᠢ᠂ ᠠᠳᠣᠭᠤᠨ ᠳᠤ ᠣᠨᠣᠳᠠᠭ ᠬᠠᠯᠳᠡᠷ ᠮᠣᠷᠢ ᠪᠠᠨ ᠬᠦᠩᠬᠡᠷᠡᠬᠡᠵᠥ᠂ ᠰᠦᠨᠢᠳ ᠵᠡᠬᠦᠨ ᠬᠤᠰᠢᠭᠤᠨ ᠤ ᠦᠨᠢᠶᠡᠴᠢ ᠶᠢᠨ ᠣᠪᠣᠭᠠᠨ ᠲᠠᠬᠢᠯᠭ᠎ᠠ ᠶᠢᠨ ᠣᠷᠢᠳᠣ ᠰᠦᠨᠢ ᠨᠢ ᠮᠣᠷᠢ ᠪᠠᠨ ᠬᠦᠳᠦᠯᠥᠬᠡᠳ ᠲᠡᠷᠡᠰᠣᠨ ᠦᠯᠥᠩ ᠢᠳᠡᠬᠦᠯᠵᠥ ᠪᠠᠶᠢᠭᠰᠠᠨ ᠢᠶᠠᠨ ᠲᠠᠷᠠᠭ᠎ᠠ ᠦᠷᠯᠥᠬᠡ ᠨᠢ ᠲᠠᠪᠬᠢᠭᠤᠯᠬᠤ  ᠳᠤ ᠪᠠᠷᠢᠶᠠᠨ ᠤ ᠭᠠᠵᠠᠷ ᠣᠶᠢᠷᠠᠳᠣᠬᠤ ᠳᠤ ᠲᠠᠰᠣᠷᠠᠨ ᠢᠷᠡᠵᠥ᠂ ᠲᠡᠷᠢᠬᠦᠨ ᠮᠠᠩᠨᠠᠢ ᠳᠤ ᠲᠤᠳᠤᠷᠠᠨ ᠠᠯᠠᠭ ᠲᠠᠭ᠎ᠠ  ᠪᠠᠷ ᠱᠠᠩᠨᠠᠭᠤᠯᠵᠦ ᠪᠠᠶᠢᠭᠰᠠᠨ ᠪᠢᠯᠡ᠃      1991 ᠣᠨ ᠳᠤ ᠰᠦᠨᠢᠳ ᠵᠡᠬᠦᠨ ᠬᠤᠰᠢᠭᠤ ᠪᠠᠶᠢᠭᠤᠯᠣᠭᠳᠠᠭᠰᠠᠨ ᠲᠠᠪᠢᠨ ᠵᠢᠯ ᠤᠨ ᠶᠡᠭᠡ ᠪᠡᠶᠡᠷ ᠨᠠᠭᠠᠳᠣᠮ ᠢᠶᠠᠷ ᠣᠯᠠᠨ ᠬᠤᠰᠢᠭᠤ ᠠᠶᠢᠮᠠᠭ ᠤᠨ ᠠᠯᠳᠡᠷᠳᠣ ᠣᠶᠠᠭᠠᠴᠢ ᠨᠡᠷ ᠤᠨ ᠰᠢᠯᠢᠳᠡᠭ ᠰᠠᠶᠢᠨ 200 ᠭᠠᠷᠤᠢ ᠬᠤᠷᠳᠣᠨ ᠬᠦᠯᠦᠭ ᠴᠣᠭᠯᠠᠷᠠᠭᠰᠠᠨ ᠪᠦᠬᠡᠳ ᠠᠭᠤᠳᠠᠮ ᠲᠠᠮᠠᠴᠢ ᠶᠢᠨ ᠡᠯᠢᠬᠡᠨ ᠲᠡᠬᠡᠷ᠎ᠡ ᠣᠭᠰᠢᠯ ᠰᠠᠶᠢᠳᠡᠢ ᠬᠤᠷᠳᠣᠨ ᠬᠦᠯᠦᠭ ᠤᠳ ᠬᠠᠵᠠᠭᠠᠷ ᠲᠠᠷᠣᠨ ᠲᠦᠬᠦᠯᠵᠡᠵᠥ᠂ ᠣᠷᠣᠯᠳᠣᠭᠠᠨ ᠤ 60 ᠭᠠᠵᠠᠷ ᠢ ᠲᠦᠳᠡᠬᠡᠨ ᠵᠠᠭᠤᠷ᠎ᠠ ᠡᠪᠬᠡᠮᠡᠷ ᠡᠪᠬᠡᠮᠡᠷ ᠪᠠᠶᠢᠭᠰᠠᠨ ᠪᠢᠯᠡ᠃ ᠮᠦᠩᠬᠡ ᠴᠣ᠋ ᠲᠡᠳᠡᠬᠡᠷ ᠣᠯᠠᠨ ᠰᠢᠨᠳᠠᠰᠣᠳᠣ ᠬᠦᠯᠦᠭ ᠤᠨ ᠲᠣᠮᠳᠠ ᠠᠴᠠ ᠦᠪᠡᠷ ᠤᠨ ᠬᠢᠨᠢ ᠬᠤᠷᠳᠣᠨ ᠬᠦᠯᠦᠭ ᠮᠠᠩᠨᠠᠢ ᠳᠤ ᠪᠠᠨ ᠲᠣᠭᠤᠰᠣ ᠦᠬᠡᠢ ᠬᠤᠷᠳᠣᠯᠠᠨ᠎ᠠ ᠬᠡᠳᠡᠭ ᠲᠤ ᠢᠳᠡᠬᠡᠯ ᠲᠡᠬᠦᠯᠳᠡᠷ ᠪᠠᠶᠢᠭᠰᠠᠨ ᠴᠣ᠋ ᠬᠤᠷᠸ᠎ᠠ ᠳᠤ ᠬᠤᠷᠳᠣᠨ ᠬᠦᠯᠦᠭ ᠢᠶᠠᠷ ᠢᠶᠠᠨ ᠠᠯᠳᠠᠷᠰᠢᠭᠰᠠᠨ ᠬᠤᠶᠡᠷ ᠰᠦᠨᠢᠳ ᠤᠨ ᠨᠣᠳᠤᠭ ᠲᠤ ᠬᠦᠭᠰᠢᠨ ᠬᠤᠤᠬᠠᠩ ᠤᠨ ᠦᠷ᠎ᠡ ᠲᠦᠯ ᠦᠵᠦᠬᠦᠷ ᠲᠡᠷᠢᠬᠦᠨ ᠢ ᠪᠣᠯᠢᠶᠠᠯᠳᠣᠬᠤ ᠶᠢ ᠬᠡᠨ ᠪᠠᠶᠢᠭ ᠬᠡᠬᠦᠪ᠃ ᠬᠡᠪᠡᠴᠣ ᠦᠶ᠎ᠡ ᠦᠶ᠎ᠡ ᠮᠣᠩᠭᠤᠯ ᠠᠳᠣᠭᠤ ᠪᠠᠨ ᠮᠠᠯᠵᠢᠵᠥ᠂ ᠬᠠᠶ᠋ᠢᠩᠬᠢᠷᠸ᠎ᠠ ᠪᠣᠷᠬᠠᠨ ᠢᠶᠠᠨ ᠣᠷᠣᠢ ᠶᠢᠨ ᠰᠢᠳᠦᠬᠡᠨ ᠪᠣᠯᠭᠠᠨ ᠰᠢᠳᠣᠵᠥ ᠢᠷᠡᠭᠰᠡᠨ᠂ ᠮᠣᠩᠭᠤᠯ ᠮᠣᠷᠢᠨ ᠤ ᠪᠠᠨ ᠬᠤᠯᠠ ᠶᠢᠨ ᠣᠶᠠᠭ᠎ᠠ ᠰᠣᠶᠢᠯᠭ᠎ᠠ ᠶᠢ ᠨᠠᠶᠢᠳᠠᠪᠣᠷᠢᠳᠡᠢ ᠰᠠᠶᠢᠨ ᠬᠢᠭᠰᠡᠨ ᠮᠦᠩᠬᠡ ᠦᠪᠡᠷ ᠤᠨ ᠰᠠᠶᠢᠮᠣ ᠬᠠᠷ᠎ᠠ ᠮᠣᠷᠢ ᠪᠠᠨ ᠦᠵᠦᠬᠦᠷ ᠲᠡᠷᠢᠬᠦᠨ ᠢᠷᠡᠨ᠎ᠠ ᠬᠡᠳᠡᠭ ᠲᠤ ᠪᠠᠳᠣ ᠢᠳᠡᠬᠡᠵᠥ ᠪᠠᠶᠢᠯ᠎ᠠ᠃ ᠠᠪᠠᠭ᠎ᠠ ᠨᠣᠳᠤᠭ ᠤᠨ ᠠᠯᠳᠡᠷᠳᠡᠢ ᠰᠠᠶᠢᠨ ᠠᠵᠢᠨᠠᠢ ᠣᠶᠠᠭᠠᠴᠢ ᠮᠦᠩᠬᠡ ᠶᠢᠨ ᠰᠠᠶᠢᠮᠣ ᠬᠠᠷ᠎ᠠ ᠣᠨᠠᠭᠠᠨ ᠨᠣᠳᠤᠭ᠂ ᠣᠶᠠᠭᠰᠠᠨ ᠡᠵᠡᠨ ᠤ ᠪᠠᠨ ᠢᠳᠡᠬᠡᠯ ᠬᠦᠰᠡᠯ ᠢ ᠬᠦᠰᠡᠷᠳᠡᠬᠦᠯᠥᠯ ᠦᠬᠡᠢ ᠭᠠᠵᠠᠷ ᠭᠠᠵᠠᠷ ᠤᠨ ᠬᠤᠶᠡᠷ ᠵᠠᠭᠤ ᠭᠠᠷᠤᠢ ᠰᠢᠯᠢᠳᠡᠭ ᠰᠠᠶᠢᠨ ᠬᠤᠷᠳᠣᠨ ᠬᠦᠯᠦᠭ ᠤᠨ ᠲᠣᠮᠳᠠ ᠠᠴᠠ ᠣᠳᠣᠳᠡᠢ ᠴᠣᠶᠢᠯᠠᠨ ᠲᠡᠷᠢᠬᠦᠯᠡᠵᠥ᠂ ᠠᠪᠠᠭ᠎ᠠ ᠨᠣᠳᠤᠭ ᠤᠨ ᠠᠳᠣᠭᠤᠨ ᠤ ᠬᠤᠷᠳᠣᠨ ᠰᠢᠨᠳᠠᠰᠣ ᠶᠢ ᠲᠠᠨᠢᠭᠤᠯᠤᠭᠰᠠᠨ ᠪᠣᠯ ᠲᠡᠬᠦᠨ ᠤ ᠣᠶᠠᠭᠰᠠᠨ ᠪᠠᠰᠠ ᠨᠢᠬᠡᠨ ᠬᠤᠷᠳᠣᠨ ᠬᠦᠯᠦᠭ ᠲᠡᠬᠦᠣ ᠬᠠᠯᠵᠠᠨ ᠮᠣᠷᠢ ᠨᠢ 6 ᠳᠤ ᠢᠷᠡᠵᠥ᠂ ᠨᠠᠭᠠᠳᠣᠮᠴᠢᠨ ᠣᠯᠠᠨ ᠤ ᠪᠠᠭ᠋ᠠᠷᠬᠠᠯ ᠳᠤ ᠣᠮᠪᠠᠵᠥ ᠪᠠᠶᠢᠬᠤ ᠳᠤ ᠱᠠᠩᠨᠠᠯ ᠳᠤ ᠢᠷᠡᠭᠰᠡᠨ ᠬᠦᠷᠡᠩ ᠮᠤᠷᠢ ᠶᠢ ᠣᠨᠣᠭᠠᠴᠢ ᠬᠡᠣᠬᠡᠳ ᠲᠤ ᠨᠢ ᠦᠭᠴᠣ ᠣᠨᠣᠭᠰᠠᠨ ᠬᠡᠣᠬᠡᠳ ᠢᠶᠠᠨ ᠪᠠᠶᠠᠷᠯᠠᠭᠤᠯᠣᠭᠰᠠᠨ ᠬᠡᠳᠡᠭ᠃ ᠮᠦᠩᠬᠡ ᠶᠢᠨ ᠦᠷᠢᠶᠠᠨ ᠳᠤ ᠨᠢ ᠣᠶᠠᠵᠥ ᠲᠠᠪᠬᠢᠭᠤᠯᠣᠭᠰᠠᠨ ᠰᠠᠷᠠᠯ ᠮᠣᠷᠢ ᠨᠢ ᠦᠷᠬᠡᠨᠳᠠᠯ᠎ᠠ ᠭᠠᠴᠠᠭᠠᠨ ᠤ ᠲᠦᠪᠰᠢᠨ ᠣᠪᠣᠭᠠᠨ ᠲᠠᠬᠢᠯᠭ᠎ᠠ ᠶᠢᠨ ᠨᠡᠶᠢᠷ ᠲᠤ᠂ ᠭᠠᠴᠠᠭᠠᠨ ᠤ ᠵᠠᠯᠠᠭᠤᠴᠣᠳ  ᠤᠨ ᠨᠡᠶᠢᠷ ᠲᠤ ᠪᠠᠰᠠ ᠬᠤᠶᠡᠷ ᠵᠢᠯ ᠲᠠᠷᠠᠭᠠᠯᠠᠨ ᠮᠠᠩᠨᠠᠢ ᠳᠤ ᠪᠠᠨ ᠲᠣᠭᠤᠰᠣ ᠦᠬᠡᠢ ᠬᠤᠷᠳᠣᠯᠠᠵᠥ ᠪᠠᠶᠢᠭᠰᠠᠨ ᠪᠦᠬᠡᠳ ᠲᠣᠰ ᠰᠠᠷᠠᠯ ᠮᠣᠷᠢ ᠨᠢ 1988 ᠣᠨ ᠤ ᠰᠦᠨᠢᠳ ᠵᠡᠬᠦᠨ ᠬᠤᠰᠢᠭᠤᠨ ᠤ ᠪᠠᠶ᠋ᠬᠠᠭᠤᠯᠠ ᠰᠣᠮᠣᠨ ᠤ ᠰᠠᠷᠠᠭᠤᠯᠳᠣᠶᠠᠭ᠎ᠠ ᠭᠠᠴᠠᠭᠠᠨ ᠤ ᠨᠠᠰᠣᠨᠮᠦ᠋ᠩᠬᠡ ᠶᠢᠨ ᠬᠡᠣᠬᠡᠳ ᠤᠨ ᠲᠠᠬᠢ ᠶᠢᠨ ᠨᠡᠶᠢᠷ ᠲᠤ ᠲᠡᠷᠢᠬᠦᠯᠡᠨ᠂ ᠲᠡᠬᠦᠨ ᠤ ᠣᠶᠠᠭᠰᠠᠨ ᠪᠦᠬᠡᠨ ᠬᠡᠬᠡᠷ ᠬᠡᠳᠡᠭ ᠮᠣᠷᠢ ᠨᠢ ᠲᠡᠳ᠋ᠯᠡᠵᠥ ᠪᠠᠶᠢᠭᠰᠠᠨ ᠪᠦᠬᠡᠳ 1991 ᠣᠨ ᠳᠤ ᠰᠦᠨᠢᠳ ᠵᠡᠬᠦᠨ ᠬᠤᠰᠢᠭᠤᠨ ᠤ ᠴᠡᠩᠳᠦᠰᠢᠯᠢ ᠰᠣᠮᠣᠨ ᠤ ᠪᠠᠶᠠᠨᠰᠢᠯᠢ ᠭᠠᠴᠠᠭᠠᠨ ᠤ ᠠᠮᠣᠭᠤᠯᠠᠩ ᠤᠨ ᠬᠡᠣᠬᠡᠳ ᠤᠨ ᠲᠠᠬᠢ ᠶᠢᠨ ᠨᠡᠶᠢᠷ  ᠲᠤ ᠲᠡᠬᠦᠨ ᠤ ᠣᠶᠠᠭᠰᠠᠨ ᠦᠨᠢᠶᠡᠴᠢ ᠶᠢᠨ ᠬᠠᠯᠳᠡᠷ ᠬᠡᠳᠡᠭ ᠬᠤᠷᠳᠣᠨ ᠮᠣᠷᠢ ᠨᠢ ᠲᠡᠷᠢᠬᠦᠯᠡᠭᠰᠡᠨ ᠢᠶᠠᠷ ᠣᠶᠠᠭᠠᠴᠢ ᠮᠦᠩᠬᠡ ᠶᠢᠨ ᠠᠯᠳᠡᠷ ᠨᠡᠷ᠎ᠡ ᠠᠷᠭᠤᠮᠠᠭ ᠬᠦᠯᠥᠭ ᠲᠠᠢ ᠪᠠᠨ ᠴᠤᠭ ᠰᠠᠶᠢᠬᠠᠨ ᠨᠡᠶᠢᠷ ᠤᠨ ᠬᠠᠯᠠᠭᠤᠨ ᠵᠣᠭᠤᠭ ᠪᠣᠯᠣᠨ ᠲᠠᠷᠬᠠᠵᠥ ᠪᠠᠶᠢᠭᠰᠠᠨ ᠪᠢᠯᠡ᠃      ᠨᠠᠰᠣᠨ ᠲᠣᠷᠰᠢ ᠮᠣᠩᠭᠤᠯ ᠮᠣᠷᠢ ᠪᠠᠷ ᠢᠶᠠᠨ ᠪᠠᠭ᠋ᠠᠷᠬᠠᠵᠥ ᠮᠣᠩᠭᠤᠯ ᠮᠣᠷᠢ ᠪᠠᠨ ᠡᠳ᠋ᠯᠡᠵᠥ ᠢᠷᠡᠭᠰᠡᠨ ᠮᠦᠩᠬᠡ 2015 ᠣᠨ ᠪᠣᠯᠳᠠᠯ᠎ᠠ ᠭᠤᠴᠢᠨ ᠵᠢᠯ ᠳᠤ ᠵᠦᠪᠬᠡᠨ ᠬᠤᠷᠢᠭᠠᠳ ᠮᠣᠷᠢ ᠣᠶᠠᠭᠰᠠᠨ ᠪᠦᠬᠡᠳ ᠲᠡᠬᠦᠨ ᠤ ᠣᠶᠠᠭᠰᠠᠨ ᠮᠣᠷᠢ ᠨᠢ ᠣᠳᠣᠬᠠᠨ ᠪᠣᠯᠳᠠᠯ᠎ᠠ 28 ᠲᠦᠷᠦᠬᠦᠦ ᠮᠠᠩᠨᠠᠢ ᠳᠤ᠂ 15 ᠠᠮᠠᠨ ᠬᠦᠵᠦᠬᠦᠨ ᠳᠤ᠂ 36 ᠠᠶᠢᠷᠠᠭᠳᠠᠵᠦ ᠢᠷᠡᠭᠰᠡᠨ ᠨᠢ ᠲᠡᠬᠦᠨ ᠤ ᠣᠶᠠᠭᠰᠠᠨ ᠮᠣᠷᠢᠨ ᠤ ᠴᠢᠨᠡᠷ ᠴᠢᠨᠰᠠᠭ᠎ᠠ ᠦᠨᠳᠣᠷ ᠬᠡᠳᠡᠭ ᠢ ᠬᠦᠢᠴᠡᠳ ᠬᠠᠷᠠᠭᠤᠯᠣᠭᠰᠠᠨ  ᠨᠢ ᠲᠠᠮᠵᠢᠭ ᠦᠬᠡᠢ᠃ ᠮᠦᠩᠬᠡ ᠦᠩᠬᠡᠷᠡᠭᠰᠡᠨ ᠤ ᠨᠡᠶᠢᠷ ᠨᠠᠭᠠᠳᠣᠮ ᠤᠨ ᠲᠣᠬᠠᠢ ᠬᠠᠭᠤᠴᠢᠯᠠᠬᠤ ᠳᠤ ᠪᠠᠨ᠄ ︽ᠮᠣᠩᠭᠤᠯ ᠮᠣᠷᠢ ᠬᠤᠯᠠ ᠶᠢᠨ ᠣᠶᠠᠭ᠎ᠠ ᠲᠠᠢ᠂ ᠢᠩᠬᠢᠵᠥ ᠬᠡᠯᠡᠳᠡᠭ ᠤᠨ ᠣᠴᠢᠷ ᠨᠢ ᠣᠷᠣᠯᠳᠣᠭᠠᠨ ᠤ ᠮᠣᠷᠢᠳ ᠢ ᠬᠠᠮᠤᠭ ᠨᠠᠭᠠᠳᠣ ᠵᠠᠬ᠎ᠠ ᠨᠢ ᠰᠠᠷ᠎ᠠ ᠢᠯᠡᠬᠦᠣ ᠬᠦᠩᠬᠡᠷᠡᠬᠡᠵᠥ ᠵᠢᠷᠠᠭᠠᠳ ᠭᠠᠵᠠᠷ ᠤᠨ ᠣᠷᠣᠯᠳᠣᠭᠠᠨ ᠳᠤ ᠪᠡᠯᠡᠳᠬᠡᠨ᠎ᠠ᠃ ᠮᠣᠩᠭᠤᠯ ᠮᠣᠷᠢ ᠣᠶᠠᠬᠤ ᠳᠤ ᠪᠠᠨ ᠣᠷᠢᠳᠠᠪᠡᠷ ᠭᠠᠷᠠᠭ ᠰᠢᠬᠠᠮ ᠰᠦᠨᠢ ᠨᠢ ᠣᠶᠠᠵᠥ ᠪᠠᠶᠢᠭᠠᠳ ᠨᠡᠯᠢᠶᠡᠳ ᠬᠤᠭᠤᠯᠠ ᠲᠠᠢ ᠵᠦᠬᠡᠯᠡᠨ ᠲᠡᠷᠬᠢᠬᠦᠯᠵᠥ ᠴᠣᠭᠬᠢᠭᠤᠯᠣᠨ ᠣᠷᠣᠭᠤ ᠬᠠᠨᠳᠣᠭᠤᠯᠣᠨ ᠬᠤᠷᠢᠭᠠᠳ ᠭᠠᠵᠠᠷ ᠲᠠᠪᠬᠢᠭᠤᠯᠵᠥ ᠪᠠᠶᠢᠭᠠᠳ ᠰᠢᠪᠡᠷ ᠬᠦᠯᠥᠰᠣ ᠶᠢ ᠨᠢ ᠭᠤᠷᠪᠠᠨ ᠣᠳᠠᠭ᠎ᠠ ᠠᠪᠣᠨ᠎ᠠ᠃ ᠰᠢᠪᠡᠷ ᠬᠦᠯᠥᠰᠣ ᠪᠠᠨ ᠰᠠᠶᠢᠳᠣᠷ ᠠᠪᠣᠭᠰᠠᠨ ᠮᠣᠷᠢᠳ ᠪᠡᠶ᠎ᠡ ᠨᠢ ᠲᠠᠯᠪᠢᠭᠤᠷᠠᠵᠥ᠂ ᠬᠠᠷᠠᠴᠠ ᠵᠣᠭᠰᠣᠴᠠ ᠨᠢ ᠴᠣᠭᠯᠢᠭ ᠪᠣᠯᠵᠥ ᠦᠩᠬᠡ ᠣᠷᠣᠵᠥ ᠬᠢᠯᠳᠠᠭᠠᠨᠠᠨ᠎ᠠ᠃ ᠲᠠᠷᠠᠭ᠎ᠠ ᠨᠢ ᠦᠬᠡᠳᠡ ᠭᠠᠵᠠᠷ ᠠᠷᠪᠠᠭᠠᠳ ᠭᠠᠵᠠᠷ ᠵᠦᠬᠡᠯᠡᠨ ᠶᠠᠪᠣᠭᠤᠯᠵᠥ ᠲᠠᠬᠢᠭᠠᠳ ᠣᠷᠣᠭᠤ ᠪᠠᠨ ᠲᠡᠷᠬᠢᠬᠦᠯᠥᠨ᠎ᠠ᠃ ᠢᠩᠬᠢᠪᠠᠯ ᠬᠦᠬᠡᠰᠣᠨ ᠬᠦᠯᠥᠰᠣ ᠭᠠᠷᠣᠨ᠎ᠠ᠃ ᠡᠨᠡ ᠦᠶ᠎ᠡ ᠳᠤ ᠨᠡᠮᠨᠡᠭᠰᠡᠨ ᠤ ᠲᠠᠷᠠᠭ᠎ᠠ ᠪᠠᠷ ᠬᠦᠬᠡᠰᠣᠨ ᠬᠦᠯᠥᠰᠣ  ᠶᠢ ᠨᠢ ᠰᠠᠶᠢᠳᠣᠷ ᠬᠤᠰᠣᠨ᠎ᠠ᠃ ᠢᠩᠬᠢᠵᠥ ᠠᠷᠪᠠᠨ ᠬᠤᠨᠤᠭ ᠲᠤ ᠬᠤᠶᠡᠷ ᠣᠳᠠᠭ᠎ᠠ ᠬᠦᠬᠡᠰᠣᠨ ᠬᠦᠯᠥᠰᠣ ᠶᠢ ᠨᠢ ᠭᠠᠷᠭᠠᠨ᠎ᠠ᠃ ᠭᠤᠷᠪᠠᠳᠣᠭᠠᠷ ᠠᠯᠬᠤᠮ ᠳᠤ ᠠᠷᠪᠠᠭᠠᠳ ᠭᠠᠵᠠᠷ ᠵᠦᠬᠡᠯᠡᠨ ᠲᠡᠷᠬᠢᠬᠦᠯᠵᠥ ᠠᠶᠠᠷ ᠶᠠᠪᠣᠭᠤᠯᠪᠠᠯ ᠣᠷᠣᠯᠳᠣᠭᠠᠨ ᠮᠣᠷᠢᠳ ᠠᠴᠠ ᠣᠰᠣ ᠲᠣᠰᠣᠯᠠᠨ᠎ᠠ᠃ ᠡᠬᠦᠨ ᠢ ᠣᠰᠣᠨ ᠬᠦᠯᠥᠰᠣ ᠬᠡᠨ᠎ᠠ᠃ ᠡᠬᠦᠨ ᠢ ᠬᠤᠶᠡᠷ ᠣᠳᠠᠭ᠎ᠠ ᠠᠴᠠ ᠢᠯᠡᠬᠦᠣ ᠬᠢᠵᠥ ᠪᠣᠯᠬᠤ ᠦᠬᠡᠢ᠂ ᠣᠯᠠᠳᠠᠪᠠᠯ ᠮᠣᠷᠢᠨ ᠤ ᠲᠠᠮᠢᠷ ᠢ ᠮᠠᠭᠤᠳᠠᠭᠠᠨ᠎ᠠ᠃ ᠬᠠᠮᠤᠭ ᠰᠡᠬᠦᠯ  ᠳᠤ ᠣᠬᠤᠷᠬᠠᠨ ᠠᠷᠪᠠᠭᠠᠳ ᠭᠠᠵᠠᠷ ᠤᠨ ᠲᠡᠳᠣᠢ ᠰᠣᠷᠢᠭ᠎ᠠ ᠬᠢᠨ᠎ᠠ᠃ ᠡᠬᠦᠨ ᠢ ᠰᠣᠪᠣᠳᠣᠨ ᠬᠦᠯᠥᠰᠣ ᠭᠠᠷᠭᠠᠬᠤ ᠬᠡᠨ᠎ᠠ᠃ ᠡᠨᠡ ᠦᠶ᠎ᠡ ᠳᠤ ᠣᠷᠣᠯᠳᠣᠭᠠᠨ ᠮᠣᠷᠢᠳ ᠵᠢᠵᠢᠭ ᠵᠢᠵᠢᠭ ᠬᠠᠳᠠᠭᠤ ᠲᠠᠯ᠎ᠠ ᠬᠤᠮᠣᠯ ᠭᠠᠷᠭᠠᠨ᠎ᠠ᠂ ᠢᠩᠬᠢᠪᠠᠯ ᠣᠷᠣᠯᠳᠣᠭᠠᠨ ᠮᠣᠷᠢᠳ ᠦᠨᠳᠣᠰᠣᠨ ᠳᠤ ᠪᠠᠨ ᠣᠶᠠᠭ᠎ᠠ ᠲᠡᠩᠴᠡᠵᠥ ᠪᠠᠶᠢᠭ᠎ᠠ ᠨᠢ ᠮᠡᠳᠡᠭᠳᠡᠨ᠎ᠠ᠃ ᠮᠣᠩᠭᠤᠯ ᠮᠣᠷᠢ ᠶᠢ ᠭᠤᠣᠯᠳᠠᠭᠤ ᠬᠢᠶᠠᠭ᠂ ᠬᠢᠯᠭᠠᠨ᠎ᠠ ᠵᠡᠷᠬᠡ ᠬᠦᠩᠬᠡᠨ ᠢᠳᠡᠰᠢ ᠪᠠᠷ ᠲᠣᠬᠢᠷᠠᠭᠤᠯᠵᠥ ᠬᠦᠮᠠᠯᠢ᠂ ᠲᠠᠭᠠᠨ᠎ᠠ᠂ ᠠᠬᠢ ᠵᠡᠷᠬᠡ ᠬᠦᠨᠳᠣ ᠡᠪᠡᠰᠣ ᠢᠳᠡᠬᠦᠯᠳᠡᠭ ᠦᠬᠡᠢ᠃ ᠬᠤᠭᠤᠯᠠ ᠨᠢ ᠬᠡᠳᠣᠷᠡᠭᠰᠡᠨ ᠮᠣᠷᠢ ᠲᠠᠪᠬᠢᠵᠥ ᠢᠷᠡᠪᠡᠯ ᠬᠡᠳᠡᠰᠣ ᠨᠢ ᠪᠦᠳᠦᠬᠦᠷᠡᠵᠥ᠂ ᠬᠤᠭᠤᠯᠠ ᠨᠢ ᠵᠣᠬᠢᠴᠠᠭᠰᠠᠨ ᠮᠣᠷᠢ ᠪᠣᠯ ᠣᠯᠠᠮ ᠰᠠᠶᠢᠨ ᠵᠢᠭᠳᠡ ᠪᠣᠯᠳᠠᠭ︾ ᠬᠡᠵᠥ ᠬᠠᠭᠤᠴᠢᠯᠠᠬᠤ  ᠶᠢᠨ ᠲᠠᠭᠠᠣ ︽ᠮᠣᠩᠭᠤᠯ ᠮᠣᠷᠢᠨ ᠤ ᠰᠢᠷᠪᠣᠰᠣ ᠨᠡᠪᠳᠡ᠂ ᠰᠢᠪᠡᠨᠡᠬᠦᠷᠬᠡᠭ ᠪᠣᠰᠤᠭ᠎ᠠ᠂ ᠱᠠᠭᠠᠨᠳᠣ ᠪᠣᠭᠤᠨᠢᠬᠠᠨ ᠪᠣᠰᠤᠭ᠎ᠠ᠂ ᠴᠡᠬᠡᠵᠢ ᠦᠷᠬᠡᠨ ᠨᠢᠳᠣ ᠪᠦᠳᠦᠬᠦᠨ᠂ ᠴᠢᠬᠢᠨ ᠤ ᠣᠭ ᠨᠢ ᠪᠦᠳᠦᠬᠦᠨ ᠲᠡᠬᠡᠭᠰᠢ ᠪᠠᠨ ᠱᠣᠪᠣᠭᠤᠷ ᠪᠣᠯ ᠰᠠᠶᠢᠨ᠂ ᠰᠦᠪᠡᠬᠡᠨ ᠤ ᠬᠠᠪᠢᠷᠭᠠᠨ ᠤ ᠮᠠᠳᠠᠭᠠᠰᠣ ᠨᠢ ᠪᠦᠳᠦᠬᠦᠨ ᠮᠡᠬᠢᠷ ᠪᠣᠯ ᠰᠠᠶᠢᠨ᠂ ᠰᠦᠪᠡᠬᠡᠨ ᠤ ᠬᠠᠪᠢᠷᠭᠠᠨ ᠤ ᠵᠠᠢ ᠨᠢ ᠣᠶᠢᠷᠠᠬᠠᠨ ᠪᠣᠯ ᠰᠠᠶᠢᠨ᠂ ᠬᠤᠯᠠ ᠰᠦᠪᠡᠷᠡᠭᠡ ᠲᠠᠢ ᠮᠣᠷᠢ ᠪᠣᠯ ᠬᠤᠭᠤᠯᠠ ᠰᠠᠶᠢᠨ ᠦᠭᠬᠦ ᠴᠢᠬᠤᠯᠠᠳᠡᠢ᠂  ᠮᠠᠩᠨᠠᠢ ᠦᠷᠬᠡᠨ ᠡᠷᠡᠣ ᠶᠢᠨ ᠬᠤᠩᠬᠤᠷ ᠬᠦᠨ᠂ ᠬᠤᠰᠬᠢᠨᠠᠭ ᠲᠠᠯᠳᠠ ᠪᠣᠯ ᠰᠠᠶᠢᠨ᠂ ᠴᠡᠬᠡᠵᠢᠨ ᠳᠤ ᠪᠠᠨ ᠬᠡᠳᠠᠰᠣ  ᠲᠠᠢ ᠮᠣᠷᠢ ᠪᠠᠰᠠ ᠪᠠᠶᠢᠳᠠᠭ᠂ ᠬᠡᠪᠡᠴᠣ ᠮᠣᠩᠭᠤᠯ ᠮᠣᠷᠢᠨ ᠤ ᠶᠠᠩᠵᠥ ᠬᠡᠯᠪᠡᠷᠢ ᠨᠢ ᠣᠯᠠᠨ ᠶᠠᠩᠵᠥ ᠪᠠᠶᠢᠳᠠᠭ ᠪᠣᠯᠬᠤᠷ ᠲᠡᠷᠡ ᠪᠣᠯᠭᠠᠨ ᠢ ᠬᠡᠯᠡᠬᠡᠳ ᠶᠠᠭᠠᠬᠢᠨ ᠪᠠᠷᠠᠬᠤᠪ︾ ᠬᠡᠵᠥ ᠬᠦᠨ ᠲᠠᠯᠳᠠ ᠣᠴᠢᠷ ᠲᠠᠢ ᠶᠠᠷᠢᠵᠥ ᠪᠠᠶᠢᠯ᠎ᠠ᠃      ᠮᠦᠩᠭᠡ ᠶᠢᠨ ᠬᠠᠷᠢᠭᠤᠯᠵᠦ ᠪᠠᠶᠢᠭᠰᠠᠨ ᠪᠠᠷᠢᠭᠠᠳᠠ ᠨᠡᠶᠢᠳᠡ ᠶᠢᠨ ᠲᠠᠪᠣᠨ ᠵᠠᠭᠤ ᠭᠠᠷᠤᠢ ᠠᠳᠣᠭᠤ ᠨᠢ ᠦᠨᠢᠷ ᠦᠰᠴᠦ᠂ ᠰᠦᠷᠦᠭ ᠲᠠᠰᠤᠯᠤᠨ ᠬᠠᠷᠢᠭᠤᠯᠬᠤ ᠬᠡᠮᠵᠢᠶᠡᠨ ᠳᠤ ᠬᠦᠷᠭᠡᠵᠦ ᠪᠠᠶᠢᠵᠠᠢ᠃ 1995 ᠣᠨ ᠳᠤ ᠮᠢᠩᠭᠠᠳᠣ  ᠶᠢᠨ ᠡᠷᠣᠬᠡ ᠶᠢᠨ ᠠᠯᠳᠠᠷ ᠡᠷᠬᠦᠨ᠂ ᠰᠣᠮᠣᠨ ᠤ ᠲᠡᠰ ᠤᠨ ᠬᠦᠳᠡᠯᠮᠣᠷᠢ ᠶᠢᠨ ᠵᠢᠱᠢᠶᠡᠴᠢ ᠪᠣᠯᠵᠥ ᠪᠠᠶᠢᠭᠰᠠᠨ ᠢᠶᠠᠨ 2023 ᠣᠨ ᠳᠤ ︽ᠠᠳᠣᠭᠤᠨ ᠦᠢᠯᠡᠰ ᠤᠨ ᠵᠢᠳᠬᠦᠯᠳᠡᠨ︾ ᠤ ᠡᠷᠬᠢᠮ ᠴᠣᠯᠠ ᠶᠢ ᠲᠡᠬᠡᠳᠣᠯᠡᠵᠥ ᠶᠠᠪᠤᠭᠰᠠᠨ ᠪᠢᠯᠡ᠃      ᠠᠳᠣᠭᠤᠨ ᠳᠤ ᠬᠡᠶᠢᠮᠣᠷᠢ ᠲᠠᠢ ᠰᠠᠶᠢᠨ ᠡᠷ᠎ᠡ ᠶᠢ ᠠᠯᠢ ᠴᠣ᠋ ᠨᠣᠳᠤᠭ ᠤᠨ ᠬᠡᠣᠬᠡᠨᠴᠣᠳ ᠪᠠᠭ᠋ᠠᠷᠬᠠᠨ ᠬᠠᠶᠢᠷᠠᠯᠠᠳᠠᠭ ᠤᠨ ᠵᠢᠮ᠎ᠠ ᠪᠠᠷ ᠮᠦᠩᠬᠡ ᠵᠠᠯᠠᠭᠤ ᠽᠠᠨᠳᠠᠨ ᠨᠠᠰᠣᠨ ᠳᠤ ᠪᠠᠨ ᠰᠦᠨᠢᠳ ᠨᠣᠳᠤᠭ ᠲᠠᠢ ᠣᠷᠠᠨ᠎ᠠ ᠲᠠᠢ ᠬᠤᠷᠢᠮᠯᠠᠨ ᠠᠶᠢᠯ ᠬᠡᠷ ᠪᠣᠰᠬᠠᠨ ᠠᠳᠣᠭᠤ ᠪᠠᠨ ᠬᠤᠷᠳᠣᠯᠠᠬᠤ ᠬᠦᠣ᠂ ᠠᠶᠢᠷᠠᠭ ᠢᠶᠠᠨ ᠪᠦᠯᠢᠬᠦ ᠬᠡᠣᠬᠡᠨ ᠲᠠᠢ ᠦᠨᠢᠷ ᠦᠳᠬᠡᠨ ᠠᠶᠢᠯ ᠡᠷᠣᠬᠡ ᠪᠣᠯᠣᠨ ᠠᠵᠥ ᠲᠦᠷᠦᠵᠠᠢ᠃ ᠦᠨᠦᠳᠦᠷ ᠪᠤᠯᠬᠤ ᠳᠤ  ᠲᠡᠬᠦᠨ ᠤ ᠬᠦᠦ ᠴᠢᠩᠵᠤᠷᠢᠭ ᠨᠢ ᠴᠦ ᠠᠪᠠᠭ᠎ᠠ ᠨᠤᠳᠤᠭ ᠤᠨ ᠨᠡᠷᠡᠳᠦ ᠤᠶᠠᠭᠠᠴᠢ ᠶᠢᠨ ᠨᠢᠭᠡᠨ ᠪᠤᠯᠵᠦ ᠶᠠᠪᠤᠨ᠎ᠠ᠃ ᠣᠳᠣ ᠮᠦᠩᠭᠡ ᠭᠤᠸᠠᠢ ᠲᠠᠯᠠᠨ ᠨᠠᠰᠣᠨ ᠤ ᠦᠨᠳᠣᠷ ᠲᠠᠪᠠᠭᠠᠨ ᠳᠤ ᠬᠦᠷᠦᠭᠰᠡᠨ ᠴᠣ᠋ ᠴᠢᠯᠥᠬᠡ ᠵᠠᠪ ᠢᠶᠠᠷ ᠢᠶᠠᠨ ᠮᠣᠩᠭᠤᠯ ᠮᠣᠷᠢᠨ ᠳᠤ ᠪᠠᠨ ᠮᠣᠷᠳᠠᠵᠥ ᠲᠠᠭᠠᠨ᠎ᠠ ᠶᠢᠨ ᠦᠨᠦᠷ ᠦᠨᠣᠰᠣᠨ᠂ ᠲᠠᠯ᠎ᠠ ᠶᠢᠨ ᠰᠠᠯᠬᠢ ᠲᠠᠢ ᠮᠦᠴᠡᠬᠡᠷᠡᠬᠡᠵᠥ ᠶᠠᠪᠣᠳᠠᠭ ᠨᠢ ᠮᠣᠷᠢ ᠣᠨᠣᠬᠤ ᠪᠣᠯ ᠪᠡᠶ᠎ᠡ ᠪᠣᠯᠪᠠᠰᠣᠷᠠᠬᠤ ᠬᠠᠮᠤᠭ ᠰᠠᠶᠢᠨ ᠲᠠᠰᠬᠠᠯ ᠬᠡᠳᠡᠭ ᠦᠨᠡᠨ ᠦᠬᠡᠨ ᠤ ᠬᠠᠷᠢᠭᠤ ᠪᠢᠯᠡ᠃
 
ᠢᠷᠡᠯᠲᠡ᠄ ᠰᠢᠯᠢ ᠶᠢᠨ ᠭᠤᠤᠯ ᠤᠨ ᠡᠳᠦᠷ ᠤᠨ ᠰᠤᠨᠢᠨ ᠤ ᠬᠠᠮ ᠵᠠᠭᠤᠴᠢᠯᠠᠭᠤᠷ ᠤᠨ ᠲᠦᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号