ᠨᠢᠭᠡᠨ ᠦᠶ᠎ᠡ ᠠᠪᠠᠭ᠎ᠠ ᠨᠤᠲᠤᠭ ᠤᠨ ᠢᠶᠠᠨ ᠠᠯᠲᠠᠷ ᠢ ᠡᠷᠭᠦᠵᠦ᠂ ᠠᠳᠤᠭᠤᠴᠢᠨ᠂ ᠳᠠᠭᠤᠴᠢᠨ᠂ ᠪᠦᠬᠡᠴᠢᠨ | ᠠᠯᠳᠠᠷ ᠢᠶᠠᠨ ᠳᠠᠭᠤᠷᠢᠰᠬᠠᠵᠤ ᠶᠠᠪᠤᠭᠰᠠᠨ ᠠᠪᠠᠭ᠎ᠠ ᠬᠤᠰᠢᠭᠤᠨ ᠤ ᠬᠤᠩᠭᠤᠷᠭᠤᠤᠯ ᠪᠠᠯᠭᠠᠰᠤᠨ ᠤ ᠶᠡᠬᠡᠪᠤᠯᠠᠭ | ᠭᠠᠴᠠᠭᠠᠨ ᠤ ᠨᠠᠮᠰᠠᠷᠠᠢ ᠶᠢᠨ ᠮᠦᠩᠬᠡᠪᠠᠭᠠᠲᠤᠷ ᠨᠤᠲᠤᠭ ᠤᠨ ᠰᠢᠲᠦᠭᠡᠨ ᠪᠤᠯᠤᠭᠰᠠᠨ ᠭᠡᠭᠡᠨ ᠣᠪᠤᠭᠠᠨ ᠤ ᠠᠷᠤ᠂ | ᠮᠤᠨᠴᠤᠭ ᠣᠪᠤᠭᠠᠨ ᠤ ᠡᠪᠦᠷ ᠲᠤ 1962 ᠣᠨ ᠤ ᠬᠠᠷ᠎ᠠ ᠪᠠᠷᠰ ᠵᠢᠯ ᠳᠤ ᠮᠡᠨᠳᠦᠯᠡᠵᠡᠢ᠃ | ᠲᠡᠷᠡ ᠮᠠᠯ ᠰᠦᠷᠦᠭ ᠤᠨ ᠵᠠᠬ᠎ᠠ ᠳᠤ ᠤᠨᠠᠭ᠎ᠠ ᠳᠠᠭ᠎ᠠ ᠲᠠᠢ ᠨᠤᠴᠤᠯᠳᠤᠵᠤ᠂ ᠬᠠᠷᠠᠬᠠᠨ ᠪᠠᠭ᠎ᠠ ᠠᠴᠠ ᠪᠠᠨ ᠮᠣᠷᠢ | ᠪᠥᠬᠡ ᠳᠤ ᠬᠤᠷᠤᠬᠠᠢ ᠲᠠᠢ ᠥᠰᠦᠭᠰᠡᠨ ᠠᠵᠢ᠃ ᠠᠳᠤᠭᠤᠴᠢᠨ ᠪᠣᠯᠬᠤ ᠬᠠᠳᠠᠭᠤᠬᠠᠨ ᠪᠤᠳᠤᠯ ᠬᠠᠯᠭᠠᠤᠬᠠᠨ | ᠬᠦᠰᠡᠯ ᠢ ᠡᠪᠦᠷᠯᠡᠵᠦ᠂ ᠠᠬᠠᠮᠠᠳ ᠠᠳᠤᠭᠤᠴᠢᠨ ᠠᠷᠢᠶᠠᠵᠠᠪ ᠲᠤ ᠱᠠᠪᠢᠯᠠᠵᠤ᠂ 1978 ᠣᠨ ᠠᠴᠠ ᠬᠠᠮᠲᠤ ᠶᠢᠨ | ᠠᠳᠤᠭᠤᠨ ᠰᠦᠷᠦᠭ ᠢ ᠬᠠᠷᠢᠭᠤᠯᠵᠡᠢ᠃ ᠵᠠᠯᠠᠭᠤ ᠽᠠᠨᠳᠠᠨ ᠨᠠᠰᠤᠨ ᠳᠠᠭᠠᠨ ᠲᠤᠭᠠᠲᠠᠢ ᠪᠥᠬᠡ ᠶᠢᠨ ᠲᠣᠭᠠᠨ ᠳᠤ | ᠤᠷᠤᠵᠤ᠂ ᠲᠤᠪᠤᠷᠤᠤᠲᠤ ᠵᠤᠳᠤᠭ ᠤᠨ ᠬᠠᠨᠴᠤᠢ ᠪᠤᠯᠢᠶᠠᠯᠳᠤᠵᠤ ᠶᠠᠪᠤᠭᠰᠠᠨ ᠠᠪᠠᠭ᠎ᠠ ᠨᠤᠲᠤᠭ ᠤᠨ ᠵᠠᠩᠭᠢᠶᠠᠲᠤ | ᠪᠦᠬᠡᠴᠢᠨ ᠤ ᠨᠢᠭᠡ ᠪᠣᠯᠵᠣ ᠶᠠᠪᠤᠭᠰᠠᠨ ᠲᠡᠦᠬᠡ ᠲᠠᠢ᠃ ᠲᠡᠷᠡ ᠠᠪᠠᠭ᠎ᠠ ᠬᠠᠭ᠋ᠠᠭᠤᠯᠠ ᠶᠢᠨ ᠲᠠᠷᠬᠠᠨ ᠪᠠᠶᠢᠰᠠ ᠶᠢᠨ | ᠣᠪᠣᠭᠠᠨ ᠤ ᠳᠠᠬᠢᠯᠭ᠎ᠠ ᠶᠢᠨ ᠨᠠᠶᠢᠷ ᠲᠤ ᠭᠤᠷᠪᠠᠨ ᠵᠢᠯ ᠳᠠᠷᠠᠭᠠᠯᠠᠨ ᠳᠡᠳ᠋ᠯᠡᠭᠰᠡᠨ ᠪᠠᠶᠢᠨ᠎ᠠ᠃ ᠨᠢᠭᠡ ᠤᠳᠠᠭ᠎ᠠ ᠨᠢ | ᠰᠢᠯᠤᠭᠤᠨ ᠬᠥᠪᠡᠭᠡᠲᠦ ᠴᠠᠭᠠᠨ ᠬᠤᠰᠢᠭᠤᠨ ᠤ ᠲᠤᠭᠰᠢᠨ ᠪᠠᠷᠢᠯᠳᠤᠭᠠᠨᠲᠤ ᠪᠠᠲᠤᠨᠠᠰᠤᠨ ᠳᠤ ᠡᠪᠦᠳᠦᠭ ᠰᠢᠷᠤᠶᠢᠳᠠᠨ | ᠳᠡᠳ᠋ᠯᠡᠵᠡᠢ᠃ ᠬᠠᠭ᠋ᠠᠭᠤᠯᠠ ᠰᠤᠮᠤᠨ ᠤ ᠭᠠᠩᠭᠠᠩᠰᠢᠯᠢ ᠭᠠᠴᠠᠭᠠᠨ ᠤ ᠮᠠᠯᠴᠢᠳ ᠤᠨ ᠶᠡᠭᠡ ᠨᠠᠶᠢᠷ ᠲᠤ ᠰᠢᠯᠭᠠᠬᠤ | ᠨᠠᠢᠮᠠ ᠳᠤ ᠬᠦᠴᠦᠲᠦ ᠪᠦᠬᠡ ᠭᠦᠷᠵᠠᠪ ᠢ ᠬᠠᠶᠠᠵᠤ᠂ ᠨᠡᠷᠡᠲᠦ ᠪᠦᠬᠡ ᠠᠪᠢᠷᠮᠢᠳ ᠲᠤ ᠡᠪᠦᠳᠦᠭ ᠰᠢᠷᠤᠶᠢᠳᠠᠵᠦ᠂ | ᠳᠡᠭᠡᠲᠦ ᠳᠦᠷᠪᠡ ᠳᠤ ᠳᠡᠪᠢᠵᠦ ᠪᠠᠶᠢᠭᠰᠠᠨ ᠰᠠᠶᠢᠬᠠᠨ ᠲᠡᠦᠬᠡ ᠲᠠᠢ ᠶᠤᠮᠰᠠᠨ᠃ ᠲᠤᠰ ᠨᠠᠶᠢᠷ ᠲᠤ ᠪᠦᠬᠡ ᠶᠢᠨ ᠪᠠᠭᠰᠢ | ᠡᠷᠳᠡᠨᠢᠪᠠᠶᠠᠷ ᠲᠡᠷᠢᠭᠦᠯᠡᠵᠦ᠂ ᠠᠪᠢᠷᠮᠢᠳ ᠳᠡᠳ᠋ᠯᠡᠭᠰᠡᠨ ᠪᠠᠶᠢᠨ᠎ᠠ᠃ ᠭᠠᠩᠭᠠᠩᠰᠢᠯᠢ ᠭᠠᠴᠠᠭᠠᠨ ᠤ ᠰᠤᠶᠤᠯ ᠤᠨ | ᠣᠷᠳᠣᠨ ᠪᠠᠶᠢᠭᠤᠯᠤᠭᠳᠠᠭᠰᠠᠨ ᠨᠠᠶᠢᠷ ᠤᠨ 64 ᠪᠥᠬᠡ ᠳᠤ ᠰᠤᠶᠤᠯ ᠳᠤ ᠨᠠᠶᠢᠷ ᠲᠠᠯᠪᠢᠨ ᠳᠡᠳ᠋ᠯᠡᠭᠰᠡᠨ ᠪᠠᠶᠢᠨ᠎ᠠ᠃ | ᠮᠦᠩᠬᠡᠪᠠᠭᠠᠲᠤᠷ ᠪᠠᠭ᠎ᠠ ᠠᠴᠠ ᠪᠠᠨ ᠳᠠᠭᠤᠤ ᠤᠷᠠᠯᠢᠭ ᠲᠤ ᠠᠪᠢᠶᠠᠰᠯᠢᠭ᠃ ᠠᠪᠠᠭ᠎ᠠ ᠨᠤᠲᠤᠭ ᠤᠨ ᠠᠯᠳᠠᠷᠲᠤ | ᠳᠠᠭᠤᠴᠢᠨ ᠮᠠᠰᠢᠪᠠᠲᠤ ᠠᠴᠠ ᠤᠷᠲᠤ ᠶᠢᠨ ᠳᠠᠭᠤᠤ ᠶᠢᠨ ᠮᠡᠷᠭᠡᠵᠢᠯ ᠰᠤᠷᠤᠯᠴᠠᠭᠰᠠᠨ ᠲᠡᠦᠬᠡ ᠲᠠᠢ᠃ ᠣᠣᠯ ᠤᠨ | ᠪᠠᠶ᠋ᠬᠠᠠᠭᠤᠯᠠ ᠰᠤᠮᠤᠨ ᠤ ᠠᠯᠳᠠᠷᠲᠤ ᠠᠳᠤᠭᠤᠴᠢᠨ ᠶ᠊·ᠳᠠᠮᠳᠢᠨ ᠠᠴᠠ ᠠᠳᠤᠭᠤ ᠤᠷᠭᠠᠯᠠᠬᠤ ᠡᠷᠳᠡᠮ ᠢ ᠥᠪᠯᠡᠭᠰᠡᠨ | ᠭᠡᠳᠡᠭ᠃ ᠭᠤᠴᠢᠨ ᠳᠤᠯᠤᠭᠠᠨ ᠨᠠᠰᠤᠨ ᠤ ᠵᠢᠯ ᠳᠡᠭᠡᠷ᠎ᠡ ᠪᠠᠨ ᠬᠦᠨᠳᠦ ᠡᠪᠡᠳᠴᠢᠯᠡᠵᠦ᠂ ᠳᠠᠬᠢᠵᠤ ᠪᠠᠷᠢᠯᠳᠤᠵᠤ | ᠴᠢᠳᠠᠭ᠎ᠠ ᠦᠭᠡᠢ᠃ ᠮᠣᠷᠢ ᠤᠶᠠᠵᠤ᠂ ᠮᠣᠩᠭᠤᠯ ᠨᠤᠲᠤᠭ ᠤᠨ ᠢᠶᠠᠨ ᠨᠠᠶᠢᠷ ᠨᠠᠭᠠᠳᠤᠮ ᠢᠶᠠᠷ ᠣᠳᠤᠲᠠᠢ | ᠬᠤᠷᠳᠤᠯᠠᠭᠤᠯᠵᠤ᠂ ᠨᠤᠲᠤᠭ ᠤᠰᠤᠨ ᠤ ᠪᠠᠨ ᠨᠡᠷ᠎ᠡ ᠠᠯᠳᠠᠷ ᠢ ᠳᠠᠭᠤᠷᠢᠰᠬᠠᠵᠤ ᠶᠠᠪᠤᠨ᠎ᠠ᠃ ᠤᠷᠢᠳ ᠬᠤᠵᠢᠳ | ᠰᠢᠯᠤᠭᠤᠨ ᠬᠥᠪᠡᠭᠡᠲᠦ ᠴᠠᠭᠠᠨ ᠬᠤᠰᠢᠭᠤᠨ ᠤ ᠭᠠᠩᠪᠠᠭᠠᠳᠤᠷ ᠤᠨ ᠮᠢᠩᠭᠠᠨ ᠠᠳᠤᠭᠤᠨ ᠤ ᠨᠠᠶᠢᠷ ᠲᠤ ᠣᠷᠢᠭᠳᠠᠨ | ᠤᠷᠤᠯᠴᠠᠭᠠᠳ᠂ ᠭᠠᠩᠭᠠᠩ ᠤᠷᠭᠠᠴᠢᠨ ᠢᠶᠠᠷ ᠰᠢᠯᠭᠠᠷᠠᠭᠰᠠᠨ ᠪᠠᠶᠢᠨ᠎ᠠ᠃ ᠠᠪᠠᠭ᠎ᠠ ᠬᠤᠰᠢᠭᠤᠨ ᠤ ᠠᠯᠲᠠᠨᠪᠠᠭᠠᠨ᠎ᠠ ᠶᠢᠨ | ᠮᠢᠩᠭᠠᠨ ᠠᠳᠤᠭᠤᠨ ᠤ ᠨᠠᠶᠢᠷ ᠲᠤ ᠤᠷᠢᠭᠳᠠᠨ ᠤᠷᠤᠯᠴᠠᠭᠠᠳ᠂ ᠭᠠᠩᠭᠠᠩ ᠤᠷᠭᠠᠴᠢᠨ ᠴᠤᠯᠠ ᠬᠦᠷᠲᠡᠵᠡᠢ᠃ | ᠤᠷᠤᠨ ᠤ ᠲᠥᠪ ᠬᠥᠬᠡᠬᠤᠲᠠᠨ᠎ᠠ ᠪᠤᠯᠤᠭᠰᠠᠨ ᠳᠤᠮᠳᠠᠳᠤ᠂ ᠮᠣᠩᠭᠤᠯ᠂ ᠣᠷᠣᠰ ᠭᠤᠷᠪᠠᠨ ᠣᠯᠣᠰ ᠤᠨ ᠠᠳᠤᠭᠤᠨ | ᠰᠤᠶᠤᠯ ᠤᠨ ᠦᠵᠡᠭᠦᠯᠭᠡ ᠶᠢᠨ ᠤᠷᠤᠯᠳᠤᠭᠠᠨ ᠳᠤ ᠬᠠᠷ᠎ᠠ ᠮᠣᠷᠢ ᠲᠠᠢ ᠪᠠᠨ ᠣᠴᠢᠵᠤ ᠬᠤᠶᠠᠳᠤᠭᠠᠷ ᠲᠤ ᠤᠷᠤᠵᠤ᠂ | ᠲᠦᠮᠡᠨ ᠲᠦᠭᠦᠷᠢᠭ ᠪᠤᠯᠤᠨ ᠮᠦᠩᠭᠦᠨ ᠮᠧᠳᠡᠯ ᠭᠠᠷᠳᠠᠭᠰᠠᠨ ᠪᠠᠶᠢᠨ᠎ᠠ᠃ 2016 ᠣᠨ ᠤ 6 ᠰᠠᠷ᠎ᠠ ᠶᠢᠨ 24 | ᠤ ᠡᠳᠦᠷ ᠰᠦᠨᠢᠳ ᠵᠡᠭᠦᠨ ᠬᠤᠰᠢᠭᠤᠨ ᠤ ᠪᠦᠷᠢᠨᠳᠠᠯᠠᠢ ᠶᠢᠨ ᠠᠳᠤᠭᠤᠨ ᠰᠤᠶᠤᠯ ᠤᠨ ᠨᠠᠶᠢᠷ ᠤᠨ ᠠᠯᠤᠰ ᠤᠨ | ᠮᠣᠷᠢᠨ ᠤ ᠤᠷᠤᠯᠳᠤᠭᠠᠨ ᠳᠤ ᠲᠡᠬᠦᠨ ᠤ ᠮᠤᠷᠢ ᠲᠡᠳ᠋ᠯᠡᠪᠡ᠃ ᠬᠠᠶᠢᠷᠠᠳᠠᠢ ᠬᠦᠯᠦᠭ ᠢᠶᠠᠷ ᠢᠶᠠᠨ ᠪᠠᠭ᠋ᠠᠷᠬᠠᠵᠦ | ᠶᠠᠪᠤᠭᠰᠠᠨ ᠡᠵᠡᠨ ᠪᠠ ᠬᠦᠯᠦᠭ ᠤᠨ ᠠᠮᠵᠢᠯᠳᠠ ᠲᠡᠬᠦᠨ ᠳᠤ ᠮᠤᠩᠳᠠᠬᠤ ᠦᠭᠡᠢ᠃ 2017 ᠤᠨ ᠳᠤ ᠬᠢᠭᠰᠡᠨ | ᠰᠢᠯᠤᠭᠤᠨ ᠬᠦᠭᠡ ᠬᠤᠰᠢᠭᠤᠨ ᠤ 200 ᠮᠤᠷᠢ ᠤᠷᠤᠯᠳᠤᠭᠰᠠᠨ ᠠᠯᠤᠰ ᠤᠨ ᠮᠤᠷᠢᠨ ᠤ ᠤᠷᠤᠯᠳᠤᠭᠠᠨ ᠤ | ᠭᠠᠩᠭᠠᠩ ᠮᠣᠷᠢᠨ ᠤ ᠰᠢᠯᠭᠠᠷᠠᠭᠤᠯᠤᠯᠲᠠ ᠳᠤ ᠬᠤᠶᠠᠳᠤᠭᠠᠷ ᠲᠤ ᠲᠤᠳᠤᠷᠠᠵᠤ᠂ ᠮᠦᠩᠭᠦᠨ ᠮᠧᠳᠡᠯ ᠭᠠᠷᠳᠠᠵᠡᠢ᠃ | ᠰᠢᠯᠢ ᠶᠢᠨ ᠭᠤᠣᠯ ᠠᠶᠢᠮᠠᠭ ᠤᠨ ᠮᠣᠩᠭᠤᠯ ᠮᠣᠷᠢᠨ ᠤ ᠬᠤᠯᠪᠤᠭᠠᠲᠤ ᠤᠷᠤᠯᠳᠤᠭᠠᠨ ᠳᠤ ᠬᠤᠯᠠ ᠮᠣᠷᠢ ᠨᠢ ᠳᠠᠷᠠᠭᠠᠯᠠᠨ | ᠬᠤᠶᠠᠷ ᠭᠠᠷᠠᠭ ᠲᠡᠷᠢᠭᠦᠯᠡᠭᠰᠡᠨ ᠪᠠᠶᠢᠨ᠎ᠠ᠃ ᠠᠪᠠᠭ᠎ᠠ ᠬᠤᠰᠢᠭᠤᠨ ᠤ ᠶᠢᠰᠦᠳᠦᠭᠡᠷ ᠤᠳᠠᠭᠠᠨ ᠤ ᠬᠠᠷ᠎ᠠ ᠠᠳᠤᠭᠤᠨ | ᠰᠤᠶᠤᠯ ᠤᠨ ᠨᠠᠶᠢᠷ ᠤᠨ ᠭᠠᠩᠭᠠᠩ ᠬᠦᠯᠦᠭ ᠤᠨ ᠰᠢᠯᠭᠠᠷᠠᠭᠤᠯᠤᠯᠳᠠ ᠳᠤ ᠬᠤᠶᠠᠳᠤᠭᠠᠷ ᠲᠤ ᠣᠷᠣᠪᠠ᠃ ᠰᠦᠨᠢᠳ | ᠵᠡᠭᠦᠨ ᠬᠤᠰᠢᠭᠤᠨ ᠤ ᠬᠤᠶᠠᠳᠤᠭᠠᠷ ᠤᠳᠠᠭᠠᠨ ᠤ ᠠᠳᠤᠭᠤᠨ ᠰᠤᠶᠤᠯ ᠤᠨ ᠨᠠᠶᠢᠷ ᠲᠤ ᠭᠠᠩᠭᠠᠩ ᠤᠷᠭᠠᠴᠢᠨ ᠢᠶᠠᠷ | ᠲᠤᠳᠤᠷᠠᠪᠠ᠃ ᠪᠠᠷᠠᠭᠤᠨ ᠦᠵᠦᠮᠦᠴᠢᠨ ᠬᠤᠰᠢᠭᠤᠨ ᠤ ᠴᠠᠭᠠᠨ ᠠᠳᠤᠭᠤᠨ ᠰᠤᠶᠤᠯ ᠤᠨ ᠨᠠᠶᠢᠷ ᠲᠤ ᠤᠷᠢᠯᠭ᠎ᠠ ᠪᠠᠷ | ᠣᠷᠣᠯᠴᠠᠭᠠᠳ ᠳᠡᠳ᠋ᠯᠡᠵᠡᠢ᠃ ᠪᠠᠶᠠᠨᠰᠢᠯᠢ ᠮᠠᠯᠵᠢᠯ ᠤᠨ ᠲᠠᠯᠠᠪᠠᠢ ᠶᠢᠨ ᠠᠳᠤᠭᠤᠨ ᠰᠤᠶᠤᠯ ᠤᠨ ᠨᠠᠶᠢᠷ ᠲᠤ ᠭᠠᠩᠭᠠᠩ | ᠤᠷᠭᠠᠴᠢᠨ ᠢᠶᠠᠷ ᠲᠡᠷᠢᠬᠦᠯᠡᠭᠰᠡᠨ ᠪᠠᠶᠢᠨ᠎ᠠ᠃ ᠠᠪᠠᠭ᠎ᠠ ᠬᠤᠰᠢᠭᠤᠨ ᠤ ᠪᠠᠶᠠᠨᠳᠤᠭ ᠰᠤᠮᠤᠨ ᠤ ᠵᠢᠷᠭᠠᠯᠠᠩᠳᠦ ᠭᠠᠴᠠᠭᠠᠨ | ᠤ ᠠᠳᠤᠭᠤᠨ ᠰᠤᠶᠤᠯ ᠤᠨ ᠨᠠᠶᠢᠷ ᠲᠤ ᠲᠡᠷᠢᠭᠦᠯᠡᠪᠡ᠃ ᠳᠤᠮᠳᠠᠳᠤ᠂ ᠮᠣᠩᠭᠤᠯ᠂ ᠣᠷᠣᠰ ᠭᠤᠷᠪᠠᠨ ᠤᠯᠤᠰ ᠤᠨ | ᠠᠳᠤᠭᠤᠨ ᠰᠤᠶᠤᠯ ᠤᠨ ᠨᠠᠶᠢᠷ ᠲᠤ ᠳᠡᠳ᠋ᠯᠡᠵᠦ᠂ ᠨᠢᠭᠡ ᠮᠦᠩᠭᠦᠨ ᠮᠧᠳᠡᠯ᠂ ᠬᠤᠶᠠᠷ ᠬᠦᠷᠡᠯ ᠮᠧᠳᠡᠯ ᠭᠠᠷᠳᠠᠵᠡᠢ᠃ | ᠤᠯᠠᠭᠠᠨᠬᠠᠳᠠ ᠬᠤᠲᠠ ᠶᠢᠨ ᠬᠡᠰᠢᠭᠳᠡᠨ ᠬᠤᠰᠢᠭᠤᠨ ᠤ ᠠᠳᠤᠭᠤᠨ ᠰᠤᠶᠤᠯ ᠤᠨ ᠨᠠᠶᠢᠷ ᠲᠤ ᠤᠷᠢᠭᠳᠠᠨ | ᠣᠷᠣᠯᠴᠠᠭᠠᠳ ᠳᠡᠳ᠋ᠯᠡᠭᠰᠡᠨ ᠪᠠᠶᠢᠨ᠎ᠠ᠃ | ᠮᠦᠩᠬᠡᠪᠠᠭᠠᠲᠤᠷ ᠣᠬᠤᠷᠬᠠᠨ ᠬᠡᠳᠦᠨ ᠵᠢᠯ ᠪᠠᠷᠢᠯᠳᠤᠭᠰᠠᠨ ᠴᠦ ᠤᠷᠠᠨ ᠭᠠᠩᠭᠠᠩ ᠪᠠᠷᠢᠯᠳᠤᠭᠠᠨ ᠢᠶᠠᠷ ᠦᠵᠡᠭᠴᠢ | ᠲᠦᠮᠡᠨ ᠢᠶᠠᠨ ᠱᠤᠤᠬᠢᠭᠤᠯᠵᠤ᠂ ᠣᠷᠳᠣ ᠶᠢᠨ ᠳᠠᠭᠤᠤ ᠪᠠᠷ ᠬᠦᠮᠦᠨ ᠠᠷᠠᠳ ᠢᠶᠠᠨ ᠪᠠᠶᠠᠰᠬᠠᠵᠤ᠂ ᠪᠦᠬᠡᠴᠢᠨ᠂ | ᠤᠶᠠᠭᠠᠴᠢᠨ᠂ ᠳᠠᠭᠤᠴᠢᠨ ᠭᠤᠷᠮᠤᠰᠤᠨ ᠠᠪᠢᠶᠠᠰ ᠢᠶᠠᠷ ᠢᠶᠠᠨ ᠭᠢᠯᠠᠷᠠᠭᠤᠯᠵᠤ᠂ ᠭᠠᠩᠭᠠᠩ ᠤᠷᠭᠠᠴᠢᠨ ᠬᠡᠮᠡᠬᠦ ᠴᠤᠯᠠ | ᠪᠠᠷ ᠡᠩᠭᠡᠷ ᠢᠶᠠᠨ ᠮᠢᠯᠢᠶᠠᠯᠭᠠᠵᠤ ᠶᠠᠪᠤᠨᠠᠮ᠃ |