ᠤᠷᠠᠨ ᠦᠢᠯᠡ ᠠᠴᠠ ᠤᠡᠳᠤᠷᠤᠭᠰᠡᠨ ᠦᠢᠯᠡᠰ ᠰᠠᠷᠠᠭᠤᠯᠬᠠᠨ
ᠨᠡᠶᠢᠲᠡᠯᠡᠭᠰᠡᠨ ᠴᠠᠭ᠄
2024/3/11
     ᠦᠢᠯᠡ ᠤᠶᠤᠳᠠᠯ ᠢᠶᠠᠷ ᠢᠶᠠᠨ ᠦᠢᠯᠡᠰ ᠤᠨ ᠬᠠᠷᠭᠤᠢ ᠲᠡᠯᠡᠭᠰᠡᠨ ᠦᠢ ᠤᠯᠠᠨ ᠤᠷᠠᠨ ᠪᠦᠰᠠᠬᠦᠶᠢᠴᠤᠳ ᠤᠨ ᠲᠤᠮᠳᠠ ᠪᠠᠨ ᠦᠪᠡᠷ ᠤᠨ ᠬᠡᠰᠡᠨ ᠤᠡᠴᠠᠯᠢᠭᠳᠤ ᠤᠶᠤᠳᠠᠯ ᠢᠶᠠᠷ ᠢᠶᠠᠨ ᠴᠤᠯᠭᠤᠷᠠᠭᠰᠡᠨ ᠠᠪᠠᠭ᠎ᠠ ᠬᠤᠰᠢᠭᠤᠨ ᠤ ︽ᠤᠷᠠᠨ ᠨᠠᠮᠪᠠ︾ ᠦᠡᠳᠤᠰᠤᠳᠠᠨ ᠤ ᠬᠤᠪᠴᠠᠰᠤ ᠵᠠᠰᠠᠯ ᠤᠨ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠶᠢᠨ ᠡᠵᠡᠡᠳᠡᠨ ᠬᠠᠰᠴᠢᠮᠡᠭ ᠤᠨ ᠬᠠᠶᠢᠷᠠᠳᠡᠢ ᠦᠢᠯᠡᠰ ᠤᠨ ᠬᠢᠨᠢ ᠲᠠᠯ᠎ᠠ ᠪᠠᠷ ᠬᠠᠯᠠᠭᠤᠨ ᠵᠤᠭᠤᠭ ᠲᠡᠯᠬᠡᠭᠰᠡᠨ ᠮᠠᠨᠢ ᠦᠨᠤᠬᠡᠨ ᠤ ᠤᠴᠢᠷ ᠪᠢᠯᠠ᠃      ᠦᠢᠯᠡ ᠳᠤ ᠤᠷᠠᠨ ᠡᠵᠢ ᠶᠢᠨ ᠢᠶᠠᠨ ᠭᠠᠷ ᠦᠵᠤᠬᠦᠷ ᠬᠠᠮᠵᠢᠳᠠᠭ ᠪᠠᠶᠢᠭᠰᠡᠨ ᠠᠴᠠ ᠪᠠᠨ ᠠᠭᠠᠵᠢᠮ ᠢᠶᠠᠷ ᠪᠠᠶ᠎ᠠ ᠪᠠᠨ ᠲᠠᠭᠠᠭᠠᠵᠤ ᠤᠶᠤᠬᠤ ᠪᠤᠯᠵᠤ᠂ ᠪᠦᠷ ᠰᠠᠬᠦᠯ ᠳᠤ ᠪᠠᠨ ᠲᠡᠯᠬᠡᠬᠦᠷ ᠡᠷᠬᠢᠯᠡᠨ᠂ ᠡᠳᠤᠬᠡ ᠺᠤᠮᠫᠠᠨᠢ ᠶᠢᠨ ᠡᠵᠡᠡᠳᠡᠨ ᠪᠤᠯᠵᠤ ᠦᠷᠬᠡᠵᠢᠭᠰᠡᠨ ᠨᠢ ᠬᠠᠰᠴᠢᠮᠡᠭ ᠤᠨ ᠦᠢᠯᠡ ᠤᠶᠤᠳᠠᠯ ᠳᠤ ᠭᠠᠷ ᠲᠠᠰᠠᠭᠰᠡᠨ ᠠᠴᠠ ᠦᠢᠯᠡᠰ ᠤᠨ ᠠᠷᠢᠭᠤᠨ ᠮᠦᠷ ᠲᠤᠷᠠᠶᠢᠯᠭᠠᠬᠤ ᠪᠤᠯᠤᠭᠰᠡᠨ ᠶᠠᠪᠤᠴᠠ ᠬᠡᠯᠳᠡᠢ᠃      ᠬᠠᠰᠴᠢᠮᠡᠭ ︽ᠮᠤᠩᠭᠤᠯ ᠨᠠᠮᠪᠠ︾ ᠤᠶᠤᠳᠠᠯ ᠤᠨ ᠭᠠᠵᠡᠷ ᠢᠶᠠᠨ 2007 ᠤᠨ ᠤ 7 ᠰᠠᠷ᠎ᠠ ᠳᠤ ᠠᠵᠢᠯ ᠡᠬᠢᠯᠡᠬᠦᠯᠵᠤ᠂ ᠠᠩᠬ᠎ᠠ ᠡᠬᠢᠯᠡᠬᠡᠳ ᠡᠵᠢ ᠲᠠᠢ ᠪᠠᠨ ᠬᠤᠶᠠᠭᠤᠯᠠ ᠭᠤᠤᠯᠳᠠᠭᠤ ᠭᠠᠳᠠᠨ᠎ᠠ ᠠᠴᠠ ᠲᠤᠷᠭ᠎ᠠ ᠠᠪᠴᠤ᠂ ᠲᠡᠷᠯᠢᠭ ᠲᠠᠪᠠᠯ ᠵᠠᠬᠢᠶᠠᠯᠠᠭ᠎ᠠ ᠪᠠᠷ ᠤᠶᠤᠳᠠᠭ ᠪᠠᠶᠢᠵᠠᠢ᠃ ᠬᠠᠷᠢᠨ ᠰᠢᠯᠪᠢ ᠲᠤᠪᠴᠢ ᠶᠢᠨ ᠤᠶᠤᠳᠠᠯ ᠨᠠᠷᠢᠯᠢᠭ᠂ ᠡᠮᠵᠢᠶᠠᠷᠢ ᠨᠢ ᠰᠠᠶᠢᠬᠠᠨ ᠢᠶᠠᠷ ᠢᠶᠠᠨ ᠰᠠᠶ᠋ᠢᠬᠠᠨ ᠡᠷᠬᠢᠯᠡᠭᠰᠡᠨ ᠦᠢᠯᠡᠰ ᠨᠢ ᠰᠠᠯᠬᠢᠨ ᠬᠤᠷᠳᠤ ᠲᠠᠢ  ᠰᠠᠶᠢᠰᠢᠶᠠᠯ  ᠤᠯᠵᠤ᠂ ᠲᠡᠬᠦᠨ ᠳᠤ ᠶᠡᠬᠡᠬᠡᠨ ᠵᠤᠷᠢᠭᠵᠢᠭᠤᠯᠤᠯ ᠪᠤᠯᠵᠤ ᠪᠠᠶᠢᠭᠰᠡᠨ᠃      ᠡᠶᠢᠡᠬᠦ 2013 ᠤᠨ ᠳᠤ ᠤᠶᠤᠳᠠᠯ ᠤᠨ ᠭᠠᠵᠡᠷ ᠤᠨ ᠢᠶᠠᠨ ᠬᠡᠪᠴᠢᠶ᠎ᠠ ᠪᠠᠨ ᠦᠷᠬᠡᠳᠬᠡᠵᠤ᠂ ᠺᠤᠮᠫᠠᠨᠢ ᠪᠤᠯᠭᠠᠨ ᠲᠠᠩᠰᠠᠯᠠᠭᠤᠯᠤᠭᠰᠡᠨ ᠪᠠᠶᠢᠵᠠᠢ᠃      ᠡᠳᠡᠨᠡᠶᠢᠬᠢᠨ ᠭᠤᠤᠯᠳᠠᠭᠤ ᠠᠪᠠᠭ᠎ᠠ ᠤᠯᠠᠮᠵᠢᠯᠠᠯᠳᠤ ᠲᠠᠪᠠᠯ ᠲᠡᠷᠯᠢᠭ ᠤᠶᠤᠬᠤ ᠠᠴᠠ ᠭᠠᠳᠠᠨ᠎ᠠ ᠬᠡᠤᠬᠡᠤᠨ ᠤᠳ ᠎ ᠤᠨ ᠮᠤᠳᠧᠯ ᠤᠨ ᠵᠠᠭᠪᠤᠷ ᠤᠨ ᠬᠤᠪᠴᠠᠰᠤ ᠤᠶᠤᠳᠠᠭ᠂ ᠰᠢᠨᠡᠯᠢᠭ ᠵᠠᠭᠪᠤᠷ ᠢ ᠨᠢ ᠲᠡᠬᠦᠦ ᠬᠡᠬᠡᠨᠬᠠᠰ ᠨᠢ  ᠲᠦᠰᠤᠪᠯᠡᠨ᠂ ᠬᠠᠰᠴᠢᠮᠡᠭ ᠡᠵᠢ ᠲᠠᠢ ᠪᠠᠨ ᠤᠶᠤᠳᠠᠭ᠃ ᠲᠡᠯᠬᠡᠬᠦᠷ ᠡᠷᠬᠢᠯᠡᠭᠰᠡᠨ ᠠᠴᠠ ᠪᠠᠨ ᠠᠪᠤᠭᠠᠳ ᠤᠳᠠᠭ᠎ᠠ ᠲᠠᠷᠠᠭᠠᠯᠠᠨ ᠬᠤᠰᠢᠭᠤ ᠨᠤᠳᠤᠭ ᠢᠶᠠᠨ ᠲᠦᠯᠤᠬᠡᠯᠡᠵᠤ᠂ ᠤᠷᠠᠯᠠᠵᠤ ᠤᠶᠤᠭᠰᠡᠨ ᠲᠡᠷᠯᠢᠭ ᠲᠠᠪᠠᠯ ᠢᠶᠠᠷ ᠢᠶᠠᠨ ᠤᠷᠤᠯᠳᠤᠭᠠᠨ ᠲᠠᠮᠠᠴᠡᠬᠡᠨ ᠳᠤ ᠤᠷᠤᠯᠴᠠᠨ᠂ ᠶᠡᠭᠡ ᠠᠮᠵᠢᠯᠳᠠ ᠳᠤ ᠬᠦᠷᠴᠤ ᠶᠠᠪᠤᠭᠰᠡᠨ ᠠᠴᠠ ᠡᠷᠬᠢᠯᠡᠭᠰᠡᠨ ᠦᠢᠯᠡᠰ ᠎ ᠲᠤ ᠪᠠᠨ ᠤᠯᠠᠮ ᠤᠷᠮᠠᠳᠡᠢ ᠵᠢᠳᠬᠦᠬᠦ ᠪᠤᠯᠤᠭᠰᠡᠨ ᠶᠤᠮ᠃      ᠮᠡᠳᠡᠬᠡᠵᠢ ᠨᠢᠬᠡ ᠶᠠᠭᠤᠮ᠎ᠠ ᠶᠢ ᠰᠠᠶᠢᠨ ᠬᠢᠬᠦ ᠳᠤ ᠴᠠᠭ ᠢᠮᠠᠭᠳᠠ ᠰᠤᠷᠤᠯᠴᠠᠨ᠂ ᠦᠪᠡᠷ ᠢ ᠪᠠᠨ ᠲᠡᠬᠦᠯᠳᠡᠷᠵᠢᠬᠦᠯᠬᠦ ᠴᠢᠬᠤᠯᠠᠳᠡᠢ᠂ ᠬᠠᠰᠴᠢᠮᠡᠭ ᠴᠤ ᠬᠤᠰᠢᠭᠤ ᠠᠵᠢᠯ ᠤᠯᠭᠤᠯᠳᠠ ᠶᠢᠨ ᠲᠤᠪᠴᠢᠶᠠᠨ ᠠᠴᠠ ᠡᠷᠬᠢᠯᠡᠭᠰᠡᠨ ᠤᠶᠤᠳᠠᠯ ᠤᠨ ᠪᠤᠯᠪᠠᠰᠤᠷᠠᠯ ᠳᠤ ᠦᠷᠬᠦᠯᠵᠢ ᠢᠳᠡᠪᠬᠢᠳᠡᠢ ᠤᠷᠤᠯᠴᠠᠨ᠂ ᠤᠶᠤᠳᠠᠯ ᠤᠨ ᠮᠡᠷᠬᠡᠵᠢᠯ ᠢᠶᠠᠨ ᠲᠡᠬᠡᠭᠰᠢᠯᠡᠬᠦᠯᠦᠭᠰᠡᠨ ᠪᠤᠯ ᠠᠶᠢᠮᠠᠭ ᠤᠨ ᠡᠮᠡᠭᠳᠡᠶᠢᠴᠤᠳ ᠤᠨ ᠬᠤᠯᠪᠤᠭᠠᠳᠤ ᠬᠤᠷᠡᠯ᠂ ᠠᠵᠢᠯ ᠤᠯᠭᠤᠯᠳᠠ ᠶᠢᠨ ᠲᠤᠪᠴᠢᠶᠠᠨ ᠠᠴᠠ ᠡᠷᠬᠢᠯᠡᠭᠰᠡᠨ ᠬᠤᠪᠴᠠᠰᠤ ᠵᠠᠰᠠᠯ ᠤᠨ ᠤᠷ᠎ᠠ ᠮᠠᠷᠬᠡᠵᠢᠯ ᠢ ᠲᠡᠬᠡᠭᠰᠢᠯᠡᠬᠦᠯᠬᠦ ᠪᠤᠯᠪᠠᠰᠤᠷᠠᠯ ᠳᠤ ᠤᠷᠤᠯᠴᠠᠨ᠂ ᠰᠢᠨ᠎ᠠ ᠮᠠᠶ᠋ᠢᠭ ᠤᠨ ᠡᠰᠬᠡᠯᠳᠡ ᠰᠤᠷᠴᠤ᠂ ᠦᠪᠤᠷ ᠮᠤᠩᠭᠤᠯ ᠤᠨ ᠲᠠᠷᠢᠶᠠᠯᠠᠩ ᠤᠨ ᠶᠡᠭᠡ ᠰᠤᠷᠭᠠᠭᠤᠯᠢ ᠎ ᠳᠤ ᠨᠢᠬᠡ ᠰᠠᠷ᠎ᠠ ᠶᠢᠨ ᠬᠤᠭᠤᠴᠠᠭ᠎ᠠ ᠲᠠᠢ ᠶᠠᠪᠤᠭᠳᠠᠭᠰᠡᠨ ᠦᠪᠯᠡᠨ ᠤᠯᠠᠮᠵᠢᠯᠠᠭᠴᠢ ᠶᠢᠨ ᠲᠤᠰᠬᠠᠢ ᠪᠤᠯᠪᠠᠰᠤᠷᠠᠯ ᠳᠤ ᠤᠷᠤᠯᠴᠠᠨ᠂ ᠬᠠᠭᠤᠴᠢᠨ ᠮᠠᠶ᠋ᠢᠭ ᠤᠨ ᠡᠰᠬᠡᠯᠳᠡ ᠪᠠᠨ ᠪᠠᠳᠤᠳᠬᠠᠨ᠂ ᠡᠯ᠎ᠠ ᠠᠶᠢᠮᠠᠭ ᠶᠠᠰᠤᠳᠠᠨ ᠤ ᠬᠤᠪᠴᠠᠰᠤᠨ ᠤ ᠡᠰᠬᠡᠯᠳᠡ ᠤᠶᠤᠳᠠᠯ ᠤᠨ ᠲᠠᠯ᠎ᠠ ᠪᠠᠷ ᠰᠤᠷᠤᠯᠴᠠᠵᠤ᠂ ᠬᠦᠬᠡᠬᠤᠳᠠ ᠳᠤ ᠤᠴᠢᠵᠤ ᠪᠠᠷᠠᠭᠤᠨ ᠦᠵᠤᠮᠤᠴᠢᠨ ᠬᠤᠰᠢᠭᠤᠨ ᠤ ᠲᠠᠮᠤᠷᠪᠠᠭᠠᠳᠤᠷ ᠪᠠᠭᠰᠢ ᠠᠴᠠ ᠮᠠᠯᠠᠭᠠᠢ ᠬᠢᠬᠦ ᠶᠢ ᠨᠢᠬᠡ ᠰᠠᠷ᠎ᠠ ᠰᠤᠷᠤᠯᠴᠠᠭᠰᠡᠨ ᠵᠡᠷᠬᠡ ᠦᠢᠯᠡ ᠤᠶᠤᠳᠠᠯ ᠤᠨ ᠮᠠᠷᠬᠡᠵᠢᠯ ᠤᠨ ᠲᠠᠪᠳᠠᠯᠳᠠ ᠠᠴᠠ ᠤᠳᠤ ᠪᠤᠯᠬᠤ ᠳᠤ ᠤᠯᠠᠨ ᠲᠦᠷᠤᠯ ᠤᠨ ᠡᠰᠬᠡᠯᠳᠡ ᠤᠶᠤᠳᠠᠯ ᠳᠤ ᠴᠠᠭᠠᠷᠠᠭᠰᠡᠨ ᠢᠶᠠᠷ ᠪᠠᠷᠠᠬᠤ ᠦᠬᠡᠢ ᠮᠠᠯᠠᠭᠠᠢ ᠴᠤ ᠭᠤᠶᠤ ᠬᠢᠬᠦ ᠪᠤᠯᠵᠠᠢ᠃      ︽ᠬᠤᠶᠢᠰᠢᠳᠠ ᠪᠠᠰᠠ ᠨᠠᠶᠢᠬᠡᠮ ᠤᠨ ᠤᠷᠤᠰᠬᠠᠯ ᠢ ᠲᠠᠭᠠᠵᠤ ᠤᠯᠠᠮᠵᠢᠯᠠᠯᠳᠤ ᠬᠤᠪᠴᠠᠰᠤ ᠵᠠᠰᠠᠯ ᠤᠨ ᠰᠠᠭᠤᠷᠢᠨ ᠲᠡᠬᠡᠷ᠎ᠠ ᠡᠳᠤᠷ ᠲᠤᠳᠤᠮ ᠡᠮᠤᠰᠬᠦ ᠳᠤ ᠡᠪᠯᠢᠭ ᠬᠤᠪᠴᠠᠰᠤ ᠬᠢᠬᠦ ᠰᠠᠨᠠᠭ᠎ᠠ ᠲᠠᠢ︾ ᠬᠡᠮᠡᠨ ᠬᠠᠰᠴᠢᠮᠡᠭ ᠬᠠᠷᠠᠯᠳᠠ ᠪᠠᠨ ᠶᠠᠷᠢᠨ᠎ᠠ᠃      ᠬᠤᠰᠢᠭᠤ ᠲᠠᠰ ᠤᠨ ᠪᠤᠳᠠᠰ ᠤᠨ ᠪᠤᠰᠤ ᠰᠤᠶᠤᠯ ᠤᠨ ᠦᠪ ᠤᠨ ᠦᠪᠯᠡᠨ ᠤᠯᠠᠮᠵᠢᠯᠠᠭᠴᠢ ᠶᠢᠨ ᠢᠷᠠᠭᠤ ᠠᠯᠳᠠᠷ ᠢ ᠡᠷᠬᠦᠵᠤ᠂ ᠴᠢᠷᠮᠠᠶᠢᠵᠤ ᠬᠦᠳᠡᠯᠮᠤᠷᠢᠯᠡᠭᠰᠡᠨ ᠲᠡᠬᠦᠨ ᠤ ᠦᠢᠯᠡᠰ ᠤᠨ ᠬᠠᠷᠭᠤᠢ ᠰᠦᠨ ᠤ ᠮᠦᠷ ᠲᠠᠢ ᠪᠠᠶᠢᠬᠤ ᠨᠢ ᠲᠠᠮᠵᠢᠭ ᠦᠬᠡᠢ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号