3 ᠰᠠᠷ᠎ᠠ ᠶᠢᠨ ᠡᠬᠢ ᠪᠠᠷ ᠰᠢᠶᠠᠮᠧᠨ ᠬᠤᠳᠠ ᠳᠤ ᠪᠤᠯᠤᠭᠰᠠᠨ ︽ᠤᠮᠠᠷᠠᠳᠦ ᠬᠢᠯᠢ ᠶᠢᠨ ᠳᠤᠷᠠᠰᠤᠮᠵᠢ ᠲᠠᠯ᠎ᠠ | ᠨᠤᠲᠤᠭ ᠤᠨ ᠳᠡᠮᠤᠷ ᠬᠡᠤᠬᠡᠨ︾ ᠪᠠᠷᠢᠮᠳᠠᠳᠦ ᠺᠢᠨᠤ᠋ ᠶᠢᠨ ᠨᠡᠭᠡᠭᠡᠯᠳᠡ ᠶᠢᠨ ᠶᠤᠰᠤᠯᠠᠯ ᠳᠤ ᠤᠷᠤᠯᠴᠠᠭᠰᠠᠨ ︽ᠳᠡᠮᠦᠷ | ᠬᠡᠤᠬᠡᠨᠴᠤᠳ︾ ᠤᠨ ᠪᠠᠶᠠᠷ ᠪᠠᠭ᠋ᠠᠳᠤᠯ ᠢ ᠬᠤᠪᠢᠶᠠᠯᠴᠠᠵᠦ᠂ ᠺᠢᠨᠤ᠋ ᠶᠢᠨ ᠰᠢᠩᠭᠡᠭᠡᠯᠳᠡ ᠶᠢᠨ ᠠᠵᠢᠯᠯᠠᠭ᠎ᠠ ᠳᠤ | ᠢᠳᠡᠪᠬᠢᠯᠡᠨ ᠤᠷᠤᠯᠴᠠᠭᠰᠠᠨ ᠬᠦᠮᠦᠰ ᠢᠶᠠᠨ ᠤᠷᠮᠠᠰᠢᠭᠤᠯᠬᠤ ᠪᠠᠷ 4 ᠰᠠᠷ᠎ᠠ ᠶᠢᠨ 2 ᠤᠨ ᠡᠳᠦᠷ ᠠᠪᠠᠭ᠎ᠠ | ᠬᠤᠰᠢᠭᠤᠨ ᠤ ︽ᠳᠡᠮᠤᠷ ᠬᠡᠤᠬᠡᠨᠴᠤᠳ︾ ︽ᠤᠮᠠᠷᠠᠳᠦ ᠬᠢᠯᠢ ᠶᠢᠨ ᠳᠤᠷᠠᠰᠤᠮᠵᠢ ᠲᠠᠯ᠎ᠠ ᠨᠤᠲᠤᠭ ᠤᠨ ᠳᠡᠮᠤᠷ | ᠬᠡᠤᠬᠡᠨ︾ ᠪᠠᠷᠢᠮᠳᠠᠳᠦ ᠺᠢᠨᠤ᠋ ᠶᠢᠨ ᠨᠡᠭᠡᠭᠡᠯᠳᠡ ᠶᠢᠨ ᠶᠤᠰᠤᠯᠠᠯ ᠢ ᠳᠤᠷᠠᠰᠬᠠᠨ ᠪᠡᠯᠬᠡᠯᠡᠬᠦ ᠠᠵᠢᠯᠯᠠᠭ᠎ᠠ ᠦᠷᠨᠢᠬᠦᠯᠪᠠ᠃ | ᠦᠷᠭᠡᠨ ᠲᠠᠯ᠎ᠠ ᠳᠠᠭᠠᠨ ᠳᠡᠯᠭᠡᠷᠡᠬᠦ ᠠᠴᠠ᠂ ᠦᠩᠭᠡ ᠶᠢᠨ ᠴᠡᠴᠡᠭ ᠮᠢᠨᠢ ᠰᠠᠶᠢᠬᠠᠨᠠ᠂ ᠦᠭᠡᠳᠡᠷᠡᠭ ᠰᠤᠯᠤᠩᠭ᠎ᠠ | ᠰᠤᠭᠤᠨᠠᠭᠯᠠᠬᠤ ᠠᠴᠠ᠂ ᠦᠢᠯᠡᠳᠪᠦᠷᠢ ᠶᠢᠨ ᠴᠡᠴᠡᠭ ᠮᠢᠨᠢ ᠰᠠᠶᠢᠬᠠᠨ ᠳ᠋ᠠ ᠁ ᠬᠡᠬᠦ ᠲᠠᠭᠤᠤ ᠠᠴᠠ ᠨᠠᠰᠤᠳᠠᠳ | ᠤᠨ ᠪᠠᠶᠠᠷ ᠲᠤᠭᠳᠤᠯᠤᠯ ᠤᠨ ᠦᠩᠭᠡ ᠠᠶᠠᠰ ᠬᠦᠭᠯᠡᠭᠳᠡᠨᠡ ᠪᠢᠯᠡ᠃ ᠦᠳᠡ ᠶᠢᠨ ᠡᠮᠦᠨᠡᠬᠢ ᠶᠢᠰᠦᠨ ᠴᠠᠭ ᠳᠤ᠂ | ᠬᠤᠰᠢᠭᠤ ᠠᠬᠠᠮᠠᠳ ᠺᠠᠳ᠋ᠷᠴᠤᠳ ᠤᠨ ᠲᠤᠪᠴᠢᠶᠠᠨ ᠤ ᠬᠦᠳᠡᠯᠭᠡᠭᠡᠨ ᠤ ᠲᠦᠪ ᠲᠤ ᠳᠠᠭᠤᠤ ᠬᠤᠭᠤᠷ ᠬᠠᠩᠭᠢᠨᠠᠨ᠂ ︽ | ᠳᠡᠮᠤᠷ ᠬᠡᠤᠬᠡᠨᠴᠤᠳ︾ ᠤᠨ ᠮᠠᠨᠢ ᠬᠠᠮᠳᠤ ᠶᠢᠨ ᠳᠠᠭᠤᠤ᠂ ᠰᠢᠯᠦᠭ ᠢᠷᠠᠭᠤ ᠨᠠᠶᠢᠷᠠᠭ᠂ ᠬᠤᠪᠴᠠᠰᠦᠨ ᠤ | ᠦᠵᠡᠬᠦᠯᠦᠯᠭᠡ ᠵᠡᠷᠭᠡ ᠲᠤᠭᠯᠠᠯᠳᠠ ᠨᠢ ᠠᠵᠢᠯᠯᠠᠭ᠎ᠠ ᠳᠤ ᠬᠦᠭᠵᠢᠶᠡᠨ ᠨᠠᠷᠬᠢᠶᠠᠨ ᠨᠡᠮᠡᠷᠢᠯᠡᠵᠦ᠂ ᠬᠦᠴᠦ ᠬᠦᠳᠡᠯᠮᠦᠷᠢ | ᠤᠬᠠᠭᠠᠨ ᠰᠠᠮᠪᠠᠭ᠎ᠠ ᠪᠠᠨ ᠬᠠᠷᠠᠭᠤᠯᠵᠦ ᠶᠠᠪᠤᠭᠰᠠᠨ ᠨᠢᠭᠡᠨ ᠦᠶ᠎ᠠ ᠶᠢᠨ ᠭᠠᠪᠰᠢᠭᠠᠢ ᠬᠡᠤᠬᠡᠨᠴᠤᠳ ᠤᠨ ᠴᠤᠭ | ᠵᠤᠯᠪᠤᠭ᠎ᠠ ᠶᠢ ᠬᠠᠷᠠᠭᠤᠯᠵᠦ ᠪᠠᠶᠢᠯ᠎ᠠ᠃ | ᠲᠤᠰ ᠠᠵᠢᠯᠯᠠᠭᠠᠨ ᠳᠤ ︽ᠤᠮᠠᠷᠠᠳᠦ ᠬᠢᠯᠢ ᠶᠢᠨ ᠳᠤᠷᠠᠰᠤᠮᠵᠢ ᠲᠠᠯ᠎ᠠ ᠨᠤᠲᠤᠭ ᠤᠨ ᠳᠡᠮᠤᠷ ᠬᠡᠤᠬᠡᠨ︾ | ᠪᠠᠷᠢᠮᠳᠠᠳᠦ ᠺᠢᠨᠤ᠋ ᠶᠢᠨ ᠨᠡᠭᠡᠭᠡᠯᠳᠡ ᠶᠢᠨ ᠶᠤᠰᠤᠯᠠᠯ ᠳᠤ ᠤᠷᠤᠯᠴᠠᠭᠰᠠᠨ ᠮᠠᠨ ᠤ ᠬᠤᠰᠢᠭᠤᠨ ᠤ ︽ᠳᠡᠮᠤᠷ | ᠬᠡᠤᠬᠡᠨᠴᠤᠳ︾ ᠰᠢᠶᠠᠮᠧᠨ ᠳᠤ ᠬᠦᠷᠴᠦ᠂ ᠡᠯ᠎ᠡ ᠭᠠᠵᠠᠷ ᠤᠷᠤᠨ ᠤ ᠬᠦᠮᠦᠰ ᠲᠠᠢ ᠨᠢᠭᠡᠨ ᠳᠠᠶᠢᠰᠠᠨ᠎ᠠ ᠳᠤᠭᠯᠠᠯᠳᠠ | ᠭᠠᠷᠭᠠᠭᠰᠠᠨ ᠪᠠᠶᠠᠰᠤᠯᠳᠦ ᠮᠦᠴᠠ᠂ ᠠᠬᠤᠢ ᠲᠠᠯᠠᠪᠠᠢ ᠳᠤ ᠰᠤᠷᠪᠤᠯᠵᠢᠯᠠᠭ᠎ᠠ ᠬᠦᠯᠢᠶᠡᠭᠰᠡᠨ ᠰᠡᠳᠬᠢᠭᠳᠡᠯ᠂ ᠲᠤᠭᠤᠷᠢᠨ | ᠠᠶᠠᠯᠠᠭᠰᠠᠨ ᠵᠡᠷᠭᠡ ᠰᠢᠶᠠᠮᠧᠨ ᠬᠤᠳᠠ ᠳᠠᠬᠢ ᠳᠤᠷᠠᠰᠤᠮᠵᠢ ᠪᠠᠨ ᠦᠷᠭᠡᠨ ᠤᠯᠠᠨ ︽ᠳᠡᠮᠤᠷ ᠬᠡᠤᠬᠡᠨᠴᠤᠳ︾ ᠲᠠᠢ | ᠪᠠᠨ ᠬᠤᠪᠢᠶᠠᠯᠴᠠᠭᠰᠠᠨ ᠶᠤᠮ᠃ ᠮᠦᠨᠬᠦ ︽ᠳᠡᠮᠤᠷ ᠬᠡᠤᠬᠡᠨᠴᠤᠳ︾ ᠤᠨ ᠠᠬᠠᠯᠠᠭᠴᠢ ᠪᠠ ᠪᠠᠷᠢᠮᠳᠠᠳᠦ ᠺᠢᠨᠤ᠋ | ᠰᠢᠩᠭᠡᠭᠡᠬᠦ ᠶᠠᠪᠤᠴᠠ ᠳᠤ ᠤᠷᠤᠯᠴᠠᠭᠰᠠᠨ ᠲᠦᠯᠦᠭᠡᠯᠡᠭᠴᠢ ᠬᠦᠮᠦᠰ ᠤᠨ ᠰᠡᠳᠬᠢᠭᠳᠡᠯ ᠢ ᠨᠢ ᠰᠤᠨᠤᠰᠴᠦ᠂ ᠬᠤᠪᠢ | ᠨᠡᠮᠡᠷᠢ ᠦᠵᠡᠬᠦᠯᠦᠭᠰᠡᠨ ︽ᠳᠡᠮᠤᠷ ᠬᠡᠤᠬᠡᠨᠴᠤᠳ︾ ᠢᠶᠠᠨ ᠱᠠᠩᠨᠠᠨ ᠤᠷᠮᠠᠰᠢᠭᠤᠯᠪᠠ᠃ ᠡᠨᠡᠬᠦ ︽ᠤᠮᠠᠷᠠᠳᠦ ᠬᠢᠯᠢ | ᠶᠢᠨ ᠳᠤᠷᠠᠰᠤᠮᠵᠢ ᠲᠠᠯ᠎ᠠ ᠨᠤᠲᠤᠭ ᠤᠨ ᠳᠡᠮᠤᠷ ᠬᠡᠤᠬᠡᠨ︾ ᠪᠠᠷᠢᠮᠳᠠᠳᠦ ᠺᠢᠨᠤ᠋ ᠶᠢᠨ ᠨᠡᠭᠡᠭᠡᠯᠳᠡ ᠬᠢᠭᠰᠡᠨ ᠨᠢ ᠦᠷᠭᠡᠨ | ᠤᠯᠠᠨ ︽ᠳᠡᠮᠤᠷ ᠬᠡᠤᠬᠡᠨᠴᠤᠳ︾ ᠤᠨ ᠬᠤᠪᠢ ᠳᠤ ᠲᠤᠩ ᠶᠡᠭᠡ ᠪᠠᠯᠭᠡᠳᠡᠯ ᠲᠠᠢ ᠪᠠᠶᠢᠵᠦ᠂ ᠦᠨᠦᠳᠦᠷ ᠤᠨ | ᠠᠵᠢᠯᠯᠠᠭ᠎ᠠ ᠪᠠᠶᠠᠷ ᠪᠠᠭ᠋ᠠᠳᠤᠯ ᠬᠦᠰᠡᠯ ᠳᠤᠭᠳᠤᠯᠤᠯ ᠲᠦᠭᠦᠷᠡᠩ ᠪᠠᠶᠢᠯ᠎ᠠ᠃ | — ᠪᠢ ︽ᠳᠡᠮᠤᠷ ᠬᠡᠤᠬᠡᠨ︾ ᠪᠢᠰᠢ᠂ ᠬᠡᠬᠦ ᠳᠤ ᠪᠠᠨ ᠮᠢᠨᠦ ᠡᠵᠢ ︽ᠳᠡᠮᠤᠷ ᠬᠡᠤᠬᠡᠨ︾ ᠪᠠᠶᠢᠭᠰᠠᠨ | ᠬᠡᠳᠡᠭ ᠢ ᠰᠤᠨᠤᠰᠴᠦ ᠪᠠᠶᠢᠭᠰᠠᠨ᠃ ᠡᠶᠢᠮᠦ ᠰᠠᠶᠢᠬᠠᠨ ᠠᠵᠢᠯᠯᠠᠭ᠎ᠠ ᠶᠢ ᠵᠤᠬᠢᠶᠠᠨ ᠪᠠᠶᠢᠭᠤᠯᠤᠭᠰᠠᠨ ᠮᠠᠨ ᠤ | ᠬᠤᠰᠢᠭᠤᠨ ᠤ ᠬᠤᠶᠠᠷ ᠠᠬᠠᠯᠠᠭᠴᠢ ᠳᠤ ᠪᠠᠨ ᠪᠠᠶᠠᠷᠯᠠᠯ᠎ᠠ᠃ ᠬᠡᠳᠦᠨ ᠵᠢᠯ ᠤᠨ ᠡᠮᠦᠨ᠎ᠡ ᠠᠩᠬ᠎ᠠ ︽ᠳᠡᠮᠦᠷ ᠬᠡᠤᠬᠡᠨ︾ | ᠤ ᠬᠤᠯᠪᠤᠭ᠎ᠠ ᠪᠠᠶᠢᠭᠤᠯᠤᠭᠳᠠᠵᠦ᠂ ᠳᠡᠮᠤᠷ ᠬᠡᠤᠬᠡᠨᠴᠤᠳ ᠤᠨ ᠬᠢᠵᠦ ᠢᠷᠡᠭᠰᠡᠨ ᠠᠵᠢᠯ᠂ ᠳᠡᠤᠬᠡ ᠨᠠᠮᠳᠠᠷ ᠢ | ᠪᠦᠷᠢᠳᠬᠡᠬᠦ ᠠᠵᠢᠯ ᠢ ᠡᠬᠢᠯᠡᠬᠦᠯᠵᠦ ᠪᠠᠶᠢᠭᠰᠠᠨ ᠦᠶ᠎ᠠ᠂ ᠭᠠᠴᠠᠭᠠᠨ ᠤ ᠬᠡᠤᠬᠡᠳ ᠳᠡᠬᠦᠨᠡᠷ ︽ᠳᠡᠮᠤᠷ ᠬᠡᠤᠬᠡᠨᠴᠤᠳ︾ | ᠢ ᠰᠠᠶᠢᠨ ᠤᠶᠢᠯᠠᠭᠠᠬᠤ ᠦᠭᠡᠢ ᠪᠠᠶᠢᠳᠠᠯ ᠳᠤᠤᠷ᠎ᠠ ᠪᠢ ᠦᠪᠡᠷ ᠤᠨ ᠪᠡᠶ᠎ᠡ ᠪᠠᠷ᠂ ᠮᠠᠨ ᠤ ᠭᠠᠴᠠᠭᠠᠨ ᠤ ᠪᠠᠨ ︽ | ᠳᠡᠮᠤᠷ ᠬᠡᠤᠬᠡᠨᠴᠤᠳ︾ ᠤᠨ ᠦᠢᠯᠡ ᠠᠵᠢᠯᠯᠠᠭ᠎ᠠ ᠨᠠᠮᠳᠠᠷ ᠳᠡᠤᠭᠡ ᠢ ᠶᠢ ᠨᠢ ᠠᠰᠠᠭᠤᠵᠦ ᠰᠤᠷᠪᠤᠯᠵᠢᠯᠠᠵᠦ | ᠳᠡᠮᠳᠡᠭᠯᠡᠵᠦ ᠦᠭᠴᠦ ᠪᠠᠶᠢᠭᠰᠠᠨ᠂ ᠳᠠᠬᠢᠨ ᠮᠠᠨ ᠤ ᠭᠠᠴᠠᠭᠠᠨ ᠤ ᠪᠠᠨ ᠡᠷᠦᠭᠡ ᠶᠢᠨ ᠴᠡᠷᠢᠭ᠂ ᠬᠦᠯ ᠨᠢᠴᠦᠭᠦᠨ | ᠡᠮᠴᠢ ᠪᠠᠶᠢᠭᠰᠠᠨ ︽ᠳᠡᠮᠦᠷ ᠬᠡᠤᠬᠡᠨ︾ ᠤ ᠦᠢᠯᠡ ᠠᠵᠢᠯᠯᠠᠭ᠎ᠠ ᠶᠢ ᠪᠠᠷᠢᠮᠳᠠᠳᠦ ᠺᠢᠨᠤ᠋ ᠰᠢᠩᠭᠡᠭᠡᠬᠦ ᠲᠦᠰᠦᠯ ᠳᠤ | ᠲᠡᠪᠰᠢᠬᠦᠯᠬᠦ ᠳᠤ ᠲᠤᠩ ᠬᠠᠨᠤᠮᠵᠢ ᠲᠠᠢ ᠪᠠᠶᠢᠵᠦ᠂ ᠮᠠᠨ ᠤ ᠳᠤ ᠬᠦᠷᠴᠦ ᠺᠢᠨᠤ᠋ ᠰᠢᠩᠭᠡᠭᠡᠭᠰᠡᠨ ᠶᠤᠮ᠃ | ᠨᠠᠰᠤᠳᠠᠶᠢᠴᠤᠳ ᠤᠨ ᠢᠶᠠᠨ ᠦᠩᠭᠡᠷᠡᠭᠰᠡᠨ ᠤ ᠤᠯᠠ ᠮᠦᠷ ᠢ ᠬᠤᠶᠢᠴᠢ ᠦᠶ᠎ᠠ ᠶᠢᠨ ᠬᠡᠤᠬᠡᠳ ᠳᠡᠬᠦᠨᠡᠷ ᠲᠤ ᠪᠠᠨ | ᠦᠯᠢᠭᠡᠷ ᠳᠠᠭᠤᠷᠢᠶᠠᠯ ᠪᠤᠯᠭᠠᠵᠦ ᠦᠯᠡᠳᠡᠬᠡᠪᠡᠯ ᠵᠦᠭᠡᠷ ᠬᠡᠵᠦ ᠵᠤᠷᠢᠭ ᠰᠢᠢᠳᠦᠭᠡᠳ ᠡᠨᠡ ᠠᠵᠢᠯ ᠳᠤ ᠦᠪᠡᠷ ᠤᠨ | ᠬᠡᠰᠡᠨ ᠬᠤᠪᠢ ᠨᠡᠮᠡᠷᠢ ᠪᠠᠨ ᠦᠵᠡᠬᠦᠯᠬᠦ ᠪᠠᠷ ᠴᠢᠷᠮᠠᠶᠢᠭᠰᠠᠨ ᠶᠤᠮ ᠭᠡᠵᠦ ᠪᠠᠶᠠᠨᠳᠤᠭ ᠰᠤᠮᠤᠨ ᠤ ᠠᠷᠤᠪᠤᠯᠠᠭ | ᠭᠠᠴᠠᠭᠠᠨ ᠤ ᠮᠠᠯᠴᠢᠨ ᠤᠯᠠᠭᠠᠨᠴᠡᠴᠡᠭ ᠪᠠᠭ᠋ᠠᠳᠤᠯᠳᠠᠢ ᠶᠠᠷᠢᠯ᠎ᠠ᠃ | — ︽ᠳᠡᠮᠤᠷ ᠬᠡᠤᠬᠡᠨᠴᠤᠳ︾ ᠤᠨ ᠢᠶᠠᠨ ᠳᠡᠤᠬᠡᠨ ᠤᠯᠠ ᠮᠦᠷ ᠢ ᠰᠡᠬᠦᠵᠦ ᠪᠠᠶᠢᠭ᠎ᠠ ᠡᠨᠡᠬᠦ ᠠᠵᠢᠯᠯᠠᠭ᠎ᠠ | ᠨᠢ ᠮᠠᠰᠢ ᠤᠳᠬ᠎ᠠ ᠠᠭᠤᠯᠭ᠎ᠠ ᠲᠠᠢ᠂ ᠺᠢᠨᠤ᠋ ᠪᠤᠯᠤᠨ ᠦᠯᠡᠳᠡᠬᠡᠬᠦ᠂ ᠨᠤᠮ ᠳᠤ ᠦᠯᠡᠳᠡᠭᠡᠬᠦ ᠬᠡᠳᠡᠭ ᠪᠤᠯ ᠦᠨᠡᠨ | ᠰᠡᠳᠬᠢᠯ ᠵᠢᠷᠦᠭᠡ ᠰᠢᠩᠭᠡᠵᠦ ᠪᠠᠶᠢᠭ᠎ᠠ ᠤᠴᠢᠷ᠂ ᠶᠤᠰᠤᠳᠠᠢ ᠦᠭᠡ ᠪᠠᠷ ᠢᠯᠡᠳᠭᠡᠬᠦ ᠶᠢᠨ ᠠᠷᠭ᠎ᠠ ᠦᠭᠡᠢ ᠲᠤᠭᠳᠤᠯᠵᠦ | ᠪᠠᠶᠢᠨ᠎ᠠ᠂ ᠪᠢᠳᠡ ᠪᠠᠰᠠ ᠠᠵᠠ ᠲᠠᠢ ᠶᠤᠮ᠂ ᠡᠶᠢᠮᠦ ᠰᠠᠶᠢᠬᠠᠨ ᠨᠡᠶᠢᠭᠡᠮ ᠳᠤ ᠠᠮᠢᠳᠤᠷᠠᠵᠦ᠂ ᠪᠢᠳᠠᠨ ᠢ ᠢᠩᠭᠢᠵᠦ | ᠬᠠᠯᠠᠮᠵᠢᠯᠠᠵᠦ ᠬᠦᠨᠳᠦᠳᠬᠡᠵᠦ ᠪᠠᠶᠢᠭ᠎ᠠ ᠳᠤ ᠦᠨᠡᠨ ᠰᠡᠳᠬᠢᠯ ᠠᠴᠠ ᠪᠠᠨ ᠪᠠᠶᠠᠷᠯᠠᠵᠦ ᠪᠠᠶᠢᠨ᠎ᠠ᠃ ︽ᠳᠡᠮᠤᠷ | ᠬᠡᠤᠬᠡᠨᠴᠤᠳ︾ ᠪᠤᠯ ᠦᠨᠡᠨ ᠬᠠᠳᠠᠭᠤᠵᠢᠯᠳᠠᠢ ᠠᠵᠢᠯᠯᠠᠵᠦ ᠪᠠᠶᠢᠭᠰᠠᠨ᠂ ᠡᠨᠡᠬᠦ ᠦᠨᠡᠨ ᠪᠤᠳᠠᠳᠠᠢ ᠲᠡᠤᠬᠡ ᠶᠢ | ᠳᠡᠮᠳᠡᠭᠯᠡᠵᠦ ᠦᠯᠡᠳᠡᠭᠡᠭᠰᠡᠨ ᠨᠢ ︽ᠳᠡᠮᠤᠷ ᠬᠡᠤᠬᠡᠨᠴᠤᠳ︾ ᠤᠨ ᠬᠠᠮᠳᠤᠷᠠᠯ ᠨᠢᠭᠡᠳᠦᠯ ᠤᠨ ᠬᠦᠴᠦ᠂ ᠬᠠᠳᠠᠭᠤ ᠶᠢ | ᠰᠦᠷᠢᠨ ᠤᠷᠤᠭᠰᠢᠯᠠᠬᠤ ᠵᠤᠷᠢᠭ ᠰᠠᠨᠠᠭ᠎ᠠ ᠶᠢ ᠤᠯᠠᠮᠵᠢᠯᠠᠵᠦ᠂ ᠬᠡᠤᠬᠡᠳ ᠳᠡᠬᠦᠨᠡᠷ ᠲᠤ ᠪᠠᠨ ᠲᠠᠭᠤᠷᠢᠶᠠᠯ ᠪᠤᠯᠵᠦ | ᠳᠡᠳᠡᠨ ᠤ ᠬᠠᠳᠠᠭᠤ ᠪᠡᠷᠭᠡ ᠶᠢ ᠢᠯᠡᠨ ᠲᠠᠪᠠᠭ᠋ᠤ ᠳᠤ ᠨᠢ ᠲᠦᠯᠬᠢᠴᠠ ᠪᠤᠯᠬᠤ ᠪᠠᠶᠢᠬᠤ ᠡ ᠭᠡᠵᠦ ᠪᠤᠳᠤᠵᠦ ᠪᠠᠶᠢᠨ᠎ᠠ | ᠬᠡᠮᠡᠨ ︽ᠳᠡᠮᠦᠷ ᠬᠡᠤᠬᠡᠨ︾ ᠡᠷᠳᠡᠨᠢᠴᠢᠮᠡᠭ ᠶᠠᠷᠢᠯ᠎ᠠ᠃ | ᠦᠨᠦᠳᠦᠷ ᠤᠨ ᠠᠵᠢᠯᠯᠠᠭ᠎ᠠ ᠨᠢ ᠱᠠᠭ᠎ᠠ ᠲᠤᠭᠯᠠᠭᠠᠮ ᠢᠶᠠᠷ ᠰᠠᠶᠢᠬᠠᠨ ᠦᠷᠬᠦᠯᠵᠢᠯᠡᠯᠡ᠃ ᠠᠵᠢᠯᠯᠠᠭᠠᠨ ᠤ | ᠶᠠᠪᠤᠴᠠ ᠳᠤ ᠪᠠᠰᠠ᠂ ︽ᠳᠡᠮᠦᠷ ᠬᠡᠤᠬᠡᠨᠴᠤᠳ︾ ᠠᠴᠠ ᠨᠤᠲᠤᠭ ᠤᠨ ᠢᠶᠠᠨ ᠬᠦᠨᠳᠦ ᠡᠪᠡᠳᠴᠢᠨ ᠢᠶᠠᠷ | ᠤᠨᠤᠰᠢᠯᠠᠭᠳᠠᠭᠰᠠᠨ ᠨᠢᠭᠡᠨ ᠪᠢᠴᠢᠬᠠᠨ ᠦᠬᠢᠨ ᠳᠤ ᠬᠠᠨᠳᠢᠪ ᠤᠨ ᠠᠵᠢᠯᠯᠠᠭ᠎ᠠ ᠶᠠᠪᠤᠭᠤᠯᠵᠦ᠂ ᠠᠷᠢᠭᠤᠨ ᠬᠠᠶᠢᠷ᠎ᠠ ᠪᠠᠷ | ᠢᠶᠠᠨ ᠡᠷᠳᠡ ᠡᠳᠦᠷ ᠡᠷᠡᠬᠦᠯᠵᠢᠬᠦ ᠶᠢ ᠨᠢ ᠰᠡᠳᠬᠢᠯ ᠳᠤ ᠪᠠᠨ ᠲᠠᠭᠠᠳᠬᠠᠵᠠᠭᠠᠯᠠ᠃ | ᠮᠠᠨ ᠤ ᠬᠤᠰᠢᠭᠤᠨ ᠤ ︽ᠳᠡᠮᠤᠷ ᠬᠡᠤᠬᠡᠨᠴᠤᠳ︾ ᠤᠨ ᠬᠤᠯᠪᠤᠭ᠎ᠠ ᠨᠢ 2021 ᠤᠨ ᠤ 12 ᠰᠠᠷ᠎ᠠ ᠳᠤ | ᠪᠠᠶᠢᠭᠤᠯᠤᠭᠳᠠᠵᠦ᠂ ᠤᠶᠤᠠᠭᠡᠷᠡᠯ᠂ ᠴᠢᠮᠡᠭ ᠬᠤᠶᠠᠷ ᠢᠶᠠᠷ ᠠᠬᠠᠯᠠᠭᠴᠢ ᠪᠤᠯᠭᠠᠵᠦ᠂ ᠵᠤᠬᠢᠶᠠᠨ ᠪᠠᠶᠢᠭᠤᠯᠤᠯᠳᠠ ᠲᠠᠢ᠂ | ᠡᠮᠬᠢ ᠲᠢᠭᠯᠢᠮ ᠲᠠᠢ ᠬᠠᠮᠳᠤ ᠨᠡᠶᠢᠳᠡ ᠪᠠᠶᠢᠭ᠎ᠠ᠃ ᠬᠤᠯᠪᠤᠭ᠎ᠠ ᠨᠢ ᠭᠠᠴᠠᠭ᠎ᠠ ᠪᠠᠷ ᠨᠢᠭᠡᠴᠠ ᠪᠤᠯᠭᠠᠭᠰᠠᠨ 43 | ᠲᠤᠭᠤᠶᠢᠯᠠᠩ ᠤᠨ 700 ᠰᠢᠬᠠᠮ ᠳᠡᠮᠦᠷ ᠬᠡᠤᠬᠡᠨᠴᠤᠳ ᠢ ᠬᠠᠮᠤᠷᠴᠦ ᠪᠠᠶᠢᠳᠠᠭ᠃ ᠡᠨᠡ ᠬᠡᠳᠦᠨ ᠵᠢᠯ ᠤᠨ ᠳᠤᠷᠰᠢ | ︽ᠳᠡᠮᠤᠷ ᠬᠡᠤᠬᠡᠨᠴᠤᠳ︾ ᠨᠢ ᠨᠡᠶᠢᠭᠡᠮ ᠨᠡᠶᠢᠳᠡ ᠶᠢᠨ ᠪᠡᠶ᠎ᠡ ᠴᠢᠬᠢᠷᠠᠭᠵᠢᠯ ᠤᠨ ᠬᠦᠳᠡᠯᠭᠡᠭᠡᠨ᠂ ᠰᠤᠶᠤᠯ ᠤᠷᠠᠯᠢᠭ | ᠵᠡᠷᠭᠡ ᠡᠯ᠎ᠡ ᠵᠦᠢᠯ ᠤᠨ ᠤᠯᠠᠨ ᠲᠦᠮᠡᠨᠴᠢ ᠬᠦᠳᠡᠯᠭᠡᠭᠡᠨ ᠳᠤ ᠢᠳᠡᠪᠬᠢᠳᠡᠢ ᠤᠷᠤᠯᠴᠠᠵᠦ ᠢᠷᠡᠭᠰᠡᠨ ᠮᠦᠷᠳᠡᠭᠡᠨ | ᠡᠪᠡᠳᠴᠢᠨ ᠬᠢᠵᠢᠭ᠂ ᠭᠠᠮᠰᠢᠭᠳᠠᠭᠰᠠᠨ ᠭᠠᠵᠠᠷ ᠤᠷᠤᠨ᠂ ᠬᠤᠶᠢᠴᠢ ᠦᠶ᠎ᠠ ᠶᠢᠨ ᠬᠢᠨ ᠢᠶᠠᠨ ᠬᠠᠯᠠᠮᠵᠢᠯᠠᠬᠤ᠂ ᠬᠦᠨᠳᠦ | ᠡᠪᠡᠳᠴᠢᠳᠠᠨ ᠢ ᠳᠤᠰᠠᠯᠠᠬᠤ ᠵᠡᠷᠭᠡ ᠠᠵᠢᠯᠯᠠᠭ᠎ᠠ ᠪᠠᠷ ᠢᠶᠠᠨ ᠳᠠᠮᠵᠢᠭᠤᠯᠵᠦ᠂ ᠨᠡᠶᠢᠭᠡᠮ ᠨᠡᠶᠢᠳᠡ ᠳᠤ ᠳᠤᠰᠠ ᠨᠡᠮᠡᠷᠢ | ᠪᠠᠨ ᠡᠷᠬᠦᠵᠦ᠂ ᠰᠠᠶᠢᠨ ᠰᠠᠶᠢᠬᠠᠨ ᠬᠡᠪ ᠳᠠᠭᠤᠷᠢᠶᠠᠯ ᠦᠵᠡᠬᠦᠯᠵᠦ ᠶᠠᠪᠤᠭ᠎ᠠ ᠶᠤᠮ᠃ ᠡᠬᠦᠨ ᠳᠤ ᠳᠤᠷᠠᠳᠤᠭᠤᠰᠢᠳᠠᠢ | ᠨᠢ 2023 ᠤᠨ ᠳᠤ ᠦᠪᠦᠷ ᠮᠤᠩᠭᠤᠯ ᠤᠨ ︽ᠳᠡᠮᠤᠷ ᠬᠡᠤᠬᠡᠨᠴᠤᠳ︾ ᠤᠨ ᠳᠠᠪᠢᠨ ᠵᠢᠯ ᠤᠨ ᠤᠢ ᠶᠢ | ᠳᠤᠷᠠᠰᠬᠠᠨ ᠳᠡᠮᠳᠡᠭᠯᠡᠬᠦ ᠦᠶ᠎ᠠ ᠮᠠᠨ ᠤ ᠬᠤᠰᠢᠭᠤᠨ ᠤ ︽ᠳᠡᠮᠤᠷ ᠬᠡᠤᠬᠡᠨᠴᠤᠳ︾ ᠮᠠᠨᠢ ᠬᠦᠬᠡᠬᠤᠳᠠ ᠶᠢᠨ ᠬᠤᠳᠤᠩ | ᠦᠨᠳᠦᠰᠦᠳᠡᠨ ᠤ ᠲᠤᠭᠤᠷᠢᠭ ᠤᠨ ᠪᠠᠭ᠎ᠠ ᠰᠤᠷᠭᠠᠭᠤᠯᠢ ᠶᠢᠨ ᠬᠦᠴᠢᠷ ᠲᠠᠢ ᠬᠡᠤᠬᠡᠳ ᠤᠳ ᠲᠤ ᠭᠤᠷᠪᠠᠨ ᠲᠦᠮᠡᠨ | ᠲᠦᠭᠦᠷᠢᠭ ᠤᠨ ᠬᠠᠨᠳᠢᠪ ᠢᠶᠠᠨ ᠡᠷᠬᠦᠭᠰᠡᠨ ᠪᠠᠶᠢᠳᠠᠭ᠃ ᠦᠩᠭᠡᠷᠡᠭᠰᠡᠨ ᠵᠠᠭᠤᠨ ᠳᠤ ︽ᠳᠡᠮᠦᠷ ᠬᠡᠤᠬᠡᠨᠴᠤᠳ︾ | ᠮᠠᠨᠢ ᠨᠠᠮ ᠤᠨ ᠤᠳᠤᠷᠢᠳᠤᠯᠭ᠎ᠠ ᠶᠢ ᠳᠠᠭᠠᠵᠦ ᠂ ᠤᠯᠤᠰ ᠭᠡᠷ ᠨᠤᠲᠤᠭ ᠤᠷᠤᠨ ᠤ ᠪᠦᠲᠦᠭᠡᠨ ᠪᠠᠶᠢᠭᠤᠯᠤᠯᠳᠠ ᠳᠤ | ᠢᠳᠡᠪᠬᠢᠯᠡᠨ ᠤᠷᠤᠯᠴᠠᠵᠦ᠂ ᠬᠠᠳᠠᠭᠤ ᠪᠡᠷᠭᠡᠰᠢᠶᠡᠯᠳᠦ ᠪᠠᠶᠢᠳᠠᠯ ᠳᠤᠤᠷ᠎ᠠ ᠴᠦ ᠬᠠᠳᠠᠨ ᠳᠡᠪᠴᠢᠶᠡᠷᠢ ᠲᠠᠢ᠂ ᠬᠠᠮᠳᠤ | ᠨᠡᠶᠢᠳᠡᠴᠢ᠂ ᠪᠦᠯᠬᠦᠮᠳᠡᠯ ᠳᠡᠮᠡᠴᠡᠯ ᠤᠨ ᠰᠢᠨᠳᠠᠷᠠᠰᠢ ᠦᠭᠡᠢ ᠵᠤᠷᠢᠭ ᠰᠠᠨᠠᠭ᠎ᠠ ᠪᠠᠷ ᠠᠵᠢᠯᠯᠠᠵᠦ ᠪᠠᠶᠢᠭᠰᠠᠨ | ᠭᠠᠪᠰᠢᠭᠠᠶᠢᠯᠠᠭᠴᠢᠳ ᠪᠠᠶᠢᠭᠰᠠᠨ ᠪᠤᠯ᠂ ᠦᠨᠦ ᠴᠠᠭ ᠲᠤ ᠴᠦ ᠦᠪᠡᠷ ᠦᠪᠡᠷ ᠤᠨ ᠬᠦᠴᠨ ᠴᠢᠳᠠᠯ ᠢᠶᠠᠨ ᠨᠡᠶᠢᠭᠡᠮ | ᠨᠡᠶᠢᠳᠡ ᠳᠤ ᠪᠠᠨ ᠡᠷᠬᠦᠵᠦ᠂ ᠠᠮᠢᠳᠤᠷᠠᠯ ᠨᠡᠶᠢᠭᠡᠮ ᠤᠨ ᠰᠠᠶᠢᠨ ᠰᠠᠶᠢᠬᠠᠨ ᠢ ᠮᠠᠭᠳᠠᠨ ᠲᠠᠭᠤᠯᠠᠵᠦ᠂ ᠦᠳᠡᠯᠦᠭᠡ | ᠨᠠᠰᠦ ᠪᠠᠨ ᠤᠳᠬ᠎ᠠ ᠠᠭᠤᠯᠭ᠎ᠠ ᠲᠠᠢ ᠦᠩᠭᠡᠷᠡᠭᠡᠵᠦ ᠪᠠᠶᠢᠭ᠎ᠠ ᠨᠢ ᠪᠠᠭ᠋ᠠᠷᠬᠠᠯᠳᠠᠢ᠃ | — ᠵᠢᠷᠠ ᠳᠠᠯᠠᠭᠠᠳ ᠤᠨ ᠤ ᠦᠶ᠎ᠠ ᠳᠤ ᠭᠠᠴᠠᠭᠠᠨ ᠤ ᠪᠦᠲᠦᠭᠡᠨ ᠪᠠᠶᠢᠭᠤᠯᠤᠯᠳᠠ ᠶᠢᠨ ᠠᠵᠢᠯ ᠳᠤ | ᠤᠷᠤᠯᠴᠠᠵᠦ ᠪᠠᠶᠢᠭᠰᠠᠨ᠂ ᠳᠡᠷᠡ ᠦᠶ᠎ᠠ ᠶᠢᠨ ︽ᠳᠡᠮᠤᠷ ᠬᠡᠤᠬᠡᠨᠴᠤᠳ︾ ᠤᠨ ᠵᠤᠷᠢᠭ ᠰᠠᠨᠠᠭ᠎ᠠ ᠪᠤᠯ ᠮᠠᠰᠢ ᠰᠠᠶᠢᠨ | ᠪᠠᠶᠢᠳᠠᠭ᠂ ᠬᠦᠴᠢᠷ ᠬᠠᠳᠠᠭᠤ ᠭᠡᠵᠦ ᠬᠤᠶᠢᠰᠢ ᠰᠠᠭᠤᠬᠤ ᠦᠭᠡᠢ᠂ ᠵᠤᠷᠢᠭᠳᠠᠢ ᠵᠢᠪᠬᠤᠭ᠎ᠠ ᠲᠠᠢ ᠪᠠᠶᠢᠳᠠᠭ᠃ ᠡᠨᠡᠬᠦ | ᠺᠢᠨᠤ᠋ ᠨᠢ ︽ᠳᠡᠮᠤᠷ ᠬᠡᠤᠬᠡᠨᠴᠤᠳ︾ ᠤᠨ ᠲᠦᠷᠢ ᠶᠢ ᠠᠮᠢᠯᠠᠭᠤᠯᠤᠨ᠂ ᠮᠠᠨᠤᠰ ᠤᠨ ᠳᠤᠭᠤᠯᠵᠦ ᠢᠷᠡᠭᠰᠡᠨ ᠤᠯᠠ | ᠮᠦᠷ ᠢ ᠰᠢᠩᠭᠡᠭᠡᠳ ᠠᠮᠵᠢᠯᠳᠠ ᠲᠠᠢ ᠪᠤᠯᠤᠭᠰᠠᠨ᠂ ᠬᠤᠵᠢᠮ ᠬᠤᠶᠢᠰᠢᠳᠡ ᠬᠡᠤᠬᠡᠳ ᠳᠡᠬᠦᠨᠡᠷ ᠳᠤ ᠳᠤᠷᠠᠰᠬᠠᠯ | ᠪᠤᠯᠤᠨ ᠦᠯᠡᠳᠡᠨ᠎ᠡ᠂ ᠰᠡᠳᠬᠢᠯ ᠤᠨ ᠤᠭ ᠠᠴᠠ ᠪᠠᠨ ᠶᠡᠭᠡ ᠪᠠᠶᠠᠷ ᠲᠠᠢ ᠪᠠᠶᠢᠨ᠎ᠠ ᠬᠡᠮᠡᠨ ︽ᠳᠡᠮᠦᠷ ᠬᠡᠤᠬᠡᠨ︾ | ᠨᠠᠷᠠᠠᠭᠡᠷᠡᠯ ᠪᠠᠶᠠᠷᠳᠠᠢ ᠶᠠᠷᠢᠨ᠎ᠠ᠃ | — ᠳᠡᠷᠡ ᠦᠶ᠎ᠠ ᠶᠢᠨ ᠨᠦᠬᠦᠴᠡᠯ ᠮᠠᠭᠤ ᠪᠠᠶᠢᠭᠰᠠᠨ ᠴᠦ᠂ ᠴᠢᠯᠠᠭᠤᠨ ᠬᠡᠷᠡᠮ ᠪᠠᠷᠢᠨ᠎ᠠ᠂ ᠬᠤᠳᠳᠤᠭ | ᠮᠠᠯᠳᠠᠨ᠎ᠠ ᠬᠡᠳ ᠤᠯᠠᠨ ᠬᠠᠳᠠᠭᠤᠵᠢᠯᠳᠠᠢ ᠠᠵᠢᠯ ᠬᠦᠳᠡᠯᠮᠦᠷᠢ ᠳᠤ ᠭᠠᠪᠰᠢᠭᠠᠶᠢᠯᠠᠵᠦ ᠤᠷᠤᠯᠴᠠᠵᠦ ᠪᠠᠶᠢᠭᠰᠠᠨ᠂ | ᠦᠨᠦᠳᠦᠷ ︽ᠳᠡᠮᠤᠷ ᠬᠡᠤᠬᠡᠨᠴᠤᠳ︾ ᠢ ᠨᠡᠶᠢᠭᠡᠮ ᠨᠡᠶᠢᠳᠡ ᠪᠠᠷ ᠬᠦᠨᠳᠦᠳᠭᠡᠨ ᠦᠵᠡᠵᠦ ᠂ ᠳᠡᠤᠭᠡᠨ | ᠳᠤᠷᠠᠰᠬᠠᠯᠳᠤ ᠺᠢᠨᠤ᠋ ᠰᠢᠩᠭᠡᠭᠡᠵᠦ᠂ ᠪᠢᠳᠡᠨ ᠤ ᠦᠢᠯᠡ ᠠᠵᠢᠯᠯᠠᠭ᠎ᠠ ᠶᠢ ᠨᠡᠶᠢᠭᠡᠮ ᠨᠡᠶᠢᠳᠡ ᠳᠤ ᠲᠠᠨᠢᠭᠤᠯᠵᠦ ᠪᠠᠶᠢᠭ᠎ᠠ | ᠳᠤ ᠰᠡᠳᠬᠢᠯ ᠦᠨᠳᠦᠷ ᠪᠠᠶᠢᠨ᠎ᠠ ᠬᠡᠮᠡᠨ ︽ᠳᠡᠮᠦᠷ ᠬᠡᠤᠬᠡᠨ︾ ᠴᠧᠪᠡᠯᠮᠠ ᠶᠠᠷᠢᠯ᠎ᠠ᠃ | |