ᠠᠪᠠᠭ᠎ᠠ ᠬᠤᠰᠢᠭᠤᠨ ᠤ ᠬᠤᠩᠭᠤᠷᠭᠤᠤᠯ ᠪᠠᠯᠭᠠᠰᠤᠨ ᠤ ᠠᠯᠳᠠᠨᠳᠦ᠋ᠬᠦᠷᠢᠭ ᠭᠠᠴᠠᠭᠠᠨ ᠤ ᠮᠠᠯᠴᠢᠨ ᠪᠡᠷᠢᠴᠡᠴᠡᠭ | ᠳᠡᠭᠦᠦ ᠢᠳᠡᠷᠬᠦᠦ᠂ ᠥᠰᠬᠦᠪᠤᠶᠠᠨ ᠲᠠᠢ ᠪᠠᠨ ᠭᠤᠷᠪᠠᠭᠤᠯᠠ ᠭᠡᠭᠦᠦ ᠰᠠᠭᠠᠵᠤ ᠴᠡᠭᠡ ᠢᠰᠭᠡᠬᠦ ᠠᠴᠠ ᠵᠠᠬ᠎ᠠ ᠳᠤ | ᠪᠤᠷᠤᠯᠠᠭᠤᠯᠬᠤ ᠬᠦᠷᠲᠡᠯᠡᠬᠢ ᠡᠯ᠎ᠡ ᠭᠤᠭᠴᠤᠭᠠᠨ ᠤ ᠠᠵᠢᠯ ᠢ ᠬᠠᠮᠵᠢᠯᠴᠠᠨ ᠬᠢᠵᠦ᠂ ᠴᠡᠭᠡ ᠶᠢᠨ ᠦᠢᠯᠡᠰ ᠢᠶᠠᠨ | ᠥᠩᠭᠡ ᠲᠠᠢ ᠥᠭᠡᠳᠡ ᠲᠠᠢ ᠡᠷᠬᠢᠯᠡᠬᠦ ᠶᠢᠨ ᠵᠡᠷᠭᠡᠪᠡᠷ ᠨᠠᠮᠤᠷ ᠤᠷᠤᠶᠢᠬᠠᠨ ᠭᠡᠭᠦᠦ ᠰᠠᠭᠠᠬᠤ ᠠᠵᠢᠯ ᠨᠢ | ᠰᠢᠪᠲᠤᠷᠭᠠᠨ ᠳᠤ ᠪᠠᠨ ᠣᠷᠣᠪᠠᠯ᠂ ᠦᠬᠡᠷ ᠬᠤᠨᠢᠨ ᠤ ᠮᠢᠬ᠎ᠠ ᠪᠠᠨ ᠭᠠᠳᠠᠭᠰᠢ ᠪᠤᠷᠤᠯᠠᠭᠤᠯᠵᠤ᠂ ᠤᠯᠠᠷᠢᠯ ᠤᠨ | ᠥᠩᠭᠡ ᠳᠤ ᠵᠣᠬᠢᠴᠠᠭᠤᠯᠤᠨ ᠪᠤᠷᠤᠯᠠᠭᠤᠯᠭ᠎ᠠ ᠬᠢᠵᠦ᠂ ᠤᠯᠠᠨ ᠠᠷᠭ᠎ᠠ ᠵᠠᠮ ᠢᠶᠠᠷ ᠮᠠᠯ ᠤᠨ ᠢᠶᠠᠨ ᠠᠰᠢᠭ ᠰᠢᠮ᠎ᠡ ᠶᠢᠨ | ᠪᠦᠲᠦᠭᠡᠭᠳᠡᠭᠦᠨ ᠢ ᠦᠨ᠎ᠡ ᠳᠤ ᠬᠦᠷᠭᠡᠵᠦ ᠪᠠᠶᠢᠨ᠎ᠠ᠃ | ᠡᠭᠡᠴᠢ ᠳᠡᠭᠦᠦ ᠭᠤᠷᠪᠠᠭᠤᠯᠠ ᠨᠤᠲᠤᠭ ᠢᠶᠠᠨ ᠨᠡᠶᠢᠯᠡᠭᠦᠯᠵᠦ ᠬᠠᠮᠲᠤᠷᠠᠨ ᠠᠵᠢᠯᠯᠠᠪᠠ | ᠪᠡᠷᠢᠴᠡᠴᠡᠭ ᠤᠨ ᠬᠢ ᠪᠣᠯ ᠠᠪᠠᠭ᠎ᠠ ᠬᠠᠷ᠎ᠠ ᠠᠳᠤᠭᠤ ᠪᠠᠨ ᠥᠰᠬᠡᠨ ᠦᠷᠡᠵᠢᠭᠦᠯᠵᠦ ᠪᠠᠶᠢᠭ᠎ᠠ ᠮᠠᠯᠴᠢᠨ ᠠᠶᠢᠯ | ᠪᠣᠯᠣᠨ᠎ᠠ᠃ ᠲᠡᠷᠡᠪᠡᠷ ᠠᠬ᠎ᠠ ᠳᠡᠭᠦᠦ ᠵᠢᠷᠭᠤᠭᠤᠯᠠ ᠪᠠᠶᠢᠵᠤ᠂ ᠡᠳᠡᠨᠡᠶᠢᠬᠡᠨ ᠤᠤᠯ ᠠᠴᠠ ᠪᠠᠨ ᠠᠳᠤᠭᠤ ᠮᠠᠯᠵᠢᠵᠤ | ᠭᠡᠭᠦᠦ ᠰᠠᠭᠠᠵᠤ ᠪᠠᠶᠢᠭᠰᠠᠨ ᠴᠦ ᠴᠡᠭᠡ ᠢᠰᠬᠡᠵᠦ ᠪᠠᠶᠢᠭᠰᠠᠨ ᠦᠭᠡᠢ᠂ ᠬᠥᠬᠡᠬᠤᠲᠠ ᠳᠤ ᠪᠠᠶᠢᠭ᠎ᠠ ᠳᠡᠭᠦᠦ | ᠥᠰᠬᠦᠪᠤᠶᠠᠨ ᠨᠢ ᠪᠤᠰᠤᠳ ᠠᠴᠠ ᠴᠡᠭᠡ ᠬᠤᠳᠠᠯᠳᠤᠨ ᠠᠪᠴᠤ ᠪᠤᠷᠤᠯᠠᠭᠤᠯᠳᠠᠭ ᠪᠠᠶᠢᠵᠡᠢ᠃ 2012 ᠣᠨ ᠠᠴᠠ | ᠡᠬᠢᠯᠡᠵᠦ᠂ ᠪᠡᠷᠢᠴᠡᠴᠡᠭ ᠳᠡᠭᠦᠦ ᠢᠳᠡᠷᠬᠦᠦ᠂ ᠥᠰᠬᠦᠪᠤᠶᠠᠨ ᠲᠠᠢ ᠪᠠᠨ ᠭᠤᠷᠪᠠᠭᠤᠯᠠ ᠠᠳᠤᠭᠤᠨ ᠤ ᠠᠵᠤ ᠦᠢᠯᠡᠰ ᠢ | ᠬᠥᠭᠵᠢᠬᠦᠯᠬᠦ ᠪᠠᠷ ᠨᠤᠲᠤᠭ ᠪᠡᠯᠴᠢᠭᠡᠷ ᠢᠶᠠᠨ ᠨᠡᠶᠢᠯᠡᠭᠦᠯᠵᠦ᠂ 6000 ᠭᠠᠷᠤᠢ ᠮᠦ ᠨᠤᠲᠤᠭ ᠳᠡᠭᠡᠷ᠎ᠡ ᠪᠠᠨ ᠮᠠᠯ ᠢᠶᠠᠨ | ᠴᠦᠭᠡᠴᠢᠯᠡᠨ ᠠᠳᠤᠭᠤ ᠭᠤᠣᠯᠳᠠᠢ ᠮᠠᠯᠵᠢᠵᠤ᠂ ᠠᠷᠪᠠᠭᠠᠳ ᠭᠡᠭᠦᠦ ᠰᠠᠭᠠᠵᠤ ᠴᠡᠭᠡ ᠢᠰᠬᠡᠨ ᠪᠤᠷᠤᠯᠠᠭᠤᠯᠵᠤ | ᠡᠬᠢᠯᠡᠵᠡᠢ᠃ | ᠭᠡᠭᠦᠦ ᠰᠠᠭᠠᠵᠤ ᠴᠡᠭᠡ ᠪᠤᠷᠤᠯᠠᠭᠤᠯᠤᠨ ᠵᠢᠯ ᠤᠨ | ᠠᠷᠪᠠᠭᠠᠳ ᠲᠦᠮᠡᠨ ᠲᠥᠭᠦᠷᠢᠭ ᠤᠨ ᠣᠷᠣᠯᠭ᠎ᠠ ᠡᠭᠦᠳᠦᠨ᠎ᠡ | ᠡᠭᠡᠴᠢ ᠳᠡᠭᠦᠦ ᠬᠡᠳᠦᠭᠦᠯᠡ ᠶᠢᠨ ᠴᠢᠷᠮᠠᠶᠢᠯᠭ᠎ᠠ ᠪᠠᠷ᠂ ᠡᠳᠡᠨᠡᠶᠢᠬᠢ 2020 ᠣᠨ ᠳᠤ ᠦᠪᠮᠠᠯᠵᠢᠯ ᠤᠨ | ᠲᠠᠸᠠᠷ ᠤᠨ ᠲᠡᠮᠳᠡᠭ ᠢ ᠳᠠᠩᠰᠠᠯᠠᠭᠤᠯᠵᠤ᠂ 2022 ᠣᠨ ᠳᠤ ᠪᠤᠷᠤᠲᠤ ᠭᠡᠷ ᠪᠦᠯᠢ ᠶᠢᠨ ᠮᠠᠯᠵᠢᠯ ᠤᠨ ᠲᠠᠯᠠᠪᠠᠢ ᠶᠢ | ᠪᠠᠶᠢᠭᠤᠯᠬᠤ ᠶᠢᠨ ᠬᠠᠮᠲᠤ ᠬᠥᠳᠡᠭᠡ ᠳᠤ ᠪᠠᠨ 1000 ᠬᠠᠪᠲᠠᠭᠠᠢ ᠳᠥᠷᠪᠡᠯᠵᠢᠨ ᠮᠧᠲᠷ ᠤᠨ ᠫᠧᠩ ᠰᠠᠷᠠᠪᠴᠢ | ᠪᠤᠯᠤᠨ ᠤᠯᠠᠮᠵᠢᠯᠠᠯᠲᠤ ᠴᠠᠭᠠᠨ ᠢᠳᠡᠭᠡᠨ ᠪᠣᠯᠪᠠᠰᠤᠷᠠᠭᠤᠯᠬᠤ ᠳᠠᠰᠤᠭ᠂ ᠭᠡᠭᠦᠦ ᠰᠠᠭᠠᠬᠤ ᠮᠠᠰᠢᠨ ᠵᠡᠷᠭᠡ ᠶᠢ ᠢᠵᠢ | ᠪᠦᠷᠢᠳᠦᠭᠦᠯᠵᠡᠢ᠃ ᠥᠨᠥ ᠵᠢᠯ ᠴᠦ ᠡᠳᠡᠨᠡᠶᠢᠬᠢᠨ ᠬᠠᠷ᠎ᠠ ᠠᠳᠤᠭᠤ ᠮᠠᠯᠵᠢᠵᠤ ᠪᠠᠶᠢᠭ᠎ᠠ ᠭᠤᠤᠯᠳᠠᠯᠭᠠᠲᠤ ᠡᠷᠦᠬᠡ ᠠᠴᠠ | 30 ᠭᠡᠭᠦᠦ ᠬᠤᠳᠠᠯᠳᠤᠨ ᠠᠪᠬᠤ ᠪᠠᠷ ᠲᠤᠭᠲᠠᠵᠤ᠂ ᠴᠡᠭᠡ ᠶᠢᠨ ᠭᠠᠷᠤᠯᠲᠠ ᠪᠠᠨ ᠨᠡᠮᠡᠭᠳᠡᠭᠦᠯᠬᠦ ᠪᠠᠷ ᠪᠠᠶᠢᠨ᠎ᠠ᠃ | ᠴᠡᠭᠡ ᠶᠢᠨ ᠦᠢᠯᠡᠰ ᠢᠶᠠᠨ ᠬᠥᠭᠵᠢᠭᠦᠯᠬᠦ ᠳᠤ ᠡᠭᠡᠴᠢ ᠳᠡᠭᠦᠦ ᠭᠤᠷᠪᠠᠭᠤᠯᠠ ᠶᠢᠨ ᠠᠵᠢᠯ ᠤᠨ ᠬᠤᠪᠢᠶᠠᠷᠢ ᠮᠠᠰᠢ | ᠲᠤᠳᠤᠷᠬᠠᠢ ᠪᠠᠶᠢᠳᠠᠭ᠃ ᠡᠭᠡᠴᠢ ᠪᠡᠷᠢᠴᠡᠴᠡᠭ ᠨᠢ ᠨᠥᠬᠦᠷ ᠲᠠᠢ ᠪᠠᠨ ᠬᠠᠮᠲᠤ ᠭᠡᠭᠦᠦ ᠰᠠᠭᠠᠵᠤ ᠴᠡᠭᠡ ᠢᠰᠭᠡᠬᠦ | ᠠᠵᠢᠯ ᠢ ᠬᠠᠷᠢᠭᠤᠴᠠᠵᠤ᠂ ᠵᠢᠯ ᠪᠦᠷᠢ ᠶᠢᠨ 5 ᠰᠠᠷ᠎ᠠ ᠠᠴᠠ 10 ᠰᠠᠷ᠎ᠠ ᠶᠢᠨ ᠡᠬᠢ ᠪᠣᠯᠲᠠᠯ᠎ᠠ ᠡᠳᠦᠷ ᠲᠤ ᠠᠷᠪᠠᠭᠠᠳ | ᠭᠡᠭᠦᠦ ᠰᠠᠭᠠᠵᠤ᠂ ᠡᠳᠦᠷ ᠤᠨ 100 ᠰᠢᠬᠠᠮ ᠵᠢᠩ ᠴᠡᠭᠡ ᠢᠰᠭᠡᠳᠡᠭ᠃ ᠳᠡᠭᠦᠦ ᠢᠳᠡᠷᠭᠦᠦ ᠨᠢ ᠡᠳᠦᠷ ᠪᠦᠷᠢ | ᠢᠰᠭᠡᠭᠰᠡᠨ ᠴᠡᠭᠡ ᠪᠠᠨ ᠬᠥᠳᠡᠭᠡ ᠠᠴᠠ ᠪᠠᠨ ᠪᠤᠳᠠᠰ ᠤᠨ ᠭᠦᠢᠯᠭᠡᠭᠡᠨ ᠤ ᠴᠡᠭ ᠲᠤ ᠬᠦᠷᠭᠡᠵᠦ᠂ ᠳᠡᠭᠦᠦ | ᠥᠰᠬᠦᠪᠤᠶᠠᠨ ᠨᠢ ᠬᠥᠬᠡᠬᠤᠲᠠ ᠠᠴᠠ ᠴᠡᠭᠡ ᠪᠠᠨ ᠳᠤᠰᠴᠤ ᠠᠪᠤᠭᠠᠳ ᠵᠠᠬ᠎ᠠ ᠳᠤ ᠪᠤᠷᠤᠯᠠᠭᠤᠯᠬᠤ ᠠᠵᠢᠯ ᠢ | ᠬᠠᠷᠢᠭᠤᠴᠠᠳᠠᠭ᠃ ᠡᠭᠦᠨ ᠳᠤ ᠭᠤᠣᠯᠳᠠᠭᠤ ᠰᠦᠯᠵᠢᠶ᠎ᠡ ᠪᠠᠷ ᠪᠤᠷᠤᠯᠠᠭᠤᠯᠵᠤ᠂ ᠮᠠᠨ ᠤ ᠤᠷᠤᠨ ᠤ ᠬᠥᠬᠡᠬᠤᠳᠠ᠂ | ᠣᠷᠳᠣᠰ᠂ ᠪᠠᠶᠠᠨᠨᠠᠭᠤᠷ ᠵᠡᠷᠭᠡ ᠭᠠᠵᠠᠷ ᠢᠶᠠᠷ ᠪᠣᠷᠤᠯᠠᠭᠤᠯᠬᠤ ᠠᠴᠠ ᠭᠠᠳᠠᠨ᠎ᠠ ᠪᠡᠭᠡᠵᠢᠩ᠂ ᠱᠠᠩᠬᠠᠢ᠂ ᠲᠢᠶᠠᠨᠵᠢᠨ᠂ | ᠬᠥᠬᠡᠨᠠᠭᠤᠷ᠂ ᠰᠢᠨᠵᠢᠶᠠᠩ ᠵᠡᠷᠭᠡ ᠭᠠᠵᠠᠷ ᠢᠶᠠᠷ ᠴᠦ ᠪᠤᠷᠤᠯᠠᠭᠤᠯᠵᠤ᠂ ᠴᠡᠭᠡ ᠪᠤᠷᠣᠯᠠᠭᠤᠯᠤᠭᠰᠠᠨ ᠵᠢᠯ ᠤᠨ ᠴᠡᠪᠡᠷ | ᠣᠷᠣᠯᠭ᠎ᠠ ᠨᠢ ᠠᠷᠪᠠᠭᠠᠳ ᠲᠦᠮᠡᠨ ᠲᠥᠭᠦᠷᠢᠭ ᠲᠤ ᠬᠦᠷᠴᠦ ᠪᠠᠶᠢᠨ᠎ᠠ᠃ | ᠦᠬᠡᠷ ᠬᠤᠨᠢᠨ ᠤ ᠮᠢᠬ᠎ᠠ ᠪᠠᠨ ᠭᠠᠳᠠᠭᠰᠢ ᠪᠤᠷᠤᠯᠠᠭᠤᠯᠵᠤ ᠣᠷᠣᠯᠭ᠎ᠠ ᠡᠭᠦᠳᠦᠨ᠎ᠡ | ᠡᠳᠡᠨᠡᠶᠢᠬᠢᠨ ᠴᠡᠭᠡ ᠪᠠᠨ ᠭᠠᠳᠠᠭᠰᠢ ᠪᠤᠷᠤᠯᠠᠭᠤᠯᠬᠤ ᠶᠢᠨ ᠵᠡᠷᠭᠡ ᠪᠠᠷ 2018 ᠣᠨ ᠠᠴᠠ ᠡᠬᠢᠯᠡᠵᠦ᠂ ᠦᠬᠡᠷ | ᠬᠤᠨᠢᠨ ᠤ ᠮᠢᠬ᠎ᠠ ᠪᠠᠨ ᠴᠦ ᠬᠥᠬᠡᠬᠤᠲᠠ ᠳᠤ ᠠᠪᠠᠴᠢᠨ ᠪᠤᠷᠤᠯᠠᠭᠤᠯᠵᠤ ᠪᠠᠶᠢᠨ᠎ᠠ᠃ ᠨᠠᠮᠤᠷ ᠤᠨ ᠰᠡᠭᠦᠯᠴᠢ ᠪᠠᠷ ᠭᠡᠭᠦᠦ | ᠰᠠᠭᠠᠬᠤ ᠠᠵᠢᠯ ᠨᠢ ᠰᠢᠪᠲᠣᠷᠭᠠᠨ ᠳᠤ ᠪᠠᠨ ᠣᠷᠣᠪᠠᠯ ᠦᠬᠡᠷ ᠬᠤᠨᠢᠨ ᠤ ᠮᠢᠬ᠎ᠠ ᠪᠠᠨ ᠪᠣᠷᠣᠯᠠᠭᠤᠯᠬᠤ ᠠᠵᠢᠯ ᠢᠶᠠᠨ | ᠡᠬᠢᠯᠡᠬᠦᠯᠵᠦ᠂ ᠵᠢᠯ ᠳᠤ ᠪᠠᠷᠤᠭ 100 ᠭᠠᠷᠤᠢ ᠬᠤᠨᠢ᠂ ᠠᠷᠪᠠᠭᠠᠳ ᠦᠬᠡᠷ ᠡᠳ᠋ᠰᠢᠭᠦᠯᠦᠨ ᠪᠤᠷᠤᠯᠠᠭᠤᠯᠳᠠᠭ᠃ | ᠥᠪᠡᠷᠲᠡᠭᠡᠨ ᠡᠳ᠋ᠰᠢᠭᠦᠯᠵᠦ ᠪᠤᠷᠤᠯᠠᠭᠤᠯᠬᠤ ᠨᠢ ᠠᠮᠢᠳᠤ ᠪᠠᠷ ᠨᠢ ᠰᠢᠭᠤᠳ ᠬᠤᠳᠠᠯᠳᠤᠬᠤ ᠶᠢ ᠪᠤᠳᠤᠪᠠᠯ ᠨᠢᠭᠡ | ᠬᠤᠨᠢᠨ ᠠᠴᠠ ᠳᠥᠷᠪᠡ ᠠᠴᠠ ᠲᠠᠪᠤᠨ ᠵᠠᠭᠤ ᠭᠠᠷᠤᠢ ᠲᠥᠭᠦᠷᠢᠭ ᠢᠯᠡᠭᠦᠦ ᠣᠯᠵᠣ᠂ ᠨᠢᠭᠡ ᠦᠬᠡᠷ ᠠᠴᠠ ᠮᠢᠩᠭᠠᠨ | ᠲᠥᠭᠦᠷᠢᠭ ᠢᠯᠡᠭᠦᠦ ᠣᠯᠳᠠᠭ ᠪᠠᠶᠢᠨ᠎ᠠ᠃ | ︽ ᠪᠢᠳᠡ ᠵᠠᠬ᠎ᠠ ᠳᠡᠯᠭᠡᠭᠦᠷ ᠤᠨ ᠪᠠᠶᠢᠳᠠᠯ ᠳᠤ ᠵᠣᠬᠢᠴᠠᠭᠤᠯᠵᠤ᠂ ᠮᠠᠯ ᠤᠨ ᠢᠶᠠᠨ ᠠᠰᠢᠭ ᠰᠢᠮ᠎ᠡ ᠶᠢ | ᠲᠠᠸᠠᠷᠴᠢᠯᠠᠨ᠂ ᠪᠣᠷᠤᠯᠠᠭᠤᠯᠭ᠎ᠠ ᠶᠢᠨ ᠵᠠᠮ ᠢᠶᠠᠨ ᠥᠷᠭᠡᠳᠬᠡᠪᠡᠯ ᠰᠠᠶ᠋ᠢ ᠥᠪᠡᠷ ᠤᠨ ᠶᠠᠭᠤᠮ᠎ᠠ ᠪᠠᠨ ᠦᠨ᠎ᠡ ᠳᠤ | ᠬᠦᠷᠭᠡᠵᠦ ᠳᠡᠶᠢᠯᠦᠨ᠎ᠡ ᠃ ᠮᠠᠨ ᠤ ᠡᠭᠡᠴᠢ ᠳᠡᠭᠦᠦ ᠭᠤᠷᠪᠠᠭᠤᠯᠠ ᠤᠯᠠᠷᠢᠯ ᠤᠨ ᠦᠩᠭᠡ ᠳᠤ ᠵᠤᠬᠢᠴᠠᠭᠤᠯᠤᠨ᠂ | ᠵᠤᠨ ᠤ ᠡᠬᠢᠨ ᠠᠴᠠ ᠡᠬᠢᠯᠡᠨ ᠭᠡᠭᠦᠦ ᠪᠠᠨ ᠰᠠᠭᠠᠵᠤ ᠴᠡᠭᠡ ᠢᠰᠬᠡᠵᠦ ᠪᠤᠷᠤᠯᠠᠭᠤᠯᠤᠨ᠂ ᠨᠠᠮᠤᠷ ᠭᠡᠭᠦᠦ ᠰᠠᠭᠠᠬᠤ | ᠠᠵᠢᠯ ᠰᠢᠪᠲᠤᠷᠭᠠᠨ ᠳᠤ ᠪᠠᠨ ᠣᠷᠣᠪᠠᠯ᠂ ᠬᠤᠨᠢ ᠦᠬᠡᠷ ᠤᠨ ᠮᠢᠬ᠎ᠠ ᠪᠠᠨ ᠭᠠᠳᠠᠭᠰᠢ ᠪᠣᠷᠣᠯᠠᠭᠤᠯᠵᠤ᠂ ᠵᠢᠯ ᠤᠨ | ᠳᠥᠷᠪᠡᠨ ᠤᠯᠠᠷᠢᠯ ᠢᠶᠠᠷ ᠣᠷᠣᠯᠭ᠎ᠠ ᠲᠠᠢ ᠪᠠᠶᠢᠬᠤ ᠶᠢ ᠪᠠᠲᠤᠯᠠᠬᠤ ᠶᠢᠨ ᠬᠠᠮᠲᠤ ᠪᠣᠷᠤᠯᠠᠭᠤᠯᠭ᠎ᠠ ᠶᠢᠨ ᠵᠠᠮ ᠢ | ᠥᠷᠭᠡᠳᠬᠡᠨ᠂ ᠮᠠᠯ ᠤᠨ ᠠᠰᠢᠭ ᠰᠢᠮ᠎ᠡ ᠶᠢᠨ ᠪᠦᠲᠦᠭᠡᠭᠳᠡᠭᠦᠨ ᠢᠶᠠᠨ ᠦᠨ᠎ᠡ ᠳᠤ ᠬᠦᠷᠭᠡᠵᠦ ᠪᠠᠶᠢᠨ᠎ᠠ︾ ᠭᠡᠵᠦ | ᠥᠰᠬᠦᠪᠤᠶᠠᠨ ᠤᠴᠢᠷᠯᠠᠨ᠎ᠠ᠃ |