ᠰᠢᠨ᠎ᠠ ᠴᠠᠭ ᠦᠶ᠎ᠠ ᠶᠢᠨ ᠡᠮᠡᠭᠳᠡᠢ ᠠᠵᠢᠯᠳᠠᠳ ᠠᠵᠢᠯ ᠤᠨ ᠪᠠᠶᠢᠷᠢᠨ ᠳᠤ ᠪᠠᠨ ᠭᠠᠷᠮᠠᠭᠠᠢ ᠵᠢᠳᠬᠦᠯ ᠢᠶᠠᠨ ᠦᠵᠡᠬᠦᠯᠤᠨ᠎ᠠ
ᠨᠡᠶᠢᠲᠡᠯᠡᠭᠰᠡᠨ ᠴᠠᠭ᠄
2024/3/13
     ᠠᠪᠠᠭ᠎ᠠ ᠨᠤᠳᠤᠭ ᠤᠨ ᠢᠶᠠᠨ ᠠᠯᠳᠠᠩᠬᠠᠨ ᠬᠦᠷᠤᠰᠤᠨ ᠳᠤ ᠠᠮᠢᠯᠠᠯ ᠪᠢᠯᠬᠠᠭᠤᠯᠵᠤ᠂ ᠢᠳᠡᠪᠬᠢ ᠦᠬᠡᠳᠡᠷᠬᠡᠭ᠂ ᠡᠷᠡᠰ ᠬᠠᠳᠠᠨ ᠵᠤᠷᠢᠭ ᠬᠢᠬᠡᠳ ᠨᠠᠷᠢᠨ ᠨᠢᠮᠪᠠᠢ ᠰᠡᠳᠬᠢᠮᠵᠢ ᠪᠠᠷ ᠬᠢᠨᠠᠨ ᠪᠤᠳᠤᠬᠤ ᠠᠵᠢᠯ ᠤᠨ ᠹᠷᠤᠡᠲ ᠲᠤ ᠴᠢᠷᠮᠠᠶᠢᠨ ᠲᠠᠮᠠᠴᠠᠵᠤ᠂ ᠰᠢᠨ᠎ᠠ ᠴᠠᠭ ᠦᠶ᠎ᠠ ᠶᠢᠨ ᠡᠮᠡᠭᠳᠡᠶᠢᠴᠤᠳ ᠤᠨ ᠴᠤᠭ ᠵᠢᠪᠬᠤᠭ᠎ᠠ ᠶᠢ ᠬᠦᠢᠴᠡᠳ ᠢᠯᠡᠷᠡᠬᠦᠯᠵᠤ ᠶᠠᠪᠤᠭ᠎ᠠ ᠨᠢᠬᠡᠨ ᠡᠩᠨᠡᠭᠡ ᠪᠠᠶᠢᠳᠠᠭ᠃ ᠡᠨ᠋ᠨ ᠪᠤᠯ ᠲᠠᠷᠤᠢ ᠠᠪᠠᠭ᠎ᠠ ᠬᠤᠰᠢᠭᠤᠨ ᠤ ᠡᠮᠡᠭᠳᠡᠶᠢᠴᠤᠳ ᠤᠨ ᠠᠵᠢᠯ ᠤᠨ ᠲᠠᠷᠢᠬᠦᠨ ᠎ ᠤ ᠬᠠᠮᠳᠤ ᠨᠢᠬᠡᠴᠠ ᠶᠢᠨ ᠢᠷᠠᠭᠤ ᠠᠯᠳᠠᠷ ᠢ ᠡᠷᠬᠦᠵᠤ ᠶᠠᠪᠤᠭ᠎ᠠ ᠬᠢᠨᠡᠨ ᠪᠤᠳᠤᠬᠤ ᠲᠤᠪᠴᠢᠶ᠎ᠠ ᠪᠤᠯᠤᠨ᠎ᠠ᠃      ᠠᠪᠠᠭ᠎ᠠ ᠬᠤᠰᠢᠭᠤᠨ ᠤ ᠬᠢᠨᠡᠨ ᠪᠤᠳᠤᠬᠤ ᠲᠤᠪᠴᠢᠶ᠎ᠠ ᠨᠢ 15 ᠲᠤᠰᠬᠠᠢ ᠮᠠᠷᠬᠡᠵᠢᠯ ᠤᠨ ᠺᠠᠳ᠋ᠷ ᠠᠵᠢᠯᠳᠠᠨ ᠎ ᠢᠶᠠᠷ ᠪᠦᠷᠢᠯᠳᠤᠵᠤ᠂ ᠡᠬᠦᠨ ᠳᠤ ᠡᠮᠡᠭᠳᠡᠢ ᠺᠠᠳ᠋ᠷ ᠠᠵᠢᠯᠳᠠᠨ 9 ᠪᠠᠶᠢᠵᠤ᠂ ᠪᠦᠬᠦ ᠠᠵᠢᠯᠳᠠᠨ ᠤ 60%᠎ ᠶᠢ ᠡᠵᠡᠯᠡᠵᠤ ᠪᠤᠢ᠃ ᠡᠨᠡᠬᠦ ᠬᠠᠷᠢᠴᠠᠯ ᠠᠴᠠ ᠮᠠᠨ ᠤ ᠬᠤᠰᠢᠭᠤᠨ ᠤ ᠬᠢᠨᠡᠨ ᠪᠤᠳᠤᠬᠤ ᠠᠵᠢᠯ ᠲᠤᠮᠳᠠ ᠡᠮᠡᠭᠳᠡᠢ ᠠᠵᠢᠯᠳᠠᠨ ᠶᠠᠮᠠᠷᠬᠠᠨ ᠴᠢᠬᠤᠯᠠ ᠦᠢᠯᠡᠳᠤᠯ ᠦᠵᠡᠬᠦᠯᠵᠤ ᠪᠠᠶᠢᠬᠤ ᠶᠢ ᠤᠯᠵᠤ ᠬᠠᠷᠠᠬᠤ ᠪᠠᠷ ᠪᠠᠷᠠᠬᠤ ᠦᠬᠡᠢ ᠪᠠᠰᠠ ᠬᠢᠨᠡᠨ ᠪᠤᠳᠤᠬᠤ ᠲᠤᠪᠴᠢᠶ᠎ᠠ ᠳᠤ ᠰᠢᠨ᠎ᠠ ᠠᠮᠢᠵᠢᠷᠠᠯ ᠤᠨ ᠬᠦᠴᠤᠨ ᠪᠠ ᠬᠦᠳᠡᠯᠬᠡᠬᠦ ᠬᠦᠴᠤᠨ ᠨᠢ ᠪᠤᠯᠵᠤ ᠪᠠᠶᠢᠳᠠᠭ ᠢ ᠬᠦᠢᠴᠡᠳ ᠢᠯᠡᠷᠡᠬᠦᠯᠤᠨ᠎ᠠ᠃      2023 ᠤᠨ ᠳᠤ᠂ ᠬᠢᠨᠡᠨ ᠪᠤᠳᠤᠬᠤ ᠲᠤᠪᠴᠢᠶ᠎ᠠ ᠨᠢ 13 ᠬᠢᠨᠡᠨ ᠪᠤᠳᠤᠬᠤ ᠲᠦᠷᠤᠯ ᠵᠥᠢᠯ ᠪᠠ ᠬᠢᠨᠡᠨ ᠪᠤᠳᠤᠬᠤ ᠪᠠᠶᠢᠴᠠᠭᠠᠯᠳᠠ ᠶᠢᠨ ᠲᠦᠷᠤᠯ ᠵᠥᠢᠯ ᠢ ᠵᠤᠬᠢᠶᠠᠨ ᠪᠠᠶᠢᠭᠤᠯᠤᠨ ᠬᠡᠷᠡᠭᠵᠢᠬᠦᠯᠬᠦ ᠳᠤ 7 ᠲᠦᠷᠤᠯ ᠵᠥᠢᠯ ᠤᠨ ᠬᠢᠨᠡᠨ ᠪᠤᠳᠤᠬᠤ ᠲᠤᠭᠤᠶᠢᠯᠠᠩ ᠤᠨ ᠲᠠᠷᠤᠭ᠎ᠠ ᠶᠢᠨ ᠲᠤᠰᠢᠶᠠᠯ ᠢ ᠡᠮᠡᠭᠳᠡᠢ ᠺᠠᠳ᠋ᠷ ᠡᠬᠦᠷᠬᠡᠯᠡᠵᠤ᠂ 50%᠎ ᠶᠢ ᠡᠵᠡᠯᠡᠪᠡ᠃ ᠡᠳᠡᠬᠡᠷ ᠡᠮᠡᠭᠳᠡᠢ ᠺᠠᠳ᠋ᠷ ᠨᠢ ᠬᠢᠨᠡᠨ ᠪᠤᠳᠤᠵᠤ ᠬᠢᠨᠠᠯᠳᠠ ᠲᠠᠯᠪᠢᠬᠤ ᠲᠤᠮᠳᠠ ᠴᠢᠬᠤᠯᠠ ᠦᠢᠯᠡᠳᠤᠯ ᠪᠠᠳᠠᠷᠠᠭᠤᠯᠵᠤ᠂ ᠲᠠᠳᠠᠨ ᠤ ᠲᠤᠰᠬᠠᠢ ᠮᠠᠷᠬᠡᠵᠢᠯ ᠤᠨ ᠬᠡᠪ ᠪᠤᠯᠪᠠᠰᠤᠷᠠᠯ ᠪᠠ ᠤᠳᠤᠷᠢᠳᠬᠤ ᠴᠢᠳᠠᠪᠤᠷᠢ ᠪᠠᠨ ᠪᠤᠳᠠᠳᠤ ᠠᠵᠢᠯᠯᠠᠭ᠎ᠠ ᠪᠠᠷ ᠢᠶᠠᠨ ᠬᠡᠷᠡᠴᠢᠯᠡᠭᠰᠡᠨ ᠪᠠᠶᠢᠨ᠎ᠠ᠃ ᠲᠠᠳᠠ ᠡᠷᠡᠰ ᠬᠠᠳᠠᠨ ᠵᠤᠷᠢᠭ ᠪᠤᠯᠤᠨ ᠨᠠᠷᠢᠨ ᠨᠢᠮᠪᠠᠢ ᠰᠡᠳᠬᠢᠮᠵᠢ ᠎ ᠪᠠᠷ ᠬᠢᠨᠡᠨ ᠪᠤᠳᠤᠯᠳᠠ ᠶᠢᠨ ᠠᠰᠠᠭᠤᠳᠠᠯ ᠢ ᠬᠦᠡᠵᠡᠬᠡᠢ ᠵᠠᠳᠠᠯᠤᠨ ᠰᠢᠡᠵᠢᠯᠡᠵᠤ᠂ ᠡᠳ᠋ ᠤᠨ ᠵᠠᠰᠠᠭ ᠤᠨ ᠪᠡᠯᠡ ᠮᠦᠩᠬᠦ ᠎ ᠶᠢ ᠲᠦᠷᠢᠮᠵᠢᠬᠦᠯᠤᠨ ᠬᠡᠷᠡᠭᠯᠡᠬᠦ ᠪᠠ ᠠᠵᠤ ᠠᠬᠤᠢ ᠶᠢᠨ ᠬᠦᠭᠵᠢᠯᠳᠠ ᠶᠢ ᠪᠠᠳᠤᠯᠠᠬᠤ ᠳᠤ ᠬᠦᠴᠤᠳᠡᠢ ᠲᠡᠮᠵᠢᠯᠬᠡ ᠦᠵᠡᠬᠦᠯᠦᠭᠰᠡᠨ ᠪᠠᠶᠢᠨ᠎ᠠ᠃      ᠬᠢᠨᠡᠨ ᠪᠤᠳᠤᠬᠤ ᠲᠤᠪᠴᠢᠶᠠᠨ ᠤ ᠡᠮᠡᠭᠳᠡᠢ ᠺᠠᠳ᠋ᠷ ᠠᠵᠢᠯᠳᠠᠳ ᠠᠵᠢᠯ ᠳᠤ ᠪᠠᠨ ᠭᠠᠷᠮᠠᠭᠠᠢ ᠮᠦᠷᠳᠡᠬᠡᠨ ᠰᠤᠶᠤᠯ ᠎ ᠤᠨ ᠠᠮᠢᠳᠤᠷᠡᠯ ᠤᠨ ᠲᠠᠯ᠎ᠠ ᠪᠠᠷ ᠴᠤ ᠢᠳᠡᠪᠬᠢᠳᠡᠢ ᠪᠠᠶᠢᠳᠠᠭ᠃ ᠬᠤᠰᠢᠭᠤ ᠨᠠᠮ ᠤᠨ ᠬᠤᠷᠢᠶ᠎ᠠ ᠠᠴᠠ ᠵᠤᠬᠢᠶᠠᠨ ᠪᠠᠶᠢᠭᠤᠯᠵᠤ ᠡᠷᠬᠢᠯᠡᠭᠰᠡᠨ ᠲᠠᠭᠤᠤ ᠶᠢᠨ ᠤᠷᠤᠯᠳᠤᠭᠠᠨ᠂ ᠭᠤᠤᠯ ᠰᠠᠳᠤᠪᠳᠤ ᠮᠡᠳᠡᠯᠬᠡ ᠶᠢᠨ ᠤᠷᠤᠯᠳᠤᠭᠠᠨ ᠵᠡᠷᠬᠡ ᠠᠵᠢᠯᠯᠠᠭ᠎ᠠ ᠳᠤ ᠢᠳᠡᠪᠬᠢᠳᠡᠢ ᠤᠷᠤᠯᠴᠠᠵᠤ᠂ ᠲᠠᠳᠠᠨ ᠤ ᠤᠯᠠᠨ ᠵᠥᠢᠯ ᠤᠨ ᠠᠪᠢᠶᠠᠰ ᠴᠢᠳᠠᠪᠤᠷᠢ ᠪᠠ ᠪᠦᠯᠬᠦᠮᠳᠠᠨ ᠬᠠᠮᠵᠢᠯᠴᠠᠬᠤ ᠵᠤᠷᠢᠭ ᠰᠠᠨᠠᠭᠠᠨ ᠤ ᠲᠦᠷᠰᠤ ᠪᠠᠶᠢᠳᠠᠯ ᠢᠶᠠᠨ ᠬᠠᠷᠠᠭᠤᠯᠵᠤ ᠪᠠᠶᠢᠳᠠᠭ᠃ ᠡᠳᠡᠬᠡᠷ ᠠᠵᠢᠯᠯᠠᠭ᠎ᠠ ᠨᠢ ᠲᠠᠳᠠᠨ ᠤ ᠠᠵᠢᠯ ᠤᠨ ᠴᠢᠯᠤᠬᠡᠨ ᠤ ᠰᠤᠶᠤᠯ ᠤᠨ ᠠᠮᠢᠳᠤᠷᠡᠯ ᠢ ᠪᠠᠶᠠᠯᠢᠭᠵᠢᠭᠤᠯᠤᠭᠰᠡᠨ ᠢᠶᠠᠷ ᠪᠠᠷᠠᠬᠤ ᠦᠬᠡᠢ᠂ ᠨᠠᠩ ᠬᠠᠮᠳᠤ ᠨᠢᠬᠡᠴᠠ ᠶᠢᠨ ᠨᠢᠭᠳᠠᠷᠠᠯ ᠤᠨ ᠬᠦᠴᠤᠨ ᠪᠠ ᠲᠦᠪᠯᠡᠩᠬᠦᠢ ᠬᠦᠴᠤᠨ ᠢ ᠴᠢᠩᠭᠠᠷᠠᠭᠤᠯᠵᠤ ᠪᠠᠶᠢᠳᠠᠭ ᠨᠢ ᠶᠠᠷᠢᠶᠠᠨ ᠦᠬᠡᠢ᠃      ᠤᠡᠴᠠᠭᠠᠶᠢᠯᠠᠨ ᠲᠤᠷᠠᠳᠤᠭᠤᠰᠢᠳᠡᠢ ᠨᠢ᠂ ᠬᠢᠨᠡᠨ ᠪᠤᠳᠤᠬᠤ ᠲᠤᠪᠴᠢᠶᠠᠨ ᠤ 2 ᠡᠮᠡᠭᠳᠡᠢ ᠺᠠᠳ᠋ᠷ ᠭᠠᠷᠮᠠᠭᠠᠢ ᠤᠳᠤᠷᠢᠳᠬᠤ ᠴᠢᠳᠠᠪᠤᠷᠢ ᠪᠤᠯᠤᠨ ᠠᠵᠢᠯ ᠤᠨ ᠪᠦᠳᠤᠮᠵᠢ ᠲᠤᠪᠤᠶᠢᠮ᠎ᠠ ᠪᠠᠶᠢᠳᠠᠭ ᠢᠶᠠᠷ ᠢᠶᠠᠨ ᠵᠤᠬᠢᠶᠠᠨ ᠪᠠᠶᠢᠭᠤᠯᠤᠯᠳᠠ ᠎ ᠳᠤ ᠮᠡᠳᠡᠷᠡᠭᠳᠡᠵᠤ᠂ ᠬᠤᠶᠠᠳᠤᠭᠠᠷ ᠲᠠᠰ ᠤᠨ ᠡᠷᠬᠢᠯᠡᠭᠴᠢ ᠠᠵᠢᠯᠳᠠᠨ ᠢᠶᠠᠷ ᠲᠠᠰ ᠲᠠᠪᠰᠢᠵᠠᠢ᠃ ᠡᠨ᠋ᠨ ᠨᠢ ᠲᠠᠳᠠᠨ ᠤ ᠦᠩᠬᠡᠷᠡᠭᠰᠡᠨ ᠤ ᠠᠵᠢᠯ ᠤᠨ ᠨᠤᠳᠠᠯᠠᠯᠳᠠ ᠪᠤᠯᠤᠭᠰᠡᠨ ᠢᠶᠠᠷ ᠪᠠᠷᠠᠬᠤ ᠦᠬᠡᠢ᠂ ᠨᠠᠩ ᠴᠤ ᠲᠠᠳᠠᠨ ᠤ ᠢᠷᠡᠬᠡᠳᠤᠢ ᠶᠢᠨ ᠬᠦᠭᠵᠢᠯᠳᠠ ᠶᠢᠨ ᠲᠤᠬᠠᠢ ᠬᠦᠰᠠᠯ ᠡᠷᠠᠮᠠᠯᠵᠠᠯ ᠪᠤᠯᠬᠤ ᠶᠤᠮ᠃ ᠡᠬᠦᠨ ᠠᠴᠠ ᠭᠠᠳᠠᠨ᠎ᠠ᠂ ᠨᠢᠬᠡ ᠡᠮᠡᠭᠳᠡᠢ ᠺᠠᠳ᠋ᠷ ᠠᠵᠢᠯ ᠦᠢᠯᠡᠰ ᠤᠨ ᠨᠢᠬᠡᠴᠠ ᠶᠢᠨ ᠬᠠᠮᠢᠶᠠᠷᠤᠭᠴᠢ ᠶᠢᠨ ᠠᠵᠢᠯ ᠤᠨ ᠪᠠᠶᠢᠷᠢᠨ ᠳᠤ ᠠᠮᠵᠢᠯᠳᠠ ᠲᠤᠪᠤᠶᠢᠮ᠎ᠠ ᠪᠠᠶᠢᠵᠤ᠂ ᠨᠠᠢᠮᠠᠳᠤᠭᠠᠷ ᠲᠠᠰ ᠤᠨ ᠬᠠᠮᠢᠶᠠᠷᠤᠭᠴᠢ ᠪᠠᠷ ᠲᠠᠪᠰᠢᠬᠦ ᠲᠤᠬᠢᠶᠠᠯ ᠬᠦᠷᠳᠡᠭᠰᠡᠨ ᠪᠠᠶᠢᠨ᠎ᠠ᠃ ᠡᠳᠡᠬᠡᠷ ᠲᠠᠰ ᠲᠠᠪᠰᠢᠯᠳᠠ ᠪᠠ ᠰᠢᠯᠭᠠᠷᠠᠭᠤᠯᠤᠯᠳᠠ ᠨᠢ ᠲᠠᠳᠠᠨ ᠤ ᠲᠤᠬᠠᠶᠢᠯᠠᠭᠰᠡᠨ ᠠᠵᠢᠯ ᠤᠨ ᠬᠦᠭᠵᠢᠯᠳᠠ ᠶᠢᠨ ᠤᠷᠤᠨ ᠵᠠᠢ ᠶᠢ ᠦᠷᠬᠡᠳᠬᠡᠭᠰᠡᠨ ᠢᠶᠠᠷ ᠪᠠᠷᠠᠬᠤ ᠦᠬᠡᠢ᠂ ᠬᠢᠨᠡᠨ ᠪᠤᠳᠤᠬᠤ ᠦᠢᠯᠡᠰ ᠤᠨ ᠬᠦᠭᠵᠢᠯᠳᠠ ᠶᠢ ᠰᠢᠨ᠎ᠠ ᠠᠮᠢᠵᠢᠷᠠᠯ ᠤᠨ ᠬᠦᠴᠤᠨ ᠤᠯᠭᠤᠭᠰᠡᠨ ᠪᠠᠶᠢᠳᠠᠭ᠃      ︽ᠦᠩᠬᠡᠷᠡᠭᠰᠡᠨ ᠨᠢᠬᠡ ᠵᠢᠯ ᠳᠤ ᠪᠢᠳᠠ ᠭᠠᠪᠰᠢᠭᠠᠶᠢᠯᠠᠨ ᠠᠵᠢᠯᠯᠠᠵᠤ᠂ ᠡᠯ᠎ᠠ ᠵᠥᠢᠯ ᠤᠨ ᠠᠵᠢᠯ ᠤᠨ ᠡᠬᠦᠷᠬᠡ ᠎ ᠪᠠᠨ ᠲᠡᠬᠦᠰ ᠠᠮᠵᠢᠯᠳᠠ ᠲᠠᠢ ᠪᠠᠶᠠᠯᠠᠬᠦᠯᠤᠯ᠎ᠠ᠃ ᠮᠦᠡᠴᠤ ᠡᠮᠡᠭᠳᠡᠢ ᠨᠦᠬᠦᠳ ᠤᠨ ᠮᠠᠨᠢ ᠠᠮᠵᠢᠯᠳᠠ ᠲᠡᠬᠦᠯᠳᠡᠷ ᠨᠢᠬᠡ ᠵᠢᠯ ᠪᠤᠯᠤᠨ᠎ᠠ᠃ ᠮᠠᠨ ᠤᠨ ᠬᠤᠶᠠᠷ ᠡᠮᠡᠭᠳᠡᠢ ᠺᠠᠳ᠋ᠷ ᠪᠦᠬᠦ ᠬᠤᠰᠢᠭᠤᠨ ᠤ ︿ᠰᠢᠯᠢᠳᠡᠭ ᠺᠠᠳ᠋ᠷ﹀᠂ ︿ᠲᠠᠪᠤᠨ ᠰᠠᠶᠢᠡᠳᠡᠢ ᠬᠡᠷ ᠪᠦᠯᠢ﹀᠎ ᠪᠠᠷ ᠲᠤᠰ ᠲᠤᠰ ᠦᠨᠡᠯᠡᠭᠳᠡᠵᠤ᠂ ᠪᠠᠰᠠ ᠨᠢᠬᠡ ᠺᠠᠳ᠋ᠷ ᠢ ᠬᠢᠨᠡᠨ ᠪᠤᠳᠤᠬᠤ ᠵᠠᠬᠢᠷᠭ᠎ᠠ ᠠᠴᠠ ᠮᠤᠩᠭᠤᠯ ᠤᠯᠤᠰ ᠤᠨ ᠬᠢᠨᠡᠨ ᠪᠤᠳᠤᠬᠤ ᠲᠤᠰᠢᠶᠠᠯᠳᠠᠳ ᠤᠨ ᠪᠤᠯᠪᠠᠰᠤᠷᠠᠯ ᠤᠨ ᠠᠵᠢᠯ ᠤᠨ ᠪᠦᠬᠦ ᠶᠠᠪᠤᠴᠠ ᠳᠤ ᠠᠩᠬᠢ ᠲᠠᠭᠠᠵᠤ ᠣᠷᠴᠢᠭᠤᠯᠬᠤ ᠠᠵᠢᠯ ᠢ ᠬᠠᠷᠢᠭᠤᠴᠠᠭᠤᠯᠬᠤ ᠪᠠᠷ ᠰᠤᠩᠭᠤᠨ ᠲᠤᠮᠢᠯᠠᠪᠠ᠂ ᠡᠳᠡᠬᠡᠷ ᠢᠷᠠᠭᠤ ᠠᠯᠳᠠᠷ ᠪᠠ ᠠᠮᠵᠢᠯᠳᠠ ᠪᠦᠳᠤᠮᠵᠢ ᠨᠢ ᠨᠠᠩ ᠤᠯᠠᠨ ᠬᠦᠮᠤᠰ ᠲᠤ ᠦᠯᠢᠬᠡᠷ ᠲᠠᠭᠤᠷᠢᠶᠠᠯ ᠪᠤᠯᠤᠭᠰᠡᠨ ᠢᠶᠠᠷ ᠪᠠᠷᠠᠬᠤ ᠦᠬᠡᠢ᠂ ᠰᠢᠨ᠎ᠠ ᠴᠠᠭ ᠦᠶ᠎ᠠ ᠶᠢᠨ ᠡᠮᠡᠭᠳᠡᠶᠢᠴᠤᠳ ᠤᠨ ᠦᠪᠡᠷ ᠢ ᠪᠠᠨ ᠬᠦᠴᠤᠷᠬᠡᠭᠵᠢᠬᠦᠯᠬᠦ᠂ ᠦᠪᠡᠷ ᠢ ᠪᠠᠨ ᠢᠳᠡᠬᠡᠬᠦ᠂ ᠪᠠᠶ᠎ᠠ ᠪᠠᠨ ᠲᠠᠭᠠᠭᠠᠬᠤ ᠤᠶᠤᠨ ᠰᠠᠨᠠᠭᠠᠨ ᠤ ᠲᠦᠷᠰᠤ ᠪᠠᠶᠢᠳᠠᠯ ᠢ ᠨᠠᠩ ᠢᠯᠡᠬᠦᠦ ᠢᠯᠡᠷᠡᠬᠦᠯᠦᠭᠰᠡᠨ ᠪᠠᠶᠢᠨ᠎ᠠ᠃ ᠢᠷᠡᠬᠡᠳᠤᠢ ᠶᠢᠨ ᠠᠶᠠᠨ ᠳᠤ᠂ ᠪᠢᠳᠠ ᠦᠷᠬᠦᠯᠵᠢᠯᠡᠨ ᠰᠢᠨ᠎ᠠ ᠴᠠᠭ ᠦᠶ᠎ᠠ ᠶᠢᠨ ᠡᠮᠡᠭᠳᠡᠶᠢᠴᠤᠳ ᠤᠨ ᠴᠤᠭ ᠵᠢᠪᠬᠤᠭ᠎ᠠ ᠪᠤᠯᠤᠨ ᠤᠶᠤᠨ ᠤᠬᠠᠭᠠᠨ ᠢ ᠢᠯᠡᠷᠡᠬᠦᠯᠵᠤ᠂ ᠬᠢᠨᠡᠨ ᠪᠤᠳᠤᠬᠤ ᠦᠢᠯᠡᠰ ᠤᠨ ᠬᠦᠭᠵᠢᠯᠳᠠ ᠳᠤ ᠦᠪᠡᠷ ᠎ ᠤᠨ ᠤᠶᠤᠨ ᠤᠬᠠᠭᠠᠨ ᠪᠤᠯᠤᠨ ᠬᠦᠴᠤᠨ ᠴᠢᠳᠠᠯ ᠢᠶᠠᠨ ᠡᠷᠬᠦᠨ᠎ᠠ︾ ᠬᠡᠵᠤ ᠬᠢᠨᠡᠨ ᠪᠤᠳᠤᠬᠤ ᠲᠤᠪᠴᠢᠶᠠᠨ ᠤ ᠨᠠᠮ ᠎ ᠤᠨ ᠤᠳᠤᠷᠢᠳᠬᠤ ᠲᠤᠭᠤᠶᠢᠯᠠᠩ ᠤᠨ ᠬᠡᠰᠢᠬᠦᠨ᠂ ᠶᠠᠷᠤᠩᠬᠡᠢ ᠬᠢᠨᠡᠨ ᠪᠤᠳᠤᠭᠴᠢ ᠰᠢᠥᠢ ᠪᠤᠤ ᠬᠤᠨᠭ᠌ ᠤᠴᠢᠷᠯᠠᠨ᠎ᠠ᠃      ᠠᠵᠢᠯ ᠤᠨ ᠲᠤᠮᠳᠠ ᠪᠠᠨ᠂ ᠲᠠᠳᠠ ᠦᠪᠡᠷᠰᠡᠳ ᠤᠨ ᠲᠠᠪᠠᠭᠤᠯᠢᠭ ᠢᠶᠠᠨ ᠬᠦᠢᠴᠡᠳ ᠪᠠᠳᠠᠷᠠᠭᠤᠯᠵᠤ᠂ ᠵᠤᠷᠢᠭᠳᠡᠢ ᠪᠠᠷ ᠬᠠᠷᠢᠭᠤᠴᠠᠯᠭ᠎ᠠ ᠡᠬᠦᠷᠬᠡᠯᠡᠵᠤ᠂ ᠵᠤᠷᠢᠭᠳᠡᠢ ᠪᠠᠷ ᠠᠵᠢᠯ ᠬᠢᠵᠤ᠂ ᠪᠤᠳᠠᠳᠤ ᠠᠵᠢᠯᠯᠠᠭ᠎ᠠ ᠪᠠᠷ ᠢᠶᠠᠨ ᠬᠠᠭᠠᠰ ᠲᠤᠯᠭᠠᠭᠤᠷᠢ ᠶᠢᠨ ᠬᠦᠴᠤᠨ ᠢ ᠤᠮᠤᠭ ᠵᠤᠷᠢᠭ ᠪᠠᠳᠠᠷᠠᠩᠭᠤᠢ ᠪᠠᠷ ᠪᠢᠴᠢᠭᠯᠡᠵᠤ᠂ ᠬᠢᠨᠡᠨ ᠪᠤᠳᠤᠬᠤ ᠦᠢᠯᠡᠰ ᠎ ᠤᠨ ᠬᠦᠭᠵᠢᠯᠳᠠ ᠶᠢ ᠠᠬᠢᠭᠤᠯᠬᠤ ᠳᠤ ᠴᠢᠬᠤᠯᠠ ᠬᠦᠴᠤᠨ ᠨᠡᠮᠡᠷᠢᠯᠡᠬᠦ ᠶᠢᠨ ᠬᠠᠮᠳᠤ ᠡᠬᠦᠷᠬᠡ ᠬᠠᠷᠢᠭᠤᠴᠠᠯᠭ᠎ᠠ ᠪᠠᠨ ᠦᠨᠡᠨ ᠬᠦ ᠬᠦᠢᠴᠡᠳᠬᠡᠵᠤ᠂ ᠰᠢᠨ᠎ᠠ ᠴᠠᠭ ᠦᠶ᠎ᠠ ᠶᠢᠨ ᠡᠮᠡᠭᠳᠡᠶᠢᠴᠤᠳ ᠤᠨ ᠦᠪᠡᠷ ᠢ ᠪᠠᠨ ᠬᠦᠴᠤᠷᠬᠡᠭᠵᠢᠬᠦᠯᠬᠦ᠂ ᠪᠠᠶ᠎ᠠ ᠪᠠᠨ ᠢᠳᠡᠬᠡᠬᠦ᠂ ᠪᠠᠶ᠎ᠠ ᠪᠠᠨ ᠲᠠᠭᠠᠭᠠᠬᠤ ᠤᠶᠤᠨ ᠰᠠᠨᠠᠭᠠᠨ ᠤ ᠲᠦᠷᠰᠤ ᠪᠠᠶᠢᠳᠠᠯ ᠢ ᠬᠦᠢᠴᠡᠳ ᠢᠯᠡᠷᠡᠬᠦᠯᠵᠤ ᠶᠠᠪᠤᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号