ᠤᠶᠤᠡᠴᠡᠴᠡᠭ ᠤᠨ ᠨᠤᠤᠰᠤᠨ ᠤᠷᠠᠯᠠᠯ ᠤᠨ ᠦᠢᠯᠡᠰ
ᠨᠡᠶᠢᠲᠡᠯᠡᠭᠰᠡᠨ ᠴᠠᠭ᠄
2024/3/13
     ᠬᠤᠨᠢ ᠬᠤᠪᠤᠷ ᠡᠷᠳᠡᠨᠢ᠂ ᠶᠠᠷᠤᠨᠢ ᠬᠤᠨᠢᠨ ᠤ ᠠᠷᠠᠰᠤ ᠨᠤᠤᠰᠤ ᠬᠡᠳ ᠪᠦᠬᠦᠶᠢᠯᠡ ᠵᠥᠢᠯ ᠨᠢ ᠬᠡᠷᠡᠭᠴᠡᠬᠡᠨ ᠎ ᠳᠤ ᠤᠷᠤᠳᠠᠭ᠂ ᠬᠡᠬᠦ ᠳᠤ ᠪᠠᠨ ᠡᠳᠡᠬᠡᠷ ᠢᠶᠠᠨ ᠡᠳ᠋ᠰᠢᠬᠦᠯᠵᠤ ᠪᠤᠯᠪᠠᠰᠤᠷᠠᠭᠤᠯᠬᠤ ᠬᠦᠮᠤᠨ ᠤᠯᠠᠮ ᠠᠴᠠ ᠤᠯᠠᠮ ᠬᠤᠪᠤᠷᠳᠠᠵᠤ ᠪᠠᠶᠢᠭ᠎ᠠ ᠨᠢ ᠬᠠᠷᠠᠮᠰᠠᠯᠳᠡᠢ ᠬᠡᠳᠡᠭ ᠪᠤᠯᠪᠠᠴᠤ ᠲᠠᠷᠠ ᠲᠤᠮᠳᠠ ᠠᠴᠠ ᠮᠠᠯ ᠤᠨ ᠢᠶᠠᠨ ᠠᠰᠢᠭ ᠰᠢᠮ᠎ᠠ ᠶᠢ ᠠᠰᠢᠭᠯᠠᠯᠲᠠ ᠳᠤ ᠤᠷᠤᠭᠤᠯᠵᠤ᠂ ᠨᠠᠩ ᠴᠤ ᠪᠦᠷ ᠤᠷᠠᠯᠠᠯ ᠪᠦᠳᠤᠬᠡᠯ ᠪᠤᠯᠭᠠᠵᠤ ᠶᠠᠪᠤᠭ᠎ᠠ ᠪᠠᠯᠬᠦᠳᠡᠢ ᠪᠠᠯᠭᠠᠰᠤᠨ ᠲᠦᠪ ᠲᠤ ᠪᠠᠶᠢᠭ᠎ᠠ ︽ᠢᠬᠡᠷ᠎ᠡ ᠨᠤᠤᠰᠤᠨ ᠤ ᠭᠠᠷ ᠤᠷᠠᠯᠠᠯ︾᠎ ᠤᠨ ᠲᠡᠯᠬᠡᠬᠦᠷ ᠤᠨ ᠡᠵᠡᠡᠳᠡᠨ ᠤᠶᠤᠡᠴᠡᠴᠡᠭ ᠤᠨ ᠤᠷᠤᠯᠳᠤᠯᠭ᠎ᠠ ᠪᠠᠭ᠋ᠠᠳᠤᠭᠤᠰᠢᠳᠡᠢ᠃      ᠪᠠᠶᠠᠡᠳᠤᠭ ᠰᠤᠮᠤᠨ ᠤ ᠲᠡᠯᠬᠡᠷᠪᠤᠯᠠᠭ ᠭᠠᠴᠠᠭᠠᠨ ᠤ ᠮᠠᠯᠴᠢᠨ ᠤᠶᠤᠡᠴᠡᠴᠡᠭ ᠤᠤᠯ ᠨᠢ ᠬᠦᠳᠡᠭᠡ ᠮᠠᠯ ᠢᠶᠠᠨ ᠮᠠᠯᠵᠢᠨ ᠠᠵᠤ ᠲᠦᠷᠤᠵᠤ ᠪᠠᠶᠢᠭᠰᠡᠨ ᠴᠤ ᠬᠤᠳᠠ ᠤᠷᠤᠵᠤ ᠦᠪᠡᠷ ᠤᠨ ᠬᠡᠰᠡᠨ ᠦᠢᠯᠡᠰ ᠲᠠᠢ ᠪᠤᠯᠬᠤ ᠶᠤᠮᠰᠠᠨ ᠬᠡᠰᠡᠨ ᠬᠦᠰᠠᠯ ᠪᠤᠳᠤᠯ ᠠᠯᠢ ᠡᠷᠳᠡ ᠠᠴᠠ ᠬᠦᠪᠤᠷᠠᠵᠤ ᠪᠠᠶᠢᠭᠰᠡᠨ ᠶᠤᠮ ᠪᠠᠶᠢᠨ᠎ᠠ᠃ ᠬᠠᠷᠢᠨ 2014 ᠤᠨ ᠳᠤ ᠠᠪᠤ ᠡᠵᠢ ᠶᠢᠨ ᠬᠢᠨᠢ ᠪᠠᠶ᠎ᠠ ᠨᠢ ᠮᠠᠭᠤᠳᠠᠵᠤ ᠡᠮᠨᠡᠯᠬᠡ ᠠᠴᠠ ᠦᠢᠷᠬᠠᠨ ᠪᠠᠶᠢᠯᠭᠠᠬᠤ ᠱᠠᠭᠠᠷᠳᠠᠯᠭ᠎ᠠ ᠲᠠᠢ ᠪᠤᠯᠵᠤ ᠬᠤᠰᠢᠭᠤ ᠤᠷᠤᠭᠰᠡᠨ ᠨᠢ ᠲᠡᠬᠦᠨ ᠤ ᠬᠦᠰᠠᠯ ᠪᠤᠳᠤᠯ ᠢᠶᠠᠨ ᠲᠡᠷᠬᠡᠯᠰᠢᠬᠦᠯᠬᠦ ᠳᠤ ᠶᠠᠭᠠᠬᠢᠬᠤ ᠠᠷᠭ᠎ᠠ ᠦᠬᠡᠢ ᠨᠢᠬᠡ ᠠᠯᠬᠤᠮ ᠦᠢᠷᠡᠳᠤᠭᠤᠯᠤᠭᠰᠡᠨ ᠪᠠᠶᠢᠯ᠎ᠠ᠃ ᠡᠶᠢᠡᠬᠦ ᠡᠳᠤᠷ ᠪᠤᠯᠭᠠᠨ ᠠᠪᠤ ᠡᠵᠢ ᠪᠠᠨ ᠠᠰᠠᠷᠠᠬᠤ᠂ ᠬᠡᠷ ᠤᠨ ᠠᠷᠰᠠᠷ ᠠᠵᠢᠯ ᠬᠢᠬᠦ ᠠᠴᠠ ᠭᠠᠳᠠᠨ᠎ᠠ ᠲᠠᠮᠢ ᠬᠢᠳᠠᠯ ᠦᠬᠡᠢ ᠪᠠᠶᠢᠭᠰᠡᠨ ᠲᠠᠷᠠᠪᠠᠷ ᠶᠠᠭᠤ ᠨᠢᠬᠡ ᠶᠢ ᠰᠤᠷᠬᠤ ᠬᠦᠰᠠᠯ ᠲᠠᠢ ᠪᠠᠶᠢᠳᠠᠯ᠎ᠠ ᠠᠵᠠ ᠪᠠᠷ ᠬᠤᠰᠢᠭᠤᠨ ᠤ ᠠᠵᠢᠯ ᠤᠯᠭᠤᠯᠳᠠ ᠶᠢᠨ ᠲᠤᠪᠴᠢᠶᠠᠨ ᠠᠴᠠ ᠡᠷᠬᠢᠯᠡᠭᠰᠡᠨ ᠢᠰᠡᠬᠡᠢ ᠤᠷᠠᠯᠠᠯ ᠎ ᠤᠨ ᠪᠤᠯᠪᠠᠰᠤᠷᠠᠯ ᠢ ᠨᠠᠶᠢᠵᠠ ᠠᠴᠠ ᠪᠠᠨ ᠰᠤᠨᠤᠰᠤᠨ᠂ ᠤᠷᠤᠯᠴᠠᠵᠤ ᠦᠵᠡᠬᠦ ᠳᠤ ᠶᠠᠭ ᠯᠠ ᠦᠪᠡᠷ ᠤᠨ ᠬᠢᠨᠢ ᠬᠦᠰᠠᠬᠡᠳ ᠪᠠᠶᠢᠭᠰᠡᠨ ᠵᠥᠢᠯ ᠨᠢ ᠪᠠᠶᠢᠭᠰᠡᠨ ᠪᠤᠯᠬᠤᠷ ᠰᠡᠳᠬᠢᠯ ᠲᠠᠯᠪᠢᠨ ᠰᠢᠮᠳᠠᠨ ᠰᠤᠷᠤᠯᠴᠠᠵᠠᠢ᠃      ᠲᠠᠷᠠ ᠤᠳᠠᠭᠠᠨ ᠤ ᠪᠤᠯᠪᠠᠰᠤᠷᠠᠯ ᠢᠶᠠᠷ ᠲᠠᠮᠵᠢᠨ ᠨᠤᠤᠰᠤ ᠪᠠᠷ ᠬᠡᠷᠬᠢᠨ ᠢᠰᠡᠬᠡᠢ ᠬᠢᠬᠦ᠂ ᠢᠰᠡᠬᠡᠢ ᠪᠠᠷ ᠢᠶᠠᠨ ᠶᠠᠭᠠᠬᠢᠵᠤ ᠭᠤᠳᠤᠯ ᠬᠢᠬᠦ ᠵᠡᠷᠬᠡ ᠰᠠᠭᠤᠷᠢ ᠮᠡᠳᠡᠯᠬᠡ ᠨᠤᠭᠤᠳ ᠢ ᠰᠤᠷᠤᠯᠴᠠᠨ᠂ ᠶᠠᠬᠡᠯᠡ ᠤᠯᠤᠯᠳᠠ ᠲᠠᠢ ᠪᠠᠶᠢᠵᠤ᠂ ᠡᠨᠡᠬᠦ ᠤᠷᠠᠯᠠᠯ ᠮᠡᠷᠬᠡᠵᠢᠯ ᠢᠶᠠᠨ ᠤᠯᠠᠮ ᠢᠶᠠᠷ ᠬᠦᠡᠵᠡᠬᠡᠶᠢᠷᠡᠬᠦᠯᠤᠨ ᠰᠤᠷᠤᠯᠴᠠᠬᠤ ᠪᠠᠷ 2017 ᠤᠨ ᠠᠴᠠ 2019 ᠬᠦᠷᠳᠡᠯ᠎ᠠ ᠮᠤᠩᠭᠤᠯ ᠤᠯᠤᠰ ᠤᠨ ᠤᠷᠠᠯᠠᠬᠤ ᠡᠷᠳᠡᠮ ᠤᠨ ᠲᠡᠬᠡᠳᠤ ᠰᠤᠷᠭᠠᠭᠤᠯᠢ ᠳᠤ ᠤᠬᠤᠷ ᠬᠤᠭᠤᠴᠠᠭᠠᠨ ᠤ ᠲᠦᠷᠬᠡᠨ ᠪᠤᠯᠪᠠᠰᠤᠷᠠᠯ ᠳᠤ ᠤᠷᠤᠯᠴᠠᠵᠤ ᠢᠰᠡᠬᠡᠢ ᠤᠷᠠᠯᠠᠯ ᠤᠨ ᠮᠠᠷᠬᠡᠵᠢᠯ ᠢᠶᠠᠨ ᠲᠡᠬᠡᠭᠰᠢᠯᠡᠬᠦᠯᠵᠡᠢ᠃      2018 ᠤᠨ ᠳᠤ ᠦᠰᠴᠤ ᠲᠦᠷᠦᠭᠰᠡᠨ ᠨᠦᠮᠤᠷᠢ ᠲᠤᠯᠠᠭᠠᠨ ᠡᠪᠤᠯᠵᠢᠶ᠎ᠠ ᠪᠠᠷ ᠢᠶᠠᠨ ᠨᠠᠷᠠᠯᠡᠭᠰᠡᠨ ︽ᠢᠬᠡᠷ᠎ᠡ ᠨᠤᠤᠰᠤᠨ ᠤ ᠭᠠᠷ ᠤᠷᠠᠯᠠᠯ︾᠎ ᠤᠨ ᠲᠡᠯᠬᠡᠬᠦᠷ ᠢᠶᠠᠨ ᠪᠡᠯᠬᠦᠳᠡᠢ ᠪᠠᠯᠭᠠᠰᠤᠨ ᠳᠤ ᠠᠵᠢᠯᠯᠠᠭᠤᠯᠤᠨ ᠦᠪᠡᠷ ᠤᠨ ᠦᠢᠯᠡᠰ ᠤᠨ ᠭᠠᠷᠤᠭ᠎ᠠ ᠪᠠᠨ ᠠᠪᠴᠠᠢ᠃ ᠡᠶᠢᠡᠬᠦ ᠲᠡᠷᠡ ᠡᠵᠡᠩᠨᠡᠯᠳᠡ ᠶᠢᠨ ᠤᠬᠠᠭᠠᠨ ᠰᠤᠪᠢᠵᠤ᠂ ᠵᠦᠪᠬᠡᠨ ᠤᠯᠪᠤᠭ ᠰᠢᠷᠢᠳᠡᠭ᠂ ᠮᠠᠯᠠᠭᠠᠢ ᠭᠤᠳᠤᠯ ᠬᠢᠳᠡᠭ ᠤᠯᠠᠮᠵᠢᠯᠠᠯ ᠢ ᠰᠢᠨᠡᠴᠢᠯᠡᠨ᠂ ᠭᠠᠷ ᠤᠷᠠᠯᠠᠯ ᠤᠨ ᠪᠦᠳᠤᠬᠡᠯ ᠶᠠᠬᠡᠪᠡᠷ ᠬᠢᠵᠡᠢ᠃ ᠨᠤᠤᠰᠤ ᠪᠠᠨ ᠰᠢᠷᠬᠡᠭ ᠢᠶᠠᠷ ᠵᠤᠯᠠᠵᠤ ᠦᠩᠬᠡ ᠪᠤᠳᠤᠭ ᠤᠷᠤᠭᠤᠯᠤᠨ᠂ ᠭᠠᠷ ᠤᠨ ᠤᠷ᠎ᠠ ᠰᠢᠩᠬᠡᠬᠡᠵᠤ ᠬᠢᠭᠰᠡᠨ ︽ᠠᠪᠠᠭ᠎ᠠ ᠬᠠᠷ᠎ᠠ ᠠᠳᠤᠭᠤ︾᠂ ︽ᠪᠠᠶᠠᠰᠬᠤᠯᠠᠩᠳᠤ ᠵᠤᠰᠠᠯᠠᠩ︾᠂ ︽ᠪᠠᠷᠠᠭᠤᠡᠰᠢ ᠵᠤᠷᠴᠢᠭᠰᠡᠨ ᠦᠯᠢᠬᠡᠷ︾ ᠵᠡᠷᠬᠡ ᠬᠠᠨ᠎ᠠ ᠶᠢᠨ ᠵᠢᠷᠤᠭ ᠨᠢ ᠬᠠᠷᠠᠭᠰᠡᠨ ᠪᠦᠬᠦᠨ ᠢ ᠭᠠᠶᠢᠬᠠᠰᠢᠷᠠᠭᠤᠯᠤᠨ᠎ᠠ᠃ ᠡᠬᠦᠨ ᠠᠴᠠ ᠭᠠᠳᠠᠨ᠎ᠠ ᠪᠠᠰᠠ ᠨᠤᠤᠰᠤᠨ ᠬᠦᠵᠤᠬᠦᠨ ᠤ ᠤᠷᠢᠶᠠᠯᠳᠠ᠂ ᠨᠤᠤᠰᠤᠨ ᠮᠠᠯᠠᠭᠠᠢ᠂ ᠨᠤᠤᠰᠤᠨ ᠬᠤᠪᠴᠠᠰᠤ ᠵᠡᠷᠬᠡ ᠶᠢ ᠬᠢᠵᠤ ᠬᠡᠷᠡᠭᠯᠡᠭᠴᠢᠳ ᠲᠤ ᠬᠦᠷᠬᠡᠵᠤ ᠪᠤᠢ᠃ ︽ᠨᠢᠬᠡ ᠬᠦᠵᠤᠬᠦᠨ ᠤ ᠤᠷᠢᠶᠠᠯᠳᠠ ᠬᠢᠬᠦ ᠳᠤ ᠪᠠᠷᠤᠭ 3᠎ ᠠᠴᠠ 4 ᠯᠠᠩ ᠨᠤᠤᠰᠤ ᠤᠷᠤᠨ᠎ᠠ᠂ ᠭᠤᠷᠪᠠ ᠲᠦᠷᠪᠡᠨ ᠯᠠᠩ ᠨᠤᠤᠰᠤ ᠠᠪᠬᠤ ᠳᠤ 20 —30 ᠲᠦᠬᠦᠷᠢᠭ ᠯᠠ ᠵᠠᠷᠤᠨ᠎ᠠ᠂ ᠨᠢᠬᠡ ᠬᠦᠵᠤᠬᠦᠨ ᠤ ᠤᠷᠢᠶᠠᠯᠳᠠ ᠪᠤᠯᠭᠠᠬᠤ ᠳᠤ ᠲᠡᠬᠦᠨ ᠤ ᠦᠷᠳᠡᠭ ᠲᠡᠬᠢᠨ ᠢᠶᠠᠷ ᠨᠡᠮᠡᠭᠳᠡᠨ᠎ᠠ ᠰᠢᠤ᠂ ᠤᠳᠤᠬᠠᠨ ᠳᠤ ᠪᠠᠨ ᠨᠤᠤᠰᠤ ᠪᠠᠨ ᠰᠠᠶᠢᠨ ᠪᠤᠯᠪᠠᠰᠤᠷᠠᠭᠤᠯᠵᠤ ᠴᠢᠳᠠᠬᠤ ᠦᠬᠡᠢ ᠤᠴᠢᠷ ᠠᠴᠠ ᠴᠢᠨᠡᠷ ᠢ ᠪᠤᠳᠤᠯᠬᠢᠯᠠᠵᠤ ᠨᠢᠬᠡᠨᠳᠡ ᠪᠤᠯᠪᠠᠰᠤᠷᠠᠭᠤᠯᠤᠭᠰᠡᠨ ᠦᠡᠳᠤᠷ ᠲᠡᠰ ᠤᠨ ᠨᠤᠤᠰᠤ ᠠᠪᠴᠤ ᠤᠷᠠᠯᠠᠵᠤ ᠪᠠᠶᠢᠨ᠎ᠠ᠂ ᠬᠡᠬᠦ ᠳᠤ ᠪᠠᠨ ᠤᠷᠠᠯᠠᠵᠤ ᠭᠠᠷᠭᠠᠭᠰᠡᠨ ᠪᠦᠳᠤᠬᠡᠭᠳᠡᠬᠦᠨ ᠪᠤᠯ ᠤᠤᠯ ᠨᠤᠤᠰᠤᠨ ᠤ ᠦᠨ᠎ᠠ ᠠᠴᠠ ᠬᠤᠯᠠ ᠢᠯᠡᠬᠦᠦ ᠦᠷᠳᠡᠭ ᠲᠠᠢ ᠪᠤᠯᠤᠨ᠎ᠠ ᠰᠢᠤ︾ ᠬᠡᠮᠡᠨ ᠤᠶᠤᠡᠴᠡᠴᠡᠭ ᠶᠠᠷᠢᠨ᠎ᠠ᠃ ᠦᠨᠡᠬᠡᠷ ᠮᠠᠯ ᠤᠨ ᠠᠰᠢᠭ ᠰᠢᠮ᠎ᠠ ᠪᠠᠨ ᠪᠦᠳᠤᠬᠡᠭᠳᠡᠬᠦᠨ ᠪᠤᠯᠭᠠᠵᠤ ᠠᠰᠢᠭᠯᠠᠬᠤ ᠶᠢᠨ ᠬᠢᠷᠢ ᠳᠤ ᠲᠠᠷᠠ ᠎ ᠨᠢ ᠲᠠᠷᠠ ᠴᠢᠭ ᠢᠶᠠᠷ ᠢᠶᠠᠨ ᠰᠢᠵᠢᠷ ᠠᠯᠳᠠ ᠪᠢᠯᠠ᠃      ᠤᠶᠤᠡᠴᠡᠴᠡᠭ ᠤᠨ ᠮᠠᠶᠢᠮᠠᠢ ᠬᠦᠭᠵᠢᠶᠠᠨ ᠲᠠᠢ ᠪᠤᠯᠵᠤ᠂ ᠭᠠᠷ ᠤᠨ ᠤᠷ᠎ᠠ ᠨᠢ ᠤᠯᠠᠮ ᠢᠶᠠᠷ ᠲᠡᠬᠡᠭᠰᠢᠯᠡᠬᠡᠳ ᠢᠷᠡᠬᠦ ᠳᠤ ᠲᠡᠷᠡ ᠡᠨᠡᠬᠦ ᠨᠠᠡᠳᠢᠨ ᠦᠪ ᠢᠶᠠᠨ ᠦᠪᠡᠷᠳᠡᠬᠡᠨ ᠡᠳ᠋ᠯᠡᠬᠡᠳ ᠯᠠ ᠰᠠᠭᠤᠭᠰᠡᠨ ᠪᠢᠰᠢ᠂ ᠬᠠᠷᠢᠨ 2018 ᠤᠨ ᠠᠴᠠ ᠡᠬᠢᠯᠡᠨ ᠪᠠᠭᠰᠢ ᠠᠴᠠ ᠰᠤᠷᠤᠭᠰᠡᠨ ᠭᠠᠷ ᠤᠨ ᠡᠷᠳᠡᠮ ᠢᠶᠠᠨ ᠤᠯᠠᠮᠵᠢᠯᠠᠨ ᠲᠡᠯᠬᠡᠷᠡᠬᠦᠯᠬᠦ ᠵᠤᠷᠢᠯᠭ᠎ᠠ ᠪᠠᠷ ᠤᠯᠠᠨ ᠱᠠᠪᠢᠨᠠᠷ ᠬᠦᠮᠤᠵᠢᠬᠦᠯᠵᠤ ᠡᠬᠢᠯᠡᠭᠰᠡᠨ ᠶᠤᠮ᠃ ᠤᠳᠤ ᠪᠤᠯᠬᠤ ᠳᠤ ᠱᠠᠪᠢᠨᠠᠷ ᠨᠢ 100 ᠭᠠᠷᠤᠢ ᠪᠠᠷ ᠪᠦᠷᠢᠳᠬᠡᠭᠳᠡᠬᠦ ᠪᠤᠯᠵᠤ᠂ ᠡᠬᠦᠨ ᠠᠴᠠ ᠭᠠᠳᠠᠨ᠎ᠠ ᠪᠠᠰᠠ ᠬᠤᠰᠢᠭᠤ ᠨᠠᠰᠤᠳᠠᠶᠢᠴᠤᠤᠨ ᠤᠨ ᠶᠡᠭᠡ ᠰᠤᠷᠭᠠᠭᠤᠯᠢ ᠳᠤ ᠪᠠᠭᠰᠢᠯᠠᠨ ᠰᠠᠶᠢᠬᠠᠨ ᠮᠠᠷᠬᠡᠵᠢᠯ ᠢᠶᠠᠨ ᠴᠢᠨᠠᠭᠰᠢ ᠤᠯᠠᠮᠵᠢᠯᠠᠭᠰᠠᠭᠠᠷ ᠁      ᠡᠶᠢᠡᠬᠦ ᠦᠨᠤᠳᠤᠷ ᠪᠤᠯᠬᠤ ᠳᠤ ᠤᠶᠤᠡᠴᠡᠴᠡᠭ ᠤᠨ ᠤᠷᠠᠨ ᠰᠡᠳᠬᠢᠮᠵᠢ᠂ ᠦᠢᠭ᠎ᠠ ᠦᠬᠡᠢ ᠬᠦᠳᠡᠯᠮᠤᠷᠢ ᠶᠢᠨ ᠬᠠᠷᠢᠭᠤ ᠳᠤ ᠠᠪᠠᠭ᠎ᠠ ᠬᠤᠰᠢᠭᠤᠨ ᠤ ᠪᠤᠳᠠᠰ ᠤᠨ ᠪᠤᠰᠤ ᠰᠤᠶᠤᠯ ᠤᠨ ᠦᠪ ᠤᠨ ᠦᠪᠯᠡᠨ ᠤᠯᠠᠮᠵᠢᠯᠠᠭᠴᠢ᠂ ᠡᠮᠡᠭᠳᠡᠢ ᠴᠢᠳᠠᠪᠤᠷᠢᠳᠠᠨ ᠢᠶᠠᠷ ᠡᠷᠬᠦᠮᠵᠢᠯᠡᠭᠳᠡᠨ ᠬᠢᠯᠠᠷᠠᠭᠤᠯᠵᠤ ᠶᠠᠪᠤᠭ᠎ᠠ᠃      ︽ᠦᠨᠤᠳᠤᠷ ᠬᠦᠰᠠᠯ ᠪᠤᠳᠤᠯ ᠢᠶᠠᠨ ᠲᠠᠷᠬᠡᠯᠰᠢᠬᠦᠯᠵᠤ ᠶᠠᠪᠤᠬᠤ ᠳᠤ ᠪᠠᠨ ᠠᠩᠬ᠎ᠠ ᠨᠤᠤᠰᠤᠨ ᠤᠷᠠᠯᠠᠯ ᠤᠨ ᠪᠤᠯᠪᠠᠰᠤᠷᠠᠯ ᠳᠤ ᠤᠷᠤᠬᠤ ᠶᠢ ᠵᠦᠪᠯᠡᠭᠰᠡᠨ ᠨᠠᠶᠢᠵᠠ ᠳᠤ ᠪᠠᠨ ᠮᠠᠰᠢ ᠪᠠᠶᠠᠷᠯᠠᠳᠠᠭ᠂ ᠮᠥᠨ ᠴᠤ ᠡᠨ᠋ᠨ ᠮᠡᠷᠬᠡᠵᠢᠯ ᠢ ᠡᠵᠡᠮᠰᠢᠬᠦᠯᠤᠨ ᠦᠨᠤ ᠬᠦᠷᠳᠡᠯ᠎ᠠ ᠪᠠᠶᠢᠩᠭᠤ ᠵᠢᠭᠠᠨ ᠵᠢᠯᠤᠭᠤᠳᠴᠤ ᠪᠠᠶᠢᠳᠠᠭ ᠪᠠᠭᠰᠢᠨᠠᠷ ᠲᠤ ᠪᠠᠨ ᠲᠠᠯᠠᠷᠬᠠᠳᠠᠭ᠂ ᠲᠠᠳᠠᠨᠠᠷ ᠤᠨ ᠢᠶᠠᠨ ᠰᠠᠶᠢᠨ ᠢᠶᠠᠷ ᠯᠠ ᠡᠳᠤᠢ ᠬᠡᠮᠵᠢᠶ᠎ᠠ ᠲᠠᠢ ᠶᠠᠪᠤᠭ᠎ᠠ︾ ᠬᠡᠮᠡᠨ ᠤᠶᠤᠡᠴᠡᠴᠡᠭ ᠤᠴᠢᠷᠯᠠᠨ᠎ᠠ᠃      ᠮᠠᠯ ᠤᠨ ᠢᠶᠠᠨ ᠠᠰᠢᠭ ᠰᠢᠮ᠎ᠠ ᠶᠢ ᠡᠶᠢᠡᠬᠦ ᠦᠷᠳᠡᠭᠵᠢᠬᠦᠯᠵᠤ ᠪᠠᠶᠢᠭ᠎ᠠ ᠲᠡᠬᠦᠨ ᠤ ᠠᠵᠢᠯ ᠦᠢᠯᠡᠰ ᠦᠬᠡᠳᠡ ᠎ ᠪᠠᠨ ᠪᠠᠶᠢᠬᠤ ᠨᠢ ᠲᠠᠮᠵᠢᠭ ᠦᠬᠡᠢ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号