ᠵᠠᠬ᠎ᠠ ᠳᠡᠯᠭᠡᠭᠦᠷ ᠤᠨ ᠦᠨ᠎ᠡ ᠬᠠᠩᠰᠢ ᠶᠢᠨ ᠬᠡᠯᠪᠡᠯᠵᠡᠯ᠂ ᠮᠠᠯ ᠪᠡᠯᠴᠢᠭᠡᠷ ᠤᠨ ᠲᠡᠩᠴᠡᠬᠦᠷᠢ ᠶᠢ ᠪᠠᠳᠤᠯᠠᠵᠦ | ᠤᠷᠤᠯᠭ᠎ᠠ ᠶᠢᠨ ᠨᠡᠮᠡᠭᠳᠡᠯ ᠢ ᠬᠠᠶᠢᠬᠤ᠂ ᠭᠠᠩ ᠬᠠᠭᠰᠠᠷᠠᠭᠠᠨ ᠲᠠᠢ ᠲᠡᠮᠡᠴᠡᠵᠦ ᠮᠠᠯ ᠰᠦᠷᠦᠭ ᠢᠶᠠᠨ ᠮᠡᠨᠳᠦ | ᠬᠠᠮᠠᠭᠠᠯᠠᠬᠤ᠂ ᠲᠡᠵᠢᠭᠡᠨ ᠦᠷᠡᠵᠢᠭᠦᠯᠬᠦ ᠮᠡᠷᠭᠡᠵᠢᠯ ᠤᠨ ᠰᠢᠨᠡᠴᠢᠯᠡᠯᠲᠡ ᠵᠡᠷᠭᠡ ᠨᠢ ᠴᠥᠮ ᠦᠨᠦᠳᠦᠷ ᠤᠨ | ᠮᠠᠯᠴᠢᠳ ᠤᠨ ᠡᠮᠦᠨ᠎ᠡ ᠲᠠᠯᠪᠢᠭᠳᠠᠵᠦ ᠪᠠᠶᠢᠭ᠎ᠠ ᠲᠤᠯᠭᠠᠮ᠎ᠠ ᠠᠰᠠᠭᠤᠳᠠᠯ ᠪᠤᠯᠵᠠᠢ᠃ ᠡᠶᠢᠨᠬᠦ ᠶᠠᠭᠠᠬᠢᠨ ᠮᠠᠯᠵᠢᠯ ᠤᠨ | ᠦᠪᠡᠷ ᠤᠨ ᠦᠷᠳᠡᠭ ᠢ ᠪᠠᠭᠤᠷᠠᠭᠤᠯᠵᠦ᠂ ᠮᠠᠯ ᠰᠦᠷᠦᠭ ᠤᠨ ᠶᠠᠰᠤ ᠴᠢᠨᠠᠷ ᠢ ᠲᠡᠭᠡᠭᠰᠢᠯᠡᠬᠦᠯᠵᠦ ᠦᠷ᠎ᠡ ᠠᠰᠢᠭ ᠢ | ᠨᠡᠮᠡᠭᠳᠡᠬᠦᠯᠬᠦ ᠭᠡᠳᠡᠭ ᠨᠢ ᠵᠠᠩᠬᠢᠯᠠᠭ᠎ᠠ ᠪᠤᠯᠤᠭᠰᠠᠨ ᠪᠠᠶᠢᠨ᠎ᠠ᠃ ᠮᠦᠨᠴᠦ ᠤᠯᠠᠨ ᠮᠠᠯᠴᠢᠳ ᠠᠷᠭ᠎ᠠ ᠰᠦᠪᠡᠭᠴᠢᠯᠡᠨ᠂ | ᠤᠷᠤᠯᠭ᠎ᠠ ᠪᠠᠨ ᠨᠡᠮᠡᠭᠳᠡᠬᠦᠯᠬᠦ ᠪᠠᠷ ᠤᠬᠠᠭᠠᠨ ᠰᠤᠷᠢᠵᠦ ᠪᠠᠶᠢᠭ᠎ᠠ᠃ ᠲᠡᠳᠡᠭᠡᠷ ᠤᠨ ᠨᠢᠭᠡ ᠪᠠᠷ ᠨᠠᠷᠠᠨᠪᠤᠯᠠᠭ ᠰᠤᠮᠤᠨ ᠤ | ᠰᠠᠷᠠᠭᠤᠯᠳᠠᠯ᠎ᠠ ᠭᠠᠴᠠᠭᠠᠨ ᠤ ᠮᠠᠯᠴᠢᠨ ᠯᠢ ᠹᠦ᠋ ᠴᠢᠶᠠᠩ ᠲᠤᠷᠠᠳᠤᠭᠳᠠᠬᠤ ᠤᠴᠢᠷᠳᠠᠢ᠃ | ᠮᠠᠯᠴᠢᠨ ᠯᠢ ᠹᠦ᠋ ᠴᠢᠶᠠᠩ ᠤᠢᠢᠷ᠎ᠠ ᠶᠢᠨ ᠬᠡᠳᠦᠨ ᠵᠢᠯ ᠳᠤ ᠥᠪᠡᠷ ᠤᠨ ᠭᠡᠰᠡᠨ ︽ᠪᠠᠶᠠᠵᠢᠨ ᠴᠢᠨᠡᠭᠡᠯᠢᠭᠵᠢᠬᠦ ᠵᠠᠮ︾ | ᠢᠶᠠᠷ ᠰᠢᠯᠤᠭᠤᠬᠠᠨ ᠬᠢᠯᠠᠷᠠᠭᠤᠯᠵᠦ ᠶᠠᠪᠤᠨ᠎ᠠ᠃ ᠡᠳᠡᠨᠡᠶᠢᠬᠢᠨ 2 ᠲᠥᠮᠨ 7000 ᠮᠥ ᠨᠤᠲᠤᠭ ᠲᠡᠭᠡᠷ᠎ᠡ 500 | ᠭᠠᠷᠤᠶ ᠤᠷᠢᠶᠠᠩᠬᠠᠢ ᠬᠤᠨᠢ᠂ 100 ᠭᠠᠷᠤᠢ ᠰᠢᠮᠧᠨ᠋ᠲ᠋ᠠᠷ ᠦᠬᠡᠷ ᠮᠠᠯᠵᠢᠵᠦ ᠪᠣᠶ᠃ ᠮᠠᠯ ᠤᠨ ᠵᠠᠷᠤᠴᠠᠭᠤᠯᠤᠯᠳᠠ ᠶᠢᠨ | ᠳᠣᠭᠲᠠᠭᠤᠨ ᠪᠠᠶᠢᠬᠤ ᠶᠢ ᠪᠠᠲᠤᠯᠠᠬᠤ ᠶᠢᠨ ᠲᠥᠯᠥᠭᠡ᠂ ᠲᠡᠷᠡ ︽ᠮᠠᠯᠵᠢᠬᠤ ᠡᠷᠦᠬᠡ + ᠠᠵᠤ ᠠᠬᠤᠶᠢᠯᠠᠯ︾ ᠤᠨ | ᠵᠠᠭᠪᠤᠷ ᠢ ᠢᠳᠡᠪᠬᠢᠲᠡᠶ ᠠᠰᠢᠭᠯᠠᠨ᠂ ᠨᠢᠳᠤᠨᠤᠨ ᠠᠪᠠᠭ᠎ᠠ ᠬᠤᠰᠢᠭᠤᠨ ᠤ ᠡᠷᠳᠡᠨᠢ ᠬᠦᠢᠲᠡᠨ ᠬᠥᠮᠥᠷᠭᠡ ᠲᠠᠢ | ᠬᠠᠮᠲᠤᠷᠠᠨ ᠡᠷᠳᠡᠨᠢ ᠬᠤᠨᠢᠨ ᠤ ᠦᠢᠯᠡᠰ ᠤᠨ ᠬᠤᠷᠰᠢᠭᠰᠠᠨ ᠮᠠᠯᠵᠢᠯ ᠤᠨ ᠲᠠᠯᠠᠪᠠᠶ ᠪᠠᠶᠢᠭᠤᠯᠵᠤ᠂ ᠵᠢᠯ ᠳᠤ ᠪᠠᠷᠤᠭ 1 | ᠲᠥᠮᠨ 6870 ᠵᠢᠩ ᠬᠤᠨᠢᠨ ᠤ ᠮᠢᠬ᠎ᠠ ᠬᠠᠩᠭᠠᠨ᠎ᠠ᠃ ᠮᠠᠯ ᠨᠢ ᠲᠠᠷ ᠰᠠᠶᠢᠲᠠᠢ ᠪᠣᠯᠬᠤᠷ ᠨᠢᠳᠤᠨᠤᠨ ᠨᠠᠮᠤᠷ ᠤᠨ | ᠮᠠᠯ ᠤᠨ ᠦᠨ᠎ᠡ ᠪᠠᠷᠤᠭᠲᠠᠶ ᠪᠠᠶᠢᠳᠠᠯ ᠲᠤᠤᠷ᠎ᠠ ᠴᠦ ᠯᠢ ᠹᠦ᠋ ᠴᠢᠶᠠᠩ ᠤᠨ ᠬᠤᠷᠠᠭ᠎ᠠ ᠲᠡᠭᠰᠢᠳᠭᠡᠭᠡᠳ 900 | ᠲᠥᠭᠦᠷᠢᠭ ᠤᠨ ᠦᠨ᠎ᠡ ᠲᠠᠭᠠᠭᠠᠵᠦ᠂ ᠲᠤᠭᠤᠯ ᠪᠠ ᠪᠢᠷᠠᠭᠤ ᠨᠢ ᠴᠦ ᠲᠤᠰ ᠲᠤᠰ 4000 ᠪᠠ 6000 | ᠲᠥᠭᠦᠷᠢᠭ ᠤᠨ ᠦᠨ᠎ᠡ ᠬᠦᠷᠴᠦ᠂ ᠵᠢᠯ ᠤᠨ ᠤᠷᠤᠯᠭ᠎ᠠ 44 ᠲᠦᠮᠡᠨ ᠲᠥᠭᠦᠷᠢᠭ ᠲᠤ ᠬᠦᠷᠦᠭᠰᠡᠨ ᠶᠤᠮ᠃ | ᠥᠨᠦ ᠵᠢᠯ ᠤᠨ ᠭᠠᠩ ᠬᠠᠭᠰᠠᠷᠠᠭᠠᠨ ᠤ ᠪᠠᠶᠢᠳᠠᠯ ᠨᠢ ᠮᠠᠯᠴᠢᠳ ᠲᠤ ᠠᠪᠴᠤ ᠬᠡᠯᠡᠪᠡᠯ ᠪᠠᠰᠠ ᠨᠢᠭᠡ ᠤᠳᠠᠭᠠᠨ ᠤ | ᠬᠠᠲᠠᠭᠤ ᠰᠢᠯᠭᠠᠯᠲᠠ ᠪᠣᠯᠤᠭᠰᠠᠨ ᠨᠢ ᠳᠠᠮᠵᠢᠭ ᠦᠭᠡᠢ᠃ ᠲᠡᠭᠡᠬᠦ ᠳᠤ ᠯᠢ ᠹᠦ᠋ ᠴᠢᠶᠠᠩ ︽ ᠵᠠᠶᠠᠭᠠᠨ ᠳᠤ ᠪᠠᠨ | ᠭᠤᠮᠤᠳᠠᠬᠤ ᠪᠠᠷ ᠵᠠᠯᠬᠠᠭᠤ ᠳᠤ ᠪᠠᠨ ᠭᠤᠮᠤᠳᠠ ᠪᠤᠰᠤᠳ ᠲᠤ ᠨᠠᠶᠢᠳᠠᠬᠤ ᠪᠠᠷ ᠦᠪᠡᠷ ᠢᠶᠠᠨ ᠬᠦᠳᠡᠯᠮᠤᠷᠢᠯᠡ︾ | ᠭᠡᠰᠡᠨ ᠣᠪᠤᠷ ᠢ ᠪᠠᠷᠢᠮᠲᠠᠯᠠᠵᠤ᠂ ︽ᠬᠠᠭᠠᠰ ᠪᠡᠯᠴᠢᠭᠡᠷᠯᠡᠭᠦᠯᠵᠦ ᠬᠠᠭᠠᠰ ᠲᠡᠵᠢᠭᠡᠬᠦ︾ ᠳᠤ ᠪᠠᠨ ᠲᠤᠬᠢᠷᠠᠭᠤᠯᠤᠨ᠂ | 2023 ᠣᠨ ᠤ ᠡᠪᠦᠯ ᠤᠨ ᠪᠡᠯᠡᠳᠬᠡᠯ ᠢᠶᠠᠨ ᠰᠠᠶᠢᠳᠤᠷ ᠬᠢᠵᠦ᠂ 94 ᠲᠣᠨ ᠡᠪᠡᠰᠦ᠂ 30 ᠭᠠᠷᠤᠢ ᠲᠣᠨ | ᠲᠡᠵᠢᠭᠡᠯ ᠪᠣᠷᠳᠤᠭ᠎ᠠ᠂ 20 ᠲᠣᠨ ᠮᠥᠬᠦᠯᠢᠭᠲᠦ ᠲᠡᠵᠢᠭᠡᠯ ᠪᠣᠷᠳᠤᠭ᠎ᠠ᠂ 15 ᠲᠣᠨ ᠡᠷᠳᠡᠨᠢ ᠰᠢᠰᠢ ᠨᠥᠭᠡᠴᠡᠯᠡᠵᠦ᠂ | ᠪᠠᠰᠠ ᠾᠧᠨᠠᠨ ᠠᠴᠠ 1600 ᠤᠭᠤᠲᠠ ᠬᠤᠨᠤᠭ ᠤᠨ ᠪᠣᠷᠳᠤᠭ᠎ᠠ ᠪᠣᠯᠤᠨ 1300 ᠤᠭᠤᠲᠠ ᠯᠣᠬᠠᠱᠧᠩ ᠤᠨ | ᠵᠡᠯ᠎ᠡ ᠶᠢᠨ ᠮᠦᠬᠦᠯᠢᠭ ᠬᠤᠳᠠᠯᠳᠤᠨ ᠠᠪᠴᠤ ᠨᠦᠭᠡᠴᠡᠯᠡᠭᠰᠡᠨ ᠪᠠᠶᠢᠨ᠎ᠠ᠃ ᠡᠨᠡ ᠵᠢᠯ ᠲᠡᠷᠡ ᠪᠠᠰᠠ 73 ᠲᠣᠨ ᠰᠢᠷ᠎ᠠ | ᠳᠠᠷᠤᠰᠢ᠂ 5 ᠲᠣᠨ ᠡᠷᠳᠡᠨᠢ ᠰᠢᠰᠢ ᠶᠢᠨ ᠲᠠᠯᠬ᠎ᠠ᠂ 20 ᠲᠣᠨ ᠡᠪᠡᠰᠦ ᠨᠥᠭᠡᠴᠡᠯᠡᠵᠦ ᠡᠳᠦᠷ ᠲᠤᠲᠤᠮ ᠤᠨ | ᠠᠷᠠᠴᠢᠯᠠᠭ᠎ᠠ ᠳᠤ ᠬᠡᠷᠡᠭᠯᠡᠬᠦ ᠪᠠᠷ ᠪᠡᠯᠡᠬᠡᠨ ᠪᠣᠯᠭᠠᠪᠠ᠃ ᠡᠭᠦᠨ ᠤ ᠵᠡᠷᠭᠡᠪᠡᠷ᠂ ᠲᠡᠷᠡ ᠮᠠᠯ ᠢᠶᠠᠨ ᠬᠤᠳᠠᠯᠳᠤᠬᠤ ᠠᠴᠠ | ᠬᠠᠶᠢᠷᠠᠯᠠᠳᠠᠭ ᠦᠵᠡᠯ ᠰᠠᠨᠠᠭ᠎ᠠ ᠪᠠᠨ ᠴᠢᠷᠮᠠᠶᠢᠨ ᠬᠤᠪᠢᠷᠠᠭᠤᠯᠵᠦ᠂ ᠭᠠᠩ ᠬᠠᠭᠰᠠᠷᠠᠭᠠᠨ ᠲᠠᠢ ᠪᠠᠶᠢᠳᠠᠯ ᠳᠤ | ᠴᠢᠭᠯᠡᠬᠦᠯᠦᠨ᠂ ᠡᠨᠡ ᠵᠢᠯ 460 ᠬᠤᠷᠠᠭ᠎ᠠ᠂ 160 ᠡᠮ᠎ᠡ ᠬᠤᠨᠢ᠂ 50 ᠲᠤᠭᠤᠯ᠂ 50 ᠦᠨᠢᠶ᠎ᠡ | ᠵᠠᠷᠤᠴᠠᠭᠤᠯᠬᠤ ᠪᠠᠷ ᠡᠷᠳᠡ ᠠᠴᠠ ᠲᠥᠯᠥᠪᠯᠡᠵᠦ᠂ ︽ᠴᠥᠭᠡᠨ ᠮᠠᠯᠵᠢᠵᠤ ᠴᠢᠨᠠᠷᠯᠢᠭ ᠮᠠᠯᠵᠢᠬᠤ︾ ᠪᠠᠷ ᠠᠮᠢ | ᠠᠬᠤᠢ ᠶᠢ ᠬᠠᠮᠠᠭᠠᠯᠠᠬᠤ ᠬᠠᠷᠠᠯᠲᠠ ᠳᠤ ᠬᠦᠷᠬᠦ ᠳᠤ ᠪᠡᠯᠡᠬᠡᠨ ᠪᠠᠶᠢᠨ᠎ᠠ᠃ ᠮᠠᠯ ᠤᠨ ᠲᠠᠷᠭᠤ ᠬᠦᠴᠦ ᠶᠢ ᠪᠠᠲᠤᠯᠠᠬᠤ ᠪᠠ | ᠡᠷᠲᠡᠬᠡᠨ ᠵᠠᠷᠤᠴᠠᠭᠤᠯᠬᠤ ᠶᠢᠨ ᠲᠥᠯᠥᠭᠡ᠂ 6 ᠰᠠᠷ᠎ᠠ ᠶᠢᠨ ᠡᠬᠢᠨ ᠠᠴᠠ ᠡᠬᠢᠯᠡᠨ ᠲᠡᠷᠡ ᠡᠬᠡ ᠮᠠᠯ ᠪᠠ ᠬᠤᠷᠠᠭ᠎ᠠ ᠪᠠᠨ | ᠰᠠᠯᠭᠠᠨ᠂ ᠡᠷᠲᠡ ᠠᠴᠠ ᠬᠤᠷᠠᠭ᠎ᠠ ᠪᠠᠨ ᠪᠣᠷᠳᠤᠨ ᠲᠡᠵᠢᠭᠡᠵᠦ᠂ ᠡᠬᠡ ᠮᠠᠯ ᠤᠨ ᠲᠠᠷᠭᠤ ᠬᠦᠴᠦ ᠶᠢ ᠪᠠᠲᠤᠯᠠᠭᠰᠠᠨ | ᠮᠥᠷᠲᠡᠭᠡᠨ ᠬᠤᠷᠠᠭᠠᠨ ᠤ ᠥᠰᠥᠯᠲᠡ ᠳᠤ ᠬᠡᠷᠡᠭᠰᠡᠬᠦ ᠰᠢᠮ᠎ᠡ ᠲᠡᠵᠢᠭᠡᠯ ᠢ ᠴᠠᠭ ᠲᠤᠬᠠᠶ ᠳᠤᠨᠢ ᠬᠠᠩᠭᠠᠵᠤ ᠪᠠᠶᠢᠭ᠎ᠠ᠃ | ᠤᠷᠴᠢᠮ ᠤᠨ ᠵᠢᠯ ᠤᠳ ᠲᠤ ᠮᠠᠯ ᠤᠨ ᠦᠨ᠎ᠡ ᠬᠠᠩᠰᠢ ᠠᠨᠠᠢ ᠪᠠᠶᠢᠭᠰᠠᠨ ᠴᠦ ᠯᠢ ᠹᠦ᠋ ᠴᠢᠶᠠᠩ ᠤᠨ ᠮᠠᠯ | ᠬᠠᠷᠢᠴᠠᠩᠭᠤᠶ ᠪᠠᠷ ᠨᠡᠯᠢᠶᠡᠳ ᠥᠨᠳᠥᠷ ᠦᠨ᠎ᠡ ᠬᠦᠷᠴᠦ ᠴᠢᠳᠠᠭᠰᠠᠨ ᠨᠢ ᠲᠡᠭᠦᠨ ᠤ ︽ᠡᠷᠲᠡ ᠠᠴᠠ ᠠᠷᠭ᠎ᠠ | ᠰᠦᠪᠡᠭᠴᠢᠯᠡᠵᠦ᠂ ᠦᠵᠡᠯ ᠰᠠᠨᠠᠭ᠎ᠠ ᠪᠠᠨ ᠬᠤᠪᠢᠷᠠᠭᠤᠯᠤᠨ᠂ ᠰᠢᠨᠵᠢᠯᠡᠬᠦ ᠤᠬᠠᠭᠠᠨᠴᠢ ᠪᠠᠷ ᠵᠠᠬ᠎ᠠ ᠳᠡᠯᠭᠡᠭᠦᠷ ᠲᠤ | ᠬᠠᠨᠳᠤᠵᠤ ᠮᠠᠯ ᠤᠨ ᠵᠠᠷᠤᠴᠠᠭᠤᠯᠤᠯᠳᠠ ᠶᠢᠨ ᠳᠣᠭᠲᠠᠭᠤᠨ ᠢ ᠪᠠᠲᠤᠯᠠᠬᠤ︾ ᠦᠢᠯᠡᠳᠪᠤᠷᠢᠯᠡᠯ ᠡᠵᠡᠩᠨᠡᠯᠲᠡ ᠶᠢᠨ | ᠬᠠᠰᠢᠷ ᠲᠤᠷᠰᠢᠯᠭ᠎ᠠ ᠶᠢᠨ ᠪᠠᠷᠢᠮᠳᠠᠯᠠᠯ ᠲᠠᠢ ᠰᠢᠭᠤᠳ ᠬᠤᠯᠪᠤᠭ᠎ᠠ ᠲᠠᠢ ᠶᠤᠮ᠃ ᠯᠢ ᠹᠦ᠋ ᠴᠢᠶᠠᠩ ᠮᠠᠯ ᠮᠠᠯᠵᠢᠬᠤ ᠳᠤ | ᠪᠠᠨ ᠬᠠᠰᠢᠷ ᠲᠤᠷᠰᠢᠯᠭ᠎ᠠ ᠲᠠᠢ ᠪᠠᠶᠢᠳᠠᠭ᠃ ᠮᠠᠯ ᠤᠨ ᠲᠡᠵᠢᠭᠡᠯ ᠡᠪᠡᠰᠦᠨ ᠤ ᠰᠢᠮ᠎ᠡ ᠠᠨᠠᠢ ᠰᠢᠭ᠋ ᠪᠠᠶᠢᠪᠠᠯ᠂ ᠲᠡᠵᠢᠭᠡᠯ | ᠪᠣᠷᠳᠤᠭ᠎ᠠ ᠬᠤᠳᠠᠯᠳᠤᠨ ᠠᠪᠴᠤ ᠲᠡᠵᠢᠭᠡᠯ ᠨᠦᠬᠦᠪᠦᠷᠢᠯᠡᠨ᠂ ᠴᠠᠭ ᠲᠤᠬᠠᠢ ᠳᠤ ᠨᠢ ᠰᠢᠮ᠎ᠡ ᠲᠡᠵᠢᠭᠡᠯ ᠬᠠᠩᠭᠠᠬᠤ ᠶᠢ | ᠪᠠᠳᠤᠯᠠᠨ᠎ᠠ︔ ᠡᠪᠡᠰᠦ ᠪᠣᠷᠳᠤᠭ᠎ᠠ ᠦᠨᠡᠲᠡᠢ ᠮᠥᠷᠲᠡᠭᠡᠨ ᠲᠠᠷᠭᠤ ᠬᠦᠴᠦ ᠶᠢ ᠪᠠᠳᠤᠯᠠᠬᠤ ᠳᠤ ᠬᠦᠴᠢᠷᠲᠡᠢ ᠪᠠᠶᠢᠪᠠᠯ᠂ | ᠲᠡᠷᠡ ᠡᠷᠳᠡᠨᠢ ᠰᠢᠰᠢ ᠶᠢᠨ ᠲᠠᠯᠬ᠎ᠠ ᠨᠥᠬᠦᠪᠥᠷᠢᠯᠡᠵᠦ᠂ ᠦᠢᠯᠡᠳᠪᠦᠷᠢᠯᠡᠯ ᠤᠨ ᠥᠪᠡᠷ ᠤᠨ ᠦᠷᠳᠡᠭ ᠢ | ᠪᠠᠭᠤᠷᠠᠭᠤᠯᠳᠠᠭ︔ ᠡᠪᠦᠯ ᠤᠨ ᠲᠦᠢᠯ ᠪᠣᠯᠬᠤ ᠳᠤ᠂ ᠨᠠᠷᠢᠯᠢᠭ ᠪᠣᠷᠳᠤᠭ᠎ᠠ ᠨᠥᠬᠦᠪᠥᠷᠢᠯᠡᠵᠦ᠂ ᠠᠭᠤᠷ ᠠᠮᠢᠰᠬᠤᠯ | ᠳᠤᠯᠠᠭᠠᠷᠠᠭᠰᠠᠨ ᠤ ᠳᠠᠷᠠᠭ᠎ᠠ ᠥᠪᠡᠷ ᠤᠨ ᠦᠷᠳᠡᠭ ᠢᠶᠠᠷ ᠨᠡᠯᠢᠶᠡᠳ ᠳᠣᠣᠷ᠎ᠠ ᠪᠠᠶᠢᠳᠠᠭ ᠯᠤᠤᠪᠠᠩ᠂ ᠯᠣᠬᠠᠱᠧᠩ ᠤᠨ | ᠵᠡᠯ᠎ᠡ ᠶᠢᠨ ᠮᠦᠬᠦᠯᠢᠭ᠂ ᠨᠠᠷᠢᠮᠤ᠂ ᠰᠢᠷ᠎ᠠ ᠳᠠᠷᠤᠰᠢ ᠵᠡᠷᠭᠡ ᠲᠤᠰᠠᠯᠠᠬᠤ ᠮᠠᠲ᠋ᠧᠷᠢᠶᠠᠯ ᠢᠶᠠᠷ ᠮᠠᠯ ᠤᠨᠤᠭ᠎ᠠ ᠶᠢᠨ ᠰᠢᠮ᠎ᠡ | ᠲᠡᠵᠢᠭᠡᠯ ᠢ ᠨᠥᠬᠦᠪᠥᠷᠢᠯᠡᠳᠡᠭ︔ ᠬᠤᠨᠢ ᠬᠤᠷᠠᠭᠠᠯᠠᠭᠰᠠᠨ ᠤ ᠳᠠᠷᠠᠭ᠎ᠠ ᠴᠠᠭ ᠲᠤᠬᠠᠶ ᠳᠤᠨᠢ ᠪᠣᠷᠳᠤᠭ᠎ᠠ | ᠨᠦᠬᠦᠪᠦᠷᠢᠯᠡᠵᠦ᠂ ᠡᠬᠡ ᠮᠠᠯ ᠪᠠ ᠲᠥᠯ ᠤᠨ ᠲᠠᠷᠭᠤ ᠬᠦᠴᠦ ᠶᠢ ᠪᠠᠲᠤᠯᠠᠳᠠᠭ᠃ ᠡᠶᠢᠨᠬᠦ ᠯᠢ ᠹᠦ᠋ ᠴᠢᠶᠠᠩ ᠮᠠᠯ | ᠰᠦᠷᠦᠭ ᠤᠨ ᠠᠷᠠᠴᠢᠯᠠᠭ᠎ᠠ ᠮᠠᠯᠵᠢᠯᠭ᠎ᠠ ᠶᠢᠨ ᠲᠠᠯ᠎ᠠ ᠪᠠᠷ ᠠᠮᠢᠳᠤᠯᠢᠭ ᠮᠦᠷᠳᠡᠭᠡᠨ ᠦᠷ᠎ᠡ ᠠᠰᠢᠭ ᠢᠶᠠᠷ ᠦᠨᠳᠦᠷ᠂ | ᠦᠪᠡᠷ ᠤᠨ ᠦᠷᠳᠡᠭ ᠢᠶᠠᠷ ᠲᠤᠤᠷ᠎ᠠ ᠰᠢᠨᠵᠢᠯᠡᠬᠦ ᠤᠬᠠᠭᠠᠨᠴᠢ ᠠᠷᠭ᠎ᠠ ᠬᠡᠮᠵᠢᠶ᠎ᠡ ᠠᠪᠴᠦ ᠪᠠᠶᠢᠳᠠᠭ᠃ ᠲᠡᠷᠡ ᠪᠠᠰᠠ | ᠬᠤᠷᠠᠭ᠎ᠠ ᠪᠠᠨ ᠣᠷᠳᠣ ᠬᠤᠭᠤᠴᠠᠭ᠎ᠠ ᠪᠠᠷ ᠬᠠᠰᠢᠶᠠᠯᠠᠨ ᠲᠡᠵᠢᠭᠡᠵᠦ ᠪᠣᠯᠬᠤ ᠥᠬᠡᠶ᠂ ︽ᠬᠠᠭᠠᠰ ᠬᠠᠰᠢᠶᠠᠯᠠᠨ ᠬᠠᠭᠠᠰ | ᠪᠡᠯᠴᠢᠭᠡᠷᠯᠡᠭᠦᠯᠬᠦ︾ ᠶᠢ ᠤᠶᠠᠯᠳᠤᠭᠤᠯᠵᠤ᠂ ᠰᠠᠯᠬᠢ ᠵᠢᠪᠠᠷ ᠲᠤ ᠪᠡᠯᠴᠢᠭᠡᠷᠯᠡᠬᠦᠯᠪᠠᠯ ᠬᠤᠷᠠᠭᠠᠨ ᠤ ᠪᠤᠶᠢᠵᠢᠯᠳᠡ ᠰᠠᠶᠢᠨ | ᠪᠠᠶᠢᠳᠠᠭ ᠢ ᠰᠡᠷᠡᠵᠦ ᠮᠡᠳᠡᠭᠰᠡᠨ ᠪᠠᠶᠢᠨ᠎ᠠ᠃ ᠯᠢ ᠹᠦ᠋ ᠴᠢᠶᠠᠩ ︽ᠲᠠᠷᠭᠤ ᠬᠦᠴᠦ ᠪᠣᠯ ᠳᠠᠷᠤᠶ ᠡᠨᠧᠷᠭᠢ ᠮᠥᠨ︾ | ᠭᠡᠮᠡᠨ ᠦᠵᠡᠳᠡᠭ ᠠᠴᠠ ᠲᠡᠷᠡ ᠬᠠᠰᠢᠶᠠᠯᠠᠭ᠎ᠠ ᠶᠢᠨ ᠦᠶ᠎ᠡ ᠪᠠᠷ᠂ ᠮᠠᠯ ᠤᠨᠤᠭᠠᠨ ᠤ ᠲᠡᠵᠢᠭᠡᠯ ᠢ ᠬᠠᠩᠭᠠᠯᠳᠠ ᠲᠠᠢ | ᠪᠠᠶᠢᠯᠭᠠᠵᠦ᠂ ᠮᠠᠯ ᠤᠨ ᠲᠠᠷᠭᠤ ᠬᠦᠴᠦ ᠶᠢ ᠪᠠᠲᠤᠯᠠᠳᠠᠭ ᠪᠠᠶᠢᠨ᠎ᠠ᠃ ᠡᠬᠦᠨ ᠠᠴᠠ ᠭᠠᠳᠠᠨ᠎ᠠ ᠬᠤᠷᠣᠬᠠᠶ ᠬᠥᠭᠡᠭᠡᠬᠦ᠂ | ᠪᠢᠴᠢᠯ ᠡᠯᠧᠮᠧᠨ᠋ᠲ ᠵᠢᠴᠢ ᠺᠠᠯᠼ ᠨᠥᠬᠦᠪᠥᠷᠢᠯᠡᠬᠦ ᠵᠡᠷᠭᠡ ᠮᠠᠯ ᠤᠨ ᠡᠪᠡᠳᠴᠢᠨ ᠭᠡᠮ ᠢ ᠰᠡᠷᠭᠡᠶᠢᠯᠡᠨ ᠵᠠᠰᠠᠬᠤ ᠨᠢ ᠪᠦᠷ | ᠲᠡᠬᠦᠨ ᠤ ᠠᠷᠠᠴᠢᠯᠠᠭ᠎ᠠ ᠮᠠᠯᠵᠢᠯᠭ᠎ᠠ ᠶᠢᠨ ᠨᠠᠨᠳᠢᠨ ᠲᠤᠷᠰᠢᠯᠭ᠎ᠠ ᠪᠤᠶᠤ᠃ | ᠵᠠᠬ᠎ᠠ ᠳᠡᠯᠭᠡᠭᠦᠷ ᠤᠨ ᠪᠠᠶᠢᠳᠠᠯ᠂ ᠪᠠᠶᠢᠭᠠᠯᠢ ᠶᠢᠨ ᠭᠠᠮᠰᠢᠭ ᠵᠡᠷᠭᠡ ᠠᠯᠢ ᠤᠯᠠᠨ ᠭᠠᠳᠠᠭᠠᠳᠦ ᠨᠦᠬᠦᠴᠡᠯ ᠤᠨ | ᠡᠮᠦᠨ᠎ᠡ᠂ ᠯᠢ ᠹᠦ᠋ ᠴᠢᠶᠠᠩ ᠡᠷᠲᠡ ᠠᠴᠠ ᠠᠷᠭ᠎ᠠ ᠰᠦᠪᠡᠭᠴᠢᠯᠡᠵᠦ᠂ ᠦᠵᠡᠯ ᠰᠠᠨᠠᠭ᠎ᠠ ᠪᠠᠨ ᠬᠤᠪᠢᠷᠠᠭᠤᠯᠤᠨ᠂ | ᠰᠢᠨᠵᠢᠯᠡᠬᠦ ᠤᠬᠠᠭᠠᠨᠴᠢ ᠪᠠᠷ ᠲᠡᠵᠢᠭᠡᠨ ᠦᠷᠡᠵᠢᠭᠦᠯᠬᠦ ᠮᠡᠷᠭᠡᠵᠢᠯ ᠢᠶᠠᠨ ᠳᠡᠭᠡᠭᠰᠢᠯᠡᠭᠦᠯᠵᠦ᠂ ᠥᠪᠡᠷ ᠤᠨ ᠦᠷᠳᠡᠭ ᠢ | ᠪᠠᠭᠤᠷᠠᠭᠤᠯᠤᠨ᠂ ᠮᠠᠯ ᠤᠨ ᠶᠠᠰᠤ ᠴᠢᠨᠠᠷ ᠪᠣᠯᠤᠨ ᠮᠠᠯ ᠤᠨ ᠵᠠᠷᠤᠴᠠᠭᠤᠯᠤᠯᠳᠠ ᠶᠢ ᠰᠠᠶᠢᠳᠤᠷ ᠬᠢᠵᠦ᠂ ᠮᠠᠯ ᠠᠵᠤ | ᠠᠬᠤᠢ ᠶᠢᠨ ᠵᠠᠬ᠎ᠠ ᠳᠡᠯᠭᠡᠭᠦᠷ ᠤᠨ ᠥᠷᠢᠰᠥᠯᠳᠦᠭᠡᠨ ᠤ ᠳᠤᠮᠳᠠᠬᠢ ᠳᠠᠪᠠᠭᠤᠯᠢᠭ ᠨᠥᠬᠦᠴᠡᠯ ᠢ ᠡᠬᠦᠳᠦᠨ᠂ ᠮᠠᠯ ᠠᠵᠤ | ᠠᠬᠤᠢ ᠶᠢᠨ ᠴᠢᠨᠠᠷ ᠰᠠᠶᠢᠲᠠᠢ ᠬᠥᠭᠵᠢᠯᠲᠡ ᠶᠢ ᠠᠬᠢᠭᠤᠯᠬᠤ ᠳᠤ ᠦᠪᠡᠷ ᠤᠨ ᠭᠡᠰᠡᠨ ᠲᠠᠪᠠᠭᠤᠯᠢᠭ ᠤᠨᠴᠠᠯᠢᠭ ᠢ | ᠪᠦᠷᠢᠳᠦᠬᠦᠯᠦᠭᠰᠡᠨ ᠨᠢ ᠰᠤᠷᠤᠯᠴᠠᠭᠤᠰᠢᠳᠠᠢ ⁈ |