ᠣᠯᠠᠨᠪᠠᠶᠠᠷ ᠪᠣᠯ ᠠᠪᠠᠭ᠎ᠠ ᠬᠤᠰᠢᠭᠤᠨ ᠤ ᠵᠢᠷᠭᠠᠯᠠᠩᠲᠤ ᠰᠣᠮᠣᠨ ᠤ ᠪᠠᠶᠠᠷᠲᠤ ᠭᠠᠴᠠᠭᠠᠨ ᠤ ᠵᠠᠯᠠᠭᠤ | ᠣᠶᠠᠭᠠᠴᠢ᠂ ᠠᠪᠠᠭ᠎ᠠ ᠬᠤᠰᠢᠭᠤᠨ ᠤ ᠣᠶᠠᠭᠠᠴᠢᠳ ᠤᠨ ᠨᠡᠶᠢᠭᠡᠮᠯᠢᠭ ᠤᠨ ᠭᠡᠰᠢᠭᠦᠨ ᠶᠤᠮ᠃ ᠤᠳᠣ ᠪᠣᠯᠲᠠᠯ᠎ᠠ 70 | ᠰᠢᠬᠠᠭᠤ ᠮᠤᠷᠢ ᠤᠶᠠᠵᠤ᠂ 180 ᠭᠠᠷᠤᠢ ᠣᠳᠠᠭ᠎ᠠ ᠠᠶᠢᠷᠠᠭᠳᠠᠵᠤ᠂ 47 ᠣᠳᠠᠭ᠎ᠠ ᠲᠡᠷᠢᠭᠦᠯᠡᠭᠰᠡᠨ ᠪᠠᠶᠢᠨ᠎ᠠ᠃ | ᠪᠠᠭ᠎ᠠ ᠠᠴᠠ ᠪᠠᠨ ᠠᠳᠤᠭᠤᠨ ᠤ ᠵᠠᠬ᠎ᠠ ᠳᠤ ᠦᠰᠦᠭᠰᠡᠨ ᠣᠯᠠᠨᠪᠠᠶᠠᠷ ᠬᠡᠳᠦᠨ ᠵᠢᠯ ᠤᠷᠤᠯᠳᠤᠭᠠᠨ ᠮᠤᠷᠢ | ᠤᠨᠤᠭᠰᠠᠨ ᠤ ᠳᠠᠷᠠᠭ᠎ᠠ 13 ᠨᠠᠰᠤ ᠬᠦᠷᠦᠮᠡᠭᠴᠡ ᠡᠮᠨᠢᠭ ᠰᠤᠷᠭᠠᠵᠤ ᠡᠬᠢᠯᠡᠵᠡᠢ᠃ 16 ᠨᠠᠰᠣᠲᠠᠢ ᠲᠡᠷᠡ ᠵᠢᠯ | ᠨᠡᠯᠢᠶᠡᠳ ᠬᠡᠳᠦᠨ ᠵᠢᠯ ᠠᠳᠤᠭᠤ ᠲᠠᠢ ᠨᠤᠴᠤᠯᠳᠤᠭᠰᠠᠨ ᠣᠯᠠᠨᠪᠠᠶᠠᠷ ᠪᠠᠶᠠᠨᠮᠡᠨᠳᠦ ᠭᠠᠴᠠᠭᠠᠨ ᠤ ᠪᠠᠨ ᠨᠢᠭᠡ ᠬᠦᠷᠡᠩ | ᠮᠤᠷᠢ ᠶᠢ ᠦᠵᠡᠵᠦ ᠲᠤᠭᠤᠭᠠᠳ ᠤᠷᠤᠯᠳᠤᠭᠠᠨ ᠳᠤ ᠰᠣᠶᠢᠬᠤ ᠪᠣᠳᠣᠯ ᠤᠷᠤᠵᠠᠢ᠃ ᠣᠯᠠᠨᠪᠠᠶᠠᠷ ᠠᠬᠠᠮᠠᠳ | ᠣᠶᠠᠭᠠᠴᠢ ᠶᠢᠨ ᠢᠶᠠᠨ 8 ᠡᠮᠨᠢᠭ ᠢ ᠰᠤᠷᠭᠠᠬᠤ ᠬᠦᠨᠳᠦ ᠠᠯᠪᠠᠨ ᠳᠤ ᠤᠷᠤᠵᠤ᠂ ᠡᠨᠡᠬᠦ ᠬᠦᠳᠡᠯᠮᠦᠷᠢ ᠶᠢᠨ ᠬᠠᠷᠢᠭᠤ ᠳᠤ | ᠬᠦᠷᠡᠩ ᠮᠤᠷᠢ ᠶᠢ ᠨᠢ ᠰᠤᠷᠭᠠᠬᠤ ᠪᠠᠷ ᠪᠣᠯᠣᠭᠰᠠᠨ ᠪᠠᠶᠢᠨ᠎ᠠ᠃ ᠣᠯᠠᠨᠪᠠᠶᠠᠷ᠄ ︽ᠬᠡᠳᠦᠶᠢᠪᠡᠷ ᠪᠠᠭ᠎ᠠ ᠠᠴᠠ ᠪᠠᠨ | ᠠᠳᠤᠭᠤ ᠲᠠᠢ ᠨᠤᠴᠤᠯᠳᠤᠵᠤ ᠦᠰᠦᠭᠰᠡᠨ ᠪᠤᠯᠪᠠᠴᠦ ᠦᠪᠡᠷ ᠤᠨ ᠭᠡᠷ ᠭᠦᠴᠢᠷᠳᠡᠯᠲᠡᠢ ᠪᠠᠶᠢᠭᠰᠠᠨ ᠪᠣᠯᠬᠤᠷ | ᠤᠷᠤᠯᠳᠤᠭᠠᠨ ᠳᠤ ᠰᠣᠶᠢᠬᠤ ᠮᠤᠷᠢ ᠪᠠᠶᠢᠭ᠎ᠠ ᠦᠭᠡᠢ︾ ᠭᠡᠵᠦ ᠶᠠᠷᠢᠯ᠎ᠠ᠃ | ᠣᠯᠠᠨᠪᠠᠶᠠᠷ ᠤᠨ ᠤᠶᠠᠭᠠᠴᠢ ᠶᠢᠨ ᠠᠵᠢᠯ ᠬᠦᠷᠡᠩ ᠮᠤᠷᠢ ᠪᠠᠷ ᠠᠩᠬᠠᠨ ᠤ ᠭᠠᠷᠤᠭ᠎ᠠ ᠪᠠᠨ ᠡᠬᠢᠯᠡᠭᠦᠯᠵᠡᠢ᠃ | ᠦᠵᠡᠵᠦ ᠲᠤᠭᠤᠭᠰᠠᠨ ᠬᠦᠷᠡᠩ ᠮᠤᠷᠢ ᠪᠠᠨ ᠰᠤᠷᠭᠠᠬᠤ ᠡᠷᠬᠡ ᠤᠯᠤᠭᠰᠠᠨ ᠣᠯᠠᠨᠪᠠᠶᠠᠷ ᠬᠠᠭ᠎ᠠ ᠪᠠᠶᠠᠷᠯᠠᠭᠰᠠᠨ ᠭᠡᠳᠡᠭ᠃ | ᠦᠷᠯᠦᠭᠡ ᠭᠤᠷᠪᠠ ᠲᠦᠷᠪᠡᠨ ᠴᠠᠭ ᠢᠶᠠᠷ ᠪᠤᠰᠴᠦ ᠣᠶᠠᠨ᠎ᠠ᠂ ᠲᠡᠭᠡᠭᠡᠳ ᠢᠳᠡᠭᠡᠨ ᠣᠮᠳᠠᠭᠠᠨ ᠠᠴᠠ ᠡᠬᠢᠯᠡᠵᠦ ᠴᠠᠭ | ᠢᠮᠠᠭᠲᠠ ᠠᠵᠢᠭᠯᠠᠨ᠎ᠠ᠂ ᠪᠠᠰᠠ ᠮᠤᠷᠢ ᠪᠠᠨ ᠰᠢᠨᠵᠢᠵᠦ ᠵᠠᠩ ᠠᠭᠠᠰᠢ ᠠᠴᠠ ᠨᠢ ᠡᠬᠢᠯᠡᠵᠦ ᠣᠶᠢᠯᠠᠭᠠᠵᠤ ᠠᠪᠤᠨ᠎ᠠ᠃ | ᠡᠨᠡ ᠥᠶ᠎ᠡ ᠳᠤ ᠡᠵᠢ ᠶᠢᠨ ᠬᠢᠨᠢ ᠬᠡᠯᠡᠵᠦ ᠪᠠᠶᠢᠭᠰᠠᠨ ︽ᠮᠤᠷᠢ ᠰᠣᠶᠢᠬᠤ ᠳᠤ ᠬᠦᠳᠡᠯᠮᠦᠷᠢᠴᠢ ᠪᠠᠶᠢᠬᠤ ᠬᠡᠷᠡᠭᠲᠡᠢ᠂ | ᠣᠶᠠᠭᠠᠴᠢᠳ ᠲᠤ ᠲᠤᠰᠬᠠᠢ ᠪᠠᠭᠰᠢ ᠪᠠᠶᠢᠳᠠᠭ ᠦᠭᠡᠢ᠂ ᠣᠶᠠᠭᠠᠴᠢ ᠶᠢᠨ ᠡᠷᠳᠡᠮ ᠲᠡᠷᠡ ᠴᠡᠭ ᠢᠶᠠᠷ ᠢᠶᠠᠨ ᠨᠢᠭᠤᠴᠠ | ᠡᠷᠳᠡᠮ᠂ ᠬᠦᠳᠡᠯᠮᠦᠷᠢᠴᠢ ᠬᠦᠮᠦᠨ ᠰᠠᠶ᠋ᠢ ᠣᠶᠠᠭᠠᠴᠢ ᠶᠢᠨ ᠵᠢᠩᠬᠢᠨᠢ ᠮᠡᠷᠭᠡᠵᠢᠯ ᠢ ᠡᠵᠡᠮᠰᠢᠵᠦ ᠲᠡᠶᠢᠯᠦᠨ᠎ᠡ︾ ᠭᠡᠳᠡᠭ | ᠦᠭᠡ ᠦᠨᠡᠨ ᠪᠣᠯᠬᠤ ᠶᠢ ᠣᠶᠢᠯᠠᠭᠠᠵᠠᠢ᠃ ᠬᠦᠷᠡᠩ ᠮᠤᠷᠢ ᠶᠢ ᠰᠣᠶᠢᠬᠤ ᠥᠶ᠎ᠡ ᠳᠤ ᠠᠬᠠᠮᠠᠳ ᠲᠠᠭᠠᠨ ᠪᠦᠳᠦᠭᠦᠨ | ᠦᠭᠡ ᠲᠠᠯᠪᠢᠭᠰᠠᠨ ᠬᠤᠶᠢᠨ᠎ᠠ ᠶᠠᠭᠠᠬᠢᠭᠰᠠᠨ ᠴᠦ ᠴᠢᠷᠮᠠᠶᠢᠬᠤ ᠯᠡ ᠬᠡᠷᠡᠭ᠃ ᠬᠦᠷᠡᠩ ᠮᠤᠷᠢ ᠴᠦ ᠲᠡᠭᠦᠨ ᠤ | ᠰᠠᠨᠠᠭ᠎ᠠ ᠶᠢ ᠮᠡᠳᠡᠭᠰᠡᠨ ᠰᠢᠭ ᠲᠡᠭᠦᠨ ᠳᠤ ᠮᠠᠰᠢ ᠲᠦᠷᠭᠡᠨ ᠲᠡᠰᠴᠦ᠂ ᠦᠩᠭᠡ ᠬᠢᠯᠪᠠᠭ᠎ᠠ ᠨᠡᠮᠡᠭᠳᠡᠵᠦ᠂ ᠨᠢᠭᠡ ᠰᠠᠷ᠎ᠠ | ᠪᠣᠯᠬᠤ ᠪᠠᠷ ᠦᠦᠷᠰᠡᠬᠦ ᠨᠢ ᠬᠦᠷᠲᠡᠯ᠎ᠡ ᠤᠨᠳᠤᠤ ᠪᠣᠯᠵᠤ ᠢᠷᠡᠭᠰᠡᠨ ᠭᠡᠵᠦ ᠣᠯᠠᠨᠪᠠᠶᠠᠷ ᠲᠤᠭᠳᠤᠯᠤᠩᠭᠤᠢ ᠶᠠᠷᠢᠨ᠎ᠠ᠃ | ᠲᠡᠷᠡ ᠵᠢᠯ ᠤᠨ ᠠᠩᠬᠠᠨ ᠤ ᠨᠠᠭᠠᠳᠤᠮ ᠳᠤ ᠬᠦᠷᠡᠩ ᠮᠤᠷᠢ ᠨᠢ 8 ᠳᠤ ᠬᠤᠷᠳᠤᠯᠠᠵᠤ᠂ ᠨᠣᠳᠤᠭ ᠤᠨ ᠢᠶᠠᠨ | ᠭᠠᠨᠵᠤᠤᠷ ᠣᠪᠣᠭᠠᠨ ᠤ ᠳᠠᠬᠢᠯᠭ᠎ᠠ ᠶᠢᠨ ᠨᠠᠭᠠᠳᠤᠮ ᠳᠤ 70 ᠭᠠᠷᠤᠢ ᠮᠤᠷᠢᠨ ᠤ ᠳᠤᠮᠳᠠ ᠲᠤᠯᠤᠭ᠎ᠠ ᠳᠤ | ᠬᠤᠷᠳᠤᠯᠠᠵᠤ᠂ ᠲᠤᠰ ᠬᠤᠰᠢᠭᠤᠨ ᠤ ᠶᠡᠬᠡᠭᠤᠣᠯ ᠰᠣᠮᠣᠨ ᠨᠠᠭᠠᠳᠤᠮ ᠳᠤ ᠠᠮᠠᠨ ᠬᠦᠵᠦᠭᠦᠳᠡᠭᠰᠡᠨ ᠪᠠᠶᠢᠨ᠎ᠠ᠃ | ᠲᠡᠭᠦᠨ ᠠᠴᠠ ᠬᠤᠶᠢᠰᠢ ᠤᠯᠠᠨᠪᠠᠶᠠᠷ ᠶᠡᠬᠡᠭᠤᠣᠯ ᠰᠣᠮᠣᠨ ᠤ ᠪᠦᠬᠡᠴᠢᠨ ᠬᠠᠰᠴᠢᠯᠠᠭᠤ ᠶᠢᠨ ᠪᠤᠭᠤᠨᠢ ᠬᠡᠭᠡᠷ ᠮᠤᠷᠢ᠂ | ᠵᠠᠭᠦᠨ ᠦᠵᠦᠮᠦᠴᠢᠨ ᠬᠤᠰᠢᠭᠤᠨ ᠤ ᠠᠶᠢᠯ ᠤᠨ ᠠᠬᠠᠮᠠᠳ ᠤᠨ ᠪᠤᠷᠤ ᠮᠤᠷᠢ᠂ ᠬᠠᠯᠳᠠᠷ ᠮᠤᠷᠢ ᠭᠡᠳ ᠣᠯᠠᠨ ᠰᠠᠶᠢᠨ | ᠮᠤᠷᠢ ᠶᠢ ᠰᠣᠶᠢᠵᠤ ᠣᠯᠠᠨ ᠣᠳᠠᠭᠠᠨ ᠤ ᠤᠷᠤᠯᠳᠤᠭᠠᠨ ᠳᠤ ᠬᠤᠷᠳᠤᠯᠠᠭᠤᠯᠵᠤ᠂ ᠠᠭᠲᠠ ᠶᠢᠨ ᠰᠠᠶᠢᠨ ᠢᠶᠠᠷ ᠠᠯᠳᠠᠷ | ᠨᠡᠷ᠎ᠡ ᠪᠠᠨ ᠮᠠᠨᠳᠤᠭᠤᠯᠵᠤ ᠶᠠᠪᠤᠯ᠎ᠠ᠃ | 2023 ᠣᠨ ᠳᠤ ᠣᠯᠠᠨᠪᠠᠶᠠᠷ ᠭᠠᠴᠠᠭᠠᠨ ᠳᠤ ᠪᠠᠨ ᠤᠨᠤᠭᠠᠴᠢ ᠳᠠᠰᠬᠠᠯᠵᠢᠭᠤᠯᠬᠤ ᠠᠩᠭᠢ ᠡᠷᠬᠢᠯᠡᠭᠰᠡᠨ ᠪᠠ | ᠠᠩᠬᠠᠨ ᠳᠤ ᠪᠠᠨ ᠵᠦᠪᠬᠡᠨ ᠤᠷᠤᠯᠳᠤᠭᠠᠨ ᠤ ᠮᠤᠷᠢ ᠤᠨᠤᠬᠤ ᠬᠡᠣᠬᠡᠳ ᠢᠶᠠᠨ ᠰᠤᠷᠭᠠᠵᠤ ᠪᠠᠶᠢᠭᠰᠠᠨ ᠪᠣᠯ | ᠰᠡᠭᠦᠯᠳᠡᠵᠦ ᠢᠷᠡᠭᠡᠳ ᠣᠨᠣᠬᠤ ᠳᠤᠷᠠᠲᠠᠢ ᠣᠯᠠᠨ ᠬᠡᠣᠬᠡᠳ ᠲᠡᠭᠦᠦᠨᠡᠷ ᠡᠷᠢᠭᠡᠳ ᠢᠷᠡᠳᠡᠭ ᠪᠣᠯᠣᠭᠰᠠᠨ ᠪᠣᠯᠬᠤᠷ ᠡᠨᠡ | ᠵᠢᠯ ᠠᠴᠠ ᠰᠢᠯᠢ ᠶᠢᠨ ᠬᠤᠲᠠ ᠶᠢᠨ ᠤᠶᠢᠷᠠᠯᠴᠠᠭ᠎ᠠ ᠮᠤᠷᠢ ᠤᠨᠤᠬᠤ ᠳᠠᠰᠬᠠᠯᠵᠢᠭᠤᠯᠬᠤ ᠪᠣᠯᠪᠠᠰᠣᠷᠠᠯ ᠤᠨ ᠠᠩᠭᠢ | ᠪᠣᠯᠭᠠᠵᠤ ᠡᠷᠬᠢᠯᠡᠵᠡᠢ᠃ ᠲᠡᠭᠦᠨ ᠲᠠᠢ ᠬᠠᠮᠲᠤ ᠮᠤᠷᠢ ᠰᠣᠶᠢᠵᠤ ᠪᠠᠶᠢᠭ᠎ᠠ ᠰᠢᠯᠢ ᠶᠢᠨ ᠬᠤᠲᠠ ᠶᠢᠨ ᠴᠤᠬᠠᠭᠤᠯᠠ | ᠰᠣᠮᠣᠨ ᠤ ᠰᠡᠴᠡᠨᠲᠦ᠄ ︽ᠣᠯᠠᠨᠪᠠᠶᠠᠷ ᠲᠡᠭᠦᠦ ᠶᠢᠨ ᠮᠡᠷᠭᠡᠵᠢᠯ ᠰᠠᠶᠢᠨ ᠢᠶᠠᠷ ᠪᠠᠷᠠᠬᠤ ᠦᠭᠡᠢ᠂ ᠣᠶᠠᠭᠠᠴᠢ ᠬᠦᠮᠦᠨ ᠤ | ᠬᠦᠳᠡᠯᠮᠦᠷᠢᠴᠢ ᠶᠢᠨ ᠴᠢᠬᠤᠯᠠ ᠶᠢ ᠣᠶᠢᠯᠠᠭᠠᠳᠠᠭ᠃ ᠨᠢᠭᠡᠯᠡ ᠰᠡᠳᠬᠢᠯ ᠢᠶᠠᠷ ᠣᠶᠠᠭᠠᠴᠢ ᠶᠢᠨ ᠠᠵᠢᠯ ᠳᠤ ᠪᠠᠨ | ᠰᠢᠭᠤᠳᠴᠦ ᠴᠢᠳᠠᠳᠠᠭ᠃ ᠲᠡᠭᠦᠨ ᠤ ᠣᠶᠠᠭᠰᠠᠨ ᠮᠤᠷᠢ ᠶᠠᠭᠠᠬᠢᠭᠠᠳ ᠴᠦ ᠰᠠᠶᠢᠨ ᠬᠤᠷᠳᠤᠯᠠᠳᠠᠭ ᠨᠢ ᠭᠠᠶᠢᠬᠠᠮᠠᠷ︾ | ᠭᠡᠵᠦ ᠰᠡᠳᠬᠢᠯ ᠲᠦᠭᠦᠷᠡᠩ ᠶᠠᠷᠢᠵᠦ ᠪᠠᠶᠢᠯ᠎ᠠ᠃ | ᠨᠢᠳᠦᠨᠦᠨ ᠵᠢᠯ ᠢᠶᠠᠷ ᠵᠢᠱᠢᠶᠠᠯᠡᠬᠦ ᠳᠤ ᠣᠯᠠᠨᠪᠠᠶᠠᠷ 86 ᠣᠳᠠᠭᠠᠨ ᠤ ᠤᠷᠤᠯᠳᠤᠭᠠᠨ ᠳᠤ ᠮᠤᠷᠢ ᠪᠠᠨ | ᠬᠤᠷᠳᠤᠯᠠᠭᠤᠯᠵᠤ᠂ 9 ᠣᠳᠠᠭ᠎ᠠ ᠲᠡᠷᠢᠭᠦᠯᠡᠵᠦ᠂ 52 ᠣᠳᠠᠭ᠎ᠠ ᠠᠶᠢᠷᠠᠭ ᠲᠤ ᠲᠤᠳᠤᠷᠠᠪᠠ᠃ ᠪᠠᠰᠠ ᠨᠢᠭᠡ | ᠭᠠᠶᠢᠬᠠᠮᠰᠢᠭ ᠢ ᠨᠢ ᠶᠠᠷᠢᠬᠤ ᠪᠠᠷ᠂ 2023 ᠣᠨ ᠤ ᠵᠢᠷᠭᠠᠯᠠᠩᠲᠤ ᠰᠣᠮᠣᠨ ᠤ ᠲᠤᠯᠤᠭᠠᠨ ᠭᠠᠴᠠᠭᠠᠨ ᠤ ᠮᠤᠷᠢᠨ | ᠤᠷᠤᠯᠳᠤᠭᠠᠨ ᠳᠤ ᠣᠯᠠᠨᠪᠠᠶᠠᠷ ᠤᠨ ᠶᠠᠭᠠᠨ ᠴᠤᠬᠤᠷ ᠮᠤᠷᠢ ︵ᠵᠢᠷᠤᠬᠠᠢ ᠶᠢᠨ ᠴᠤᠬᠤᠷ︶ ᠲᠡᠷᠢᠭᠦᠯᠡᠵᠦ᠂ ᠪᠤᠭᠤᠷᠤᠯ | ᠮᠤᠷᠢ ᠨᠢ ᠠᠶᠢᠷᠠᠭ ᠤᠨ ᠲᠡᠪᠤ ᠳᠤ ᠬᠤᠷᠳᠤᠯᠠᠵᠤ᠂ ᠳᠠᠭ᠎ᠠ ᠶᠢᠨ ᠤᠷᠤᠯᠳᠤᠭᠠᠨ ᠳᠤ ᠬᠤᠶᠠᠷ ᠳᠠᠭ᠎ᠠ ᠨᠢ ᠭᠤᠷᠪᠠ ᠪᠠ | ᠲᠥᠷᠪᠡ ᠳᠤ ᠳᠠᠪᠬᠢᠵᠦ᠂ ᠰᠢᠳᠦᠯᠡᠩ ᠦᠷᠢᠶᠡᠨ ᠤ ᠤᠷᠤᠯᠳᠤᠭᠠᠨ ᠳᠤ ᠬᠠᠷ᠎ᠠ ᠬᠦᠷᠡᠩ ᠮᠤᠷᠢ ᠨᠢ ᠠᠶᠢᠷᠠᠭ ᠤᠨ | ᠭᠤᠷᠪᠠ ᠳᠤ ᠳᠠᠪᠬᠢᠵᠦ᠂ ᠰᠠᠭᠠᠷᠠᠯ ᠮᠤᠷᠢ ᠨᠢ 7᠂ ᠬᠠᠷ᠎ᠠ ᠮᠤᠷᠢ ᠨᠢ 8 ᠳᠤ ᠳᠠᠪᠬᠢᠵᠦ᠂ ᠨᠢᠭᠡ ᠯᠡ ᠡᠳᠦᠷ | ᠦᠪᠡᠷ ᠤᠨ ᠣᠶᠠᠭᠰᠠᠨ ᠲᠤᠯᠤᠭᠠᠨ ᠮᠤᠷᠢ ᠨᠢ ᠱᠠᠩᠨᠠᠯ ᠲᠤᠳᠤᠷᠠᠭᠰᠠᠨ ᠪᠠᠶᠢᠨ᠎ᠠ᠃ | |