| ᠮᠣᠩᠭᠤᠯ ᠤᠨ ᠲᠡᠦᠬᠡᠨ ᠳᠤ ᠨᠡᠷ᠎ᠡ ᠨᠢ ᠬᠠᠪᠤᠲᠤ ᠬᠠᠰᠠᠷ ᠤᠨ ᠬᠠᠮᠲᠤ ᠠᠯᠳᠠᠷᠰᠢᠵᠤ ᠪᠠᠶᠢᠭᠰᠠᠨ ᠬᠥᠮᠥᠨ | ᠪᠣᠯ ᠲᠡᠮᠦᠵᠢᠨ ᠲᠠᠢ ᠡᠴᠢᠭᠡ ᠨᠢᠭᠡ᠂ ᠡᠬᠡ ᠥᠭᠡᠷ᠎ᠡ ᠳᠡᠭᠦᠦ ᠪᠡᠯᠭᠦᠳᠡᠢ ᠶᠤᠮ᠃ ᠶᠢᠰᠦᠭᠡᠢ ᠪᠠᠭᠠᠲᠤᠷ ᠤᠨ ᠬᠤᠶᠠᠷ | ᠲᠠᠬᠢ ᠬᠠᠲᠤᠨ ᠰᠤᠴᠢᠭᠡᠯ 1163 — 1164 ᠣᠨ ᠤ ᠬᠠᠪᠢ ᠳᠤ ᠲᠥᠷᠥᠭᠰᠡᠨ ᠪᠠᠶᠢᠵᠤ ᠪᠣᠯᠬᠤ ᠶᠤᠮ᠃ | ᠪᠡᠯᠭᠦᠳᠡᠢ ᠪᠣᠯ ᠠᠬ᠎ᠠ ᠳᠡᠭᠦᠦ ᠨᠠᠷ ᠤᠨ ᠢᠶᠠᠨ ᠨᠢᠭᠡᠨ ᠠᠳᠠᠯᠢ ᠬᠠᠲᠠᠭᠤ ᠪᠡᠷᠬᠡ ᠠᠮᠢᠳᠤᠷᠠᠯ ᠢ ᠲᠤᠭᠤᠯᠤᠭᠰᠠᠨ ᠪᠥᠭᠡᠳ | ᠤᠬᠠᠭᠠᠯᠢᠭ᠂ ᠶᠡᠭᠡ ᠲᠡᠪᠴᠢᠶᠡᠷᠢ ᠲᠠᠢ᠂ ᠪᠠᠰᠠ ᠶᠡᠭᠡ ᠲᠡᠩᠬᠡᠭᠡ ᠲᠠᠢ ᠪᠠᠳᠠᠷᠠᠭᠤᠨ ᠡᠷ᠎ᠡ ᠪᠣᠯᠣᠭᠰᠠᠨ ᠪᠠᠶᠢᠨ᠎ᠠ᠃ | ᠠᠬ᠎ᠠ ᠴᠢᠩᠭᠢᠰ ᠬᠠᠭᠠᠨ ᠢ ᠬᠠᠰᠠᠷ ᠤᠨ ᠬᠠᠮᠲᠤ ᠳᠠᠭᠠᠵᠤ ᠤᠯᠤᠰ ᠲᠥᠷᠥ᠂ ᠴᠡᠷᠢᠭ ᠤᠨ ᠬᠠᠲᠠᠭᠤᠵᠢᠯᠲᠠᠢ ᠪᠣᠯᠵᠠᠢ᠃ | ᠮᠣᠩᠭᠤᠯ ᠤᠨ ᠤᠯᠠᠨ ᠠᠶᠢᠮᠠᠭ ᠢ ᠨᠢᠭᠡᠳᠬᠡᠬᠦ ᠳᠤ ᠬᠦᠴᠦᠨ ᠵᠢᠳᠬᠦᠵᠦ᠂ ᠶᠡᠭᠡ ᠴᠡᠷᠢᠭ ᠤᠨ ᠠᠯᠢ ᠨᠢᠭᠡ ᠵᠢᠭᠦᠷ ᠢ | ᠵᠠᠬᠢᠷᠤᠨ ᠢᠯᠠᠯᠲᠠ ᠪᠠᠶᠢᠭᠤᠯᠵᠤ ᠶᠠᠪᠤᠭᠰᠠᠨ ᠠᠯᠳᠠᠷᠲᠠᠢ ᠡᠪᠦᠭᠡᠳ ᠳᠡᠭᠡᠳᠦᠰ ᠤᠨ ᠮᠠᠨᠢ ᠨᠢᠭᠡ ᠶᠤᠮ᠃ ᠠᠬ᠎ᠠ | ᠴᠢᠩᠭᠢᠰ ᠬᠠᠭᠠᠨ ᠨᠢ ︽ᠪᠢ ᠬᠠᠰᠠᠷ ᠤᠨ ᠬᠠᠪᠤ ᠪᠠᠷ᠂ ᠪᠡᠯᠭᠦᠳᠡᠢ ᠶᠢᠨ ᠪᠥᠬᠡ ᠪᠠᠷ ᠰᠠᠶ᠋ᠢ ᠬᠠᠭᠠᠨ ᠰᠠᠭᠤᠵᠤ | ᠴᠢᠳᠠᠭᠰᠠᠨ ᠶᠤᠮ︾ ᠭᠡᠵᠤ ᠦᠷᠭᠦᠯᠵᠢ ᠬᠡᠯᠡᠳᠡᠭ ᠪᠠᠶᠢᠭᠰᠠᠨ ᠨᠢ ᠬᠤᠵᠢᠮ ᠪᠡᠯᠭᠦᠳᠡᠢ ᠶᠢ ︽ᠪᠥᠬᠡ︾ ᠭᠡᠳᠡᠭ | ᠲᠣᠳᠣᠳᠬᠠᠭᠰᠠᠨ ᠬᠦᠨᠳᠦᠲᠡᠢ ᠠᠯᠳᠠᠷ ᠢᠶᠠᠷ ᠨᠡᠷᠡᠯᠡᠳᠡᠭ ᠪᠣᠯᠵᠠᠢ᠃ | ᠴᠢᠩᠭᠢᠰ ᠬᠠᠭᠠᠨ 1206 ᠣᠨ ᠳᠤ ᠭᠠᠪᠢᠶ᠎ᠠ ᠪᠠᠶᠢᠭᠤᠯᠤᠭᠰᠠᠨ ᠰᠠᠶᠢᠳ ᠨᠠᠷ ᠢᠶᠠᠨ ᠱᠠᠩᠨᠠᠬᠤ ᠦᠶ᠎ᠡ | ᠳᠤ ᠪᠥᠬᠡ ᠪᠡᠯᠭᠦᠳᠡᠢ ᠶᠢ ᠥᠨᠳᠥᠷ ᠦᠨᠡᠯᠡᠵᠦ᠂ 1207 ᠣᠨ ᠳᠤ ᠠᠯᠲᠠᠨ ᠤᠷᠤᠭ ᠤᠨ ᠬᠢᠨ ᠳᠤ ᠬᠤᠪᠢ ᠥᠮᠴᠢ | ᠬᠤᠪᠢᠶᠠᠵᠤ᠂ ᠪᠡᠯᠭᠦᠳᠡᠢ ᠳᠤ 1500 ᠡᠷᠦᠬᠡ ᠢᠷᠭᠡᠨ ᠥᠭᠴᠡᠢ᠃ ᠴᠢᠩᠭᠢᠰ ᠬᠠᠭᠠᠨ ᠪᠥᠬᠡ ᠪᠡᠯᠭᠦᠳᠡᠢ ᠳᠤ ᠴᠡᠷᠢᠭ | ᠥᠭᠴᠦ ᠯᠢᠶᠤᠤᠳᠦ᠋ᠩ ᠳᠤ ᠪᠠᠶᠢᠬᠤ ᠳᠠᠷᠤᠩᠭᠤᠶᠢᠯᠠᠬᠤ ᠴᠡᠷᠢᠭ ᠢ ᠵᠠᠬᠢᠷᠬᠤ ᠲᠦᠰᠢᠮᠡᠯ ᠢᠶᠠᠷ ᠲᠣᠮᠢᠯᠠᠨ ᠰᠠᠭᠤᠯᠭᠠᠵᠠᠢ | ᠃ ᠮᠥᠨ ᠥᠭᠡᠳᠡᠢ ᠬᠠᠭᠠᠨ 1236 ᠣᠨ ᠳᠤ ᠪᠥᠬᠡ ᠪᠡᠯᠭᠦᠳᠡᠢ ᠳᠤ ᠨᠡᠮᠡᠵᠦ 11600 ᠬᠢᠲᠠᠳ ᠡᠷᠦᠬᠡ ᠶᠢ | ᠥᠮᠴᠢ ᠪᠣᠯᠭᠠᠨ ᠥᠭᠭᠦᠭᠰᠡᠨ ᠪᠠᠶᠢᠨ᠎ᠠ᠃ ᠪᠡᠯᠭᠦᠳᠡᠢ ᠶᠢᠨ ᠡᠵᠡᠮᠰᠢᠯ ᠢᠰᠡᠭᠡᠢ ᠲᠤᠭᠤᠷᠭᠠᠲᠠᠨ᠂ ᠡᠷᠦᠬᠡ ᠢᠷᠭᠡᠳ ᠨᠢ | ᠣᠨᠣᠨ᠂ ᠬᠡᠷᠦᠯᠦᠨ ᠭᠤᠣᠯ ᠤᠨ ᠰᠠᠪᠠ ᠭᠠᠵᠠᠷ ᠨᠤᠲᠤᠭᠯᠠᠵᠤ ᠶᠠᠪᠤᠭᠰᠠᠨ᠃ ᠲᠡᠳᠡᠨ ᠤ ᠦᠷ᠎ᠡ ᠬᠤᠶᠢᠴᠢᠰ ᠨᠢ | ᠬᠠᠯᠬ᠎ᠠ ᠶᠢᠨ ᠲᠦᠰᠢᠶ᠎ᠡ ᠬᠠᠨ᠂ ᠰᠡᠴᠡᠨ ᠬᠠᠨ ᠠᠶᠢᠮᠠᠭ ᠤᠳ᠂ ᠥᠪᠥᠷ ᠬᠠᠯᠬ᠎ᠠ ᠶᠢᠨ ᠰᠢᠯᠢ ᠶᠢᠨ ᠭᠤᠣᠯ ᠠᠶᠢᠮᠠᠭ | ᠤᠨ ᠠᠪᠠᠭ᠎ᠠ᠂ ᠠᠪᠠᠭ᠋ᠠᠨᠠᠷ ᠭᠡᠰᠡᠨ ᠳᠥᠷᠪᠡᠨ ᠬᠤᠰᠢᠭᠤᠳ ᠲᠤ ᠪᠤᠢ ᠠᠵᠠᠢ᠃ ᠪᠡᠯᠭᠦᠳᠡᠢ ᠶᠢ ᠤᠯᠠᠨ ᠡᠬᠡᠨᠡᠷ ᠲᠠᠢ᠂ | ᠵᠠᠭᠤ ᠭᠠᠷᠤᠢ ᠬᠡᠦᠬᠡᠳ ᠲᠠᠢ ᠪᠠᠶᠢᠭᠰᠠᠨ ᠭᠡᠳᠡᠭ ᠪᠣᠯᠪᠠᠴᠤ ᠲᠡᠦᠬᠡᠨ ᠳᠤ ᠮᠡᠨᠳᠦ ᠨᠣᠶᠠᠨ ᠠᠴᠠ ᠡᠬᠢᠯᠡᠭᠡᠳ 17 | ᠳ᠋ᠤᠭᠠᠷ ᠦᠶ᠎ᠡ ᠶᠢᠨ ᠠᠴᠢ ᠪᠠᠶᠠᠰᠬᠤ ᠪᠦᠷᠭᠦᠳ ᠤᠨ ᠦᠷ᠎ᠡ ᠬᠤᠶᠢᠴᠢᠰ ᠠᠴᠠ ᠣᠳᠣ ᠶᠢᠨ ᠥᠪᠥᠷ ᠮᠣᠩᠭᠤᠯ | ᠣᠨᠰᠢᠯᠢ ᠶᠢᠨ ᠭᠤᠣᠯ ᠠᠶᠢᠮᠠᠭ ᠪᠠ ᠮᠣᠩᠭᠤᠯ ᠤᠯᠤᠰ ᠲᠤ ᠦᠯᠡᠳᠡᠵᠦ ᠥᠷᠭᠡᠨ ᠲᠠᠷᠬᠠᠵᠠᠢ᠃ ᠪᠥᠭᠡ ᠪᠡᠯᠭᠦᠳᠡᠢ | 92 ᠣᠷᠴᠢᠮ ᠨᠠᠰᠤᠯᠠᠭᠠᠳ 1255 ᠣᠨ ᠳᠤ ᠲᠠᠭᠠᠯᠠᠯ ᠲᠡᠭᠦᠰᠴᠡᠢ᠃ | |