ᠦᠨᠳᠦᠰᠦᠲᠡᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠬᠥᠳᠡᠯᠭᠡᠭᠡᠨ ᠤ ᠬᠥᠭᠵᠢᠯᠲᠡ ᠶᠢ ᠤᠯᠠᠮ ᠨᠢᠭᠡ | ᠠᠯᠬᠤᠮ ᠠᠬᠢᠭᠤᠯᠵᠤ᠂ ᠪᠥᠬᠡ ᠶᠢᠨ ᠲᠠᠮᠢᠷᠴᠢᠳ ᠤᠨ ᠪᠠᠷᠢᠯᠳᠤᠬᠤ ᠤᠷ᠎ᠠ ᠮᠡᠷᠭᠡᠵᠢᠯ ᠢ ᠳᠡᠭᠡᠭᠰᠢᠯᠡᠭᠦᠯᠬᠦ ᠶᠢᠨ | ᠲᠥᠯᠥᠭᠡ᠂ ᠣᠶᠢᠷ᠎ᠠ ᠳᠤ᠂ ᠠᠪᠠᠭ᠎ᠠ ᠬᠤᠰᠢᠭᠤ 2025 ᠣᠨ ᠤ ᠬᠠᠪᠤᠷ ᠤᠨ ᠤᠯᠠᠷᠢᠯ ᠤᠨ ᠪᠥᠬᠡ ᠶᠢᠨ ᠰᠤᠷᠢᠶ᠎ᠠ | ᠪᠣᠯᠪᠠᠰᠣᠷᠠᠯ ᠤᠨ ᠠᠵᠢᠯ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠲᠥᠪ ᠲᠤ ᠬᠥᠰᠢᠭᠡ ᠪᠠᠨ ᠰᠡᠬᠦᠪᠡ᠂ ᠲᠣᠰ | ᠤᠳᠠᠭᠠᠨ ᠤ ᠰᠤᠷᠢᠶ᠎ᠠ ᠪᠣᠯᠪᠠᠰᠣᠷᠠᠯ ᠳᠤ ᠪᠥᠬᠦ ᠬᠤᠰᠢᠭᠤᠨ ᠤ ᠮᠠᠰᠢ ᠣᠯᠠᠨ ᠪᠥᠬᠡᠴᠢᠳ ᠢᠳᠡᠪᠬᠢᠲᠡᠶ ᠣᠷᠣᠯᠴᠠᠵᠤ᠂ | ᠠᠬᠤᠶ ᠲᠠᠯᠠᠪᠠᠶ ᠶᠢᠨ ᠠᠭᠤᠷ ᠠᠮᠢᠰᠬᠤᠯ ᠢ ᠬᠥᠷ ᠬᠥᠭᠵᠢᠶᠡᠨ ᠲᠠᠢ ᠪᠣᠯᠭᠠᠪᠠ᠃ | ᠲᠣᠰ ᠤᠳᠠᠭᠠᠨ ᠤ ᠰᠤᠷᠢᠶ᠎ᠠ ᠪᠣᠯᠪᠠᠰᠣᠷᠠᠯ ᠨᠢ 3 ᠰᠠᠷ᠎ᠠ ᠶᠢᠨ 10 ᠤ ᠡᠳᠦᠷ ᠠᠴᠠ 5 ᠰᠠᠷ᠎ᠠ ᠪᠣᠯᠲᠠᠯ᠎ᠠ | ᠦᠷᠭᠦᠯᠵᠢᠯᠡᠵᠦ᠂ ᠪᠥᠬᠦ ᠬᠤᠰᠢᠭᠤᠨ ᠤ ᠡᠯ᠎ᠡ ᠰᠤᠮᠤ ᠪᠠᠯᠭᠠᠰᠤᠨ ᠤ 20 ᠭᠠᠷᠤᠶ ᠵᠠᠯᠠᠭᠤ ᠪᠥᠬᠡ ᠶᠢᠨ ᠲᠠᠮᠢᠷᠴᠢᠨ | ᠣᠷᠣᠯᠴᠠᠵᠠᠶ᠃ ᠰᠤᠷᠢᠶ᠎ᠠ ᠪᠣᠯᠪᠠᠰᠣᠷᠠᠯ ᠤᠨ ᠶᠠᠪᠤᠴᠠ ᠳᠤ᠂ ᠠᠵᠢᠯ ᠤᠨ ᠴᠢᠯᠥᠭᠡᠨ ᠤ ᠪᠡᠶ᠎ᠡ ᠶᠢᠨ ᠲᠠᠮᠢᠷ ᠤᠨ | ᠰᠤᠷᠭᠠᠭᠤᠯᠢ ᠶᠢᠨ ᠨᠡᠷ᠎ᠡ ᠲᠥᠷᠥ ᠲᠠᠢ ᠰᠤᠷᠭᠠᠭᠴᠢᠳ ᠠᠴᠠ ᠳᠤᠮᠳᠠᠳᠤ ᠤᠯᠤᠰ ᠤᠨ ᠮᠠᠶ᠋ᠢᠭ ᠤᠨ ᠪᠥᠬᠡ | ᠪᠠᠷᠢᠯᠳᠤᠬᠤ ᠪᠠᠷ ᠭᠤᠤᠯ ᠵᠢᠭᠠᠨ ᠰᠤᠷᠭᠠᠯᠲᠠ ᠶᠢᠨ ᠠᠭᠤᠯᠭ᠎ᠠ ᠪᠣᠯᠭᠠᠵᠤ᠂ ᠲᠠᠮᠢᠷᠴᠢᠳ ᠤᠨ ᠪᠡᠶ᠎ᠡ ᠮᠠᠬᠠᠪᠣᠳ ᠤᠨ | ᠳᠡᠭᠡᠭᠰᠢᠯᠡᠯᠲᠡ᠂ ᠮᠡᠷᠭᠡᠵᠢᠯ ᠤᠨ ᠬᠥᠳᠡᠯᠭᠡᠭᠡᠨ ᠤ ᠵᠢᠷᠤᠮᠵᠢᠯ᠂ ᠪᠠᠶᠢᠯᠳᠤᠬᠤ ᠠᠷᠭ᠎ᠠ ᠶᠢᠨ ᠬᠡᠷᠡᠭᠯᠡᠯᠲᠡ ᠵᠡᠷᠭᠡ | ᠲᠠᠯ᠎ᠠ ᠪᠠᠷ ᠪᠥᠬᠦ ᠲᠠᠯ᠎ᠠ ᠶᠢᠨ᠂ ᠰᠢᠰᠲ᠋ᠧᠮᠲᠦ ᠴᠢᠨᠠᠷᠲᠠᠶ ᠵᠢᠯᠣᠭᠤᠳᠣᠯᠭ᠎ᠠ ᠦᠷᠨᠢᠭᠦᠯᠦᠨ᠎ᠡ᠃ ᠲᠡᠳᠡ ᠲᠠᠮᠢᠷᠴᠢᠨ | ᠨᠢᠭᠡᠪᠦᠷᠢ ᠶᠢᠨ ᠪᠡᠶ᠎ᠡ ᠮᠠᠬᠠᠪᠣᠳ ᠤᠨ ᠬᠡᠪ ᠴᠢᠨᠠᠷ᠂ ᠮᠡᠷᠭᠡᠵᠢᠯ ᠤᠨ ᠣᠨᠴᠠᠯᠢᠭ ᠵᠡᠷᠭᠡ ᠶᠢ ᠦᠨᠳᠦᠰᠦᠯᠡᠨ ᠥᠪᠡᠷᠮᠢᠴᠡ | ᠰᠤᠷᠢᠶ᠎ᠠ ᠪᠣᠯᠪᠠᠰᠤᠷᠠᠯ ᠤᠨ ᠲᠥᠰᠦᠯ ᠢ ᠲᠣᠭᠲᠠᠭᠠᠵᠤ᠂ ᠤᠨᠤᠯ ᠤᠨ ᠮᠡᠳᠡᠯᠭᠡ ᠶᠢᠨ ᠲᠠᠶᠢᠯᠪᠤᠷᠢᠯᠠᠯᠲᠠ᠂ ᠪᠣᠳᠠᠲᠤ | ᠪᠠᠶᠢᠯᠳᠤᠭᠠᠨ ᠤ ᠳᠠᠭᠤᠷᠢᠶᠠᠮᠠᠯ ᠰᠣᠷᠢᠯᠲᠠ᠂ ᠲᠤᠬᠠᠢ ᠶᠢᠨ ᠲᠠᠯᠠᠪᠠᠢ ᠶᠢᠨ ᠡᠰᠡᠷᠭᠦᠴᠡᠯᠳᠦᠬᠦ ᠤᠷᠤᠯᠳᠤᠭᠠᠨ ᠵᠡᠷᠭᠡ | ᠤᠯᠠᠨ ᠵᠦᠢᠯ ᠤᠨ ᠬᠡᠯᠪᠡᠷᠢ ᠪᠠᠷ ᠳᠠᠮᠵᠢᠭᠤᠯᠤᠨ᠂ ᠲᠠᠮᠢᠷᠴᠢᠳ ᠤᠨ ᠲᠦᠷᠭᠡᠨ ᠦᠰᠦᠨ ᠪᠤᠶᠢᠵᠢᠬᠤ ᠳᠤ ᠬᠦᠴᠦᠨ | ᠨᠡᠮᠡᠷᠢᠯᠡᠪᠡ᠃ | ᠰᠤᠷᠢᠶ᠎ᠠ ᠪᠣᠯᠪᠠᠰᠤᠷᠠᠯ ᠤᠨ ᠠᠬᠤᠢ ᠲᠠᠯᠠᠪᠠᠢ ᠳᠤ᠂ ᠲᠠᠮᠢᠷᠴᠢᠳ ᠴᠤᠭ ᠵᠢᠪᠬᠤᠭ᠎ᠠ ᠲᠡᠭᠦᠯᠳᠡᠷ᠂ ᠣᠷᠭᠢᠯᠤᠮ᠎ᠠ | ᠬᠠᠯᠠᠭᠤᠨ ᠰᠡᠳᠬᠢᠯᠭᠡ ᠪᠠᠷ ᠤᠯᠠᠮᠵᠢᠯᠠᠯᠲᠤ ᠪᠥᠬᠡ ᠪᠠᠷᠢᠯᠳᠤᠬᠤ ᠠᠷᠭ᠎ᠠ ᠮᠡᠭᠡ ᠶᠢᠨ ᠪᠣᠯᠪᠠᠰᠣᠷᠠᠯ ᠬᠢᠵᠦ᠂ ᠪᠥᠬᠡ ᠶᠢᠨ | ᠬᠥᠳᠡᠯᠭᠡᠭᠡᠨ ᠤ ᠬᠦᠴᠦᠨ ᠪᠠ ᠭᠤᠸ᠎ᠠ ᠰᠠᠶᠢᠬᠠᠨ ᠢ ᠭᠦᠢᠴᠡᠳ ᠢᠯᠡᠷᠡᠭᠦᠯᠦᠭᠰᠡᠨ ᠪᠥᠭᠡᠳ ᠲᠠᠮᠢᠷᠴᠢᠳ ᠤᠨ | ᠰᠢᠨᠲᠠᠷᠠᠰᠢ ᠦᠭᠡᠢ᠂ ᠵᠣᠷᠢᠭᠲᠠᠢ ᠪᠠᠷ ᠲᠡᠮᠡᠴᠡᠬᠦ ᠤᠶᠤᠨ ᠰᠠᠨᠠᠭᠠᠨ ᠤ ᠳᠦᠷᠰᠦ ᠪᠠᠶᠢᠳᠠᠯ ᠢ ᠢᠯᠡᠷᠡᠭᠦᠯᠪᠡ᠃ | ᠬᠡᠳᠦ᠋ᠢᠪᠡᠷ ᠰᠤᠷᠭᠠᠭᠤᠯᠢᠯᠠᠯ ᠤᠨ ᠡᠷᠴᠢᠮ ᠨᠡᠯᠢᠶᠡᠳ ᠶᠡᠭᠡ ᠪᠣᠯᠪᠠᠴᠤ ᠲᠠᠮᠢᠷᠴᠢᠳ ᠥᠴᠦᠬᠡᠨ ᠴᠦ ᠬᠠᠯᠠᠰᠢᠷᠠᠯ | ᠦᠭᠡᠢ᠂ ᠰᠤᠷᠭᠠᠭᠴᠢ ᠶᠢᠨ ᠵᠢᠯᠣᠭᠤᠳᠤᠯᠭ᠎ᠠ ᠳᠤ ᠢᠳᠡᠪᠬᠢᠲᠡᠢ ᠬᠠᠮᠵᠢᠯᠴᠠᠵᠤ᠂ ᠪᠣᠯᠪᠠᠰᠤᠷᠠᠯ ᠤᠨ ᠡᠭᠦᠷᠭᠡ | ᠨᠢᠭᠡᠪᠦᠷᠢ ᠶᠢ ᠨᠠᠷᠢᠨ ᠬᠢᠨᠠᠮᠠᠭᠠᠢ ᠪᠡᠶᠡᠯᠡᠭᠦᠯᠵᠦ ᠪᠠᠶᠢᠯ᠎ᠠ᠃ | ᠳᠠᠰᠬᠠᠯᠵᠢᠭᠤᠯᠤᠭᠴᠢ ᠮᠦᠩᠬᠡᠪᠠᠶᠠᠷ ᠰᠤᠷᠪᠤᠯᠵᠢᠯᠠᠭ᠎ᠠ ᠬᠦᠯᠢᠶᠡᠬᠦ ᠳᠡᠭᠡᠨ᠄ ︽ᠡᠨᠡ ᠤᠳᠠᠭᠠᠨ ᠤ ᠰᠤᠷᠢᠶ᠎ᠠ | ᠪᠣᠯᠪᠠᠰᠣᠷᠠᠯ ᠤᠨ ᠵᠣᠷᠢᠯᠭ᠎ᠠ ᠪᠣᠯ ᠲᠠᠮᠢᠷᠴᠢᠳ ᠤᠨ ᠶᠡᠷᠦᠩᠬᠡᠶᠢᠯᠡᠭᠰᠡᠨ ᠴᠢᠳᠠᠪᠤᠷᠢ ᠶᠢ ᠪᠦᠬᠦ ᠲᠠᠯ᠎ᠠ ᠪᠠᠷ | ᠳᠡᠭᠡᠭᠰᠢᠯᠡᠭᠦᠯᠬᠦ ᠶᠢᠨ ᠲᠥᠯᠥᠭᠡ ᠶᠤᠮ᠃ ᠦᠳᠡ ᠶᠢᠨ ᠡᠮᠦᠨ᠎ᠡ ᠪᠣᠯ ᠬᠦᠴᠦᠨ ᠤ ᠪᠣᠯᠪᠠᠰᠤᠷᠠᠯ᠂ ᠦᠳᠡ ᠶᠢᠨ | ᠬᠤᠶᠢᠨ᠎ᠠ ᠤᠷ᠎ᠠ ᠮᠡᠷᠭᠡᠵᠢᠯ ᠪᠣᠯᠣᠨ ᠪᠡᠶ᠎ᠡ ᠮᠠᠬᠠᠪᠣᠳ ᠤᠨ ᠪᠣᠯᠪᠠᠰᠤᠷᠠᠯ ᠬᠢᠨ᠎ᠡ᠃ ᠪᠣᠯᠪᠠᠰᠤᠷᠠᠯ ᠳᠤᠮᠳᠠ᠂ ᠪᠡᠶ᠎ᠡ | ᠮᠠᠬᠠᠪᠣᠳ ᠪᠠ ᠮᠡᠷᠭᠡᠵᠢᠯ ᠤᠨ ᠪᠣᠯᠪᠠᠰᠤᠷᠠᠯ ᠢ ᠴᠢᠬᠤᠯᠠᠴᠢᠯᠠᠬᠤ ᠪᠠᠷ ᠪᠠᠷᠠᠬᠤ ᠦᠭᠡᠢ᠂ ᠪᠠᠰᠠ ᠪᠠᠶᠢᠯᠳᠤᠬᠤ ᠠᠷᠭ᠎ᠠ ᠶᠢᠨ | ᠤᠬᠠᠮᠰᠠᠷ ᠤᠨ ᠬᠥᠮᠦᠵᠢᠯ ᠢ ᠴᠢᠩᠭᠠᠳᠬᠠᠵᠤ᠂ ᠲᠡᠳᠡᠨ ᠤ ᠬᠤᠶᠢᠰᠢᠳᠠ ᠶᠢᠨ ᠤᠷᠤᠯᠳᠤᠭᠠᠨ ᠳᠤ ᠰᠢᠯᠢᠳᠡᠭ ᠬᠢᠷᠢ | ᠪᠦᠲᠦᠮᠵᠢ ᠣᠯᠬᠤ ᠶᠢ ᠬᠦᠰᠡᠵᠦ ᠪᠠᠶᠢᠨ᠎ᠠ᠃ ᠡᠭᠦᠨ ᠤ ᠬᠠᠮᠲᠤ ᠪᠠᠰᠠ ᠰᠤᠷᠢᠶ᠎ᠠ ᠪᠣᠯᠪᠠᠰᠤᠷᠠᠯ ᠢᠶᠠᠷ ᠳᠠᠮᠵᠢᠭᠤᠯᠤᠨ᠂ | ᠨᠠᠩ ᠣᠯᠠᠨ ᠬᠥᠮᠦᠰ ᠲᠤ ᠪᠥᠬᠡ ᠪᠠᠷᠢᠯᠳᠤᠬᠤ ᠡᠨᠡ ᠬᠦ ᠤᠯᠠᠮᠵᠢᠯᠠᠯᠲᠤ ᠬᠥᠳᠡᠯᠭᠡᠭᠡᠨ ᠢ ᠣᠶᠢᠯᠠᠭᠠᠭᠤᠯᠵᠤ᠂ ᠲᠡᠭᠦᠨ ᠢ | ᠤᠯᠠᠮᠵᠢᠯᠠᠨ ᠵᠠᠯᠭᠠᠮᠵᠢᠯᠠᠭᠤᠯᠬᠤ ᠶᠢ ᠬᠦᠰᠡᠵᠦ ᠪᠠᠶᠢᠨ᠎ᠠ︾ ᠭᠡᠵᠡᠶ᠃ | ᠴᠠᠭᠠᠨᠨᠠᠭᠤᠷ ᠪᠠᠯᠭᠠᠰᠤᠨ ᠤ ᠪᠥᠬᠡᠴᠢᠨ ᠬᠦᠷᠡᠯᠪᠠᠭᠠᠲᠤᠷ᠂ ᠲᠣᠰ ᠤᠳᠠᠭᠠᠨ ᠤ ᠰᠤᠷᠢᠶ᠎ᠠ ᠪᠣᠯᠪᠠᠰᠤᠷᠠᠯ ᠨᠢ | ᠪᠢᠳᠡᠨ ᠳᠤ ᠣᠯᠳᠠᠬᠤᠶ᠎ᠠ ᠪᠡᠷᠬᠡ ᠰᠤᠷᠤᠯᠴᠠᠯᠭ᠎ᠠ ᠪᠠ ᠤᠷ᠎ᠠ ᠮᠡᠷᠭᠡᠵᠢᠯ ᠤᠨ ᠲᠣᠬᠢᠶᠠᠯ ᠬᠠᠩᠭᠠᠵᠤ᠂ ᠯᠠᠪᠲᠠᠶ ᠰᠠᠶᠢᠲᠤᠷ | ᠨᠠᠨᠳᠢᠩᠨᠠᠵᠤ᠂ ᠥᠪᠡᠷ ᠤᠨ ᠪᠦᠬᠡ ᠶᠢᠨ ᠤᠷ᠎ᠠ ᠮᠡᠷᠭᠡᠵᠢᠯ ᠢᠶᠠᠨ ᠴᠢᠷᠮᠠᠶᠢᠨ ᠳᠡᠭᠡᠭᠰᠢᠯᠡᠭᠦᠯᠬᠦ ᠳᠤ ᠢᠲᠡᠭᠡᠯ ᠲᠡᠭᠦᠯᠳᠡᠷ | ᠪᠠᠶᠢᠨ᠎ᠠ ᠭᠡᠵᠦ ᠶᠠᠷᠢᠨ᠎ᠠ᠃ | ᠨᠠᠷᠠᠨᠪᠤᠯᠠᠭ ᠰᠤᠮᠤᠨ ᠤ ᠪᠦᠬᠡᠴᠢᠨ ᠰᠤᠪᠤᠷᠭ᠎ᠠ᠄ ︽ᠪᠢ 2019 ᠣᠨ ᠠᠴᠠ ᠡᠬᠢᠯᠡᠨ ᠰᠤᠷᠢᠶ᠎ᠠ | ᠪᠣᠯᠪᠠᠰᠤᠷᠠᠯ ᠤᠨ ᠠᠩᠭᠢ ᠳᠤ ᠤᠷᠤᠯᠴᠠᠪᠠ᠂ ᠳᠠᠰᠬᠠᠯᠵᠢᠭᠤᠯᠤᠭᠴᠢᠳ ᠤᠨ ᠵᠢᠯᠣᠭᠤᠳᠣᠯᠭ᠎ᠠ ᠲᠤᠶᠢᠯ ᠤᠨ ᠲᠤᠰᠬᠠᠶ | ᠮᠡᠷᠭᠡᠵᠢᠯ ᠮᠦᠷᠲᠡᠭᠡᠨ ᠨᠠᠷᠢᠨ ᠨᠢᠮᠪᠠᠶ ᠪᠠᠶᠢᠵᠤ᠂ ᠪᠢ ᠮᠠᠰᠢ ᠣᠯᠠᠨ ᠰᠢᠨ᠎ᠡ ᠤᠷ᠎ᠠ ᠮᠡᠷᠭᠡᠵᠢᠯ ᠪᠠ ᠮᠡᠳᠡᠯᠭᠡ ᠶᠢ | ᠰᠤᠷᠪᠠ᠃ ᠡᠶᠢᠮᠦ ᠣᠯᠠᠨ ᠰᠢᠯᠢᠳᠡᠭ ᠪᠦᠬᠡᠴᠢᠳ ᠲᠠᠢ ᠪᠠᠨ ᠬᠠᠮᠲᠤ ᠪᠣᠯᠪᠠᠰᠣᠷᠠᠬᠤ ᠨᠢ ᠨᠠᠳᠠ ᠳᠤ ᠭᠦᠨ ᠵᠤᠵᠠᠭᠠᠨ | ᠥᠷᠢᠰᠥᠯᠳᠦᠭᠡᠨ ᠤ ᠠᠭᠤᠷ ᠠᠮᠢᠰᠬᠤᠯ ᠢ ᠮᠡᠳᠡᠷᠡᠭᠦᠯᠵᠦ᠂ ᠮᠢᠨᠦ ᠲᠠᠰᠤᠷᠠᠯᠲᠠ ᠦᠭᠡᠢ ᠳᠠᠪᠰᠢᠬᠤ ᠶᠢ | ᠵᠣᠷᠢᠭᠵᠢᠭᠤᠯᠪᠠ᠃ ᠪᠢ ᠡᠨᠡ ᠤᠳᠠᠭᠠᠨ ᠤ ᠰᠤᠷᠢᠶ᠎ᠠ ᠪᠣᠯᠪᠠᠰᠣᠷᠠᠯ ᠢ ᠨᠠᠨᠳᠢᠩᠨᠠᠵᠤ᠂ ᠥᠪᠡᠷ ᠢ ᠪᠠᠨ ᠴᠢᠷᠮᠠᠶᠢᠨ | ᠳᠡᠭᠡᠭᠰᠢᠯᠡᠭᠦᠯᠵᠦ᠂ ᠨᠠᠶᠢᠷ ᠨᠠᠭᠠᠳᠤᠮ ᠳᠤ ᠨᠤᠲᠤᠭ ᠤᠰᠤᠨ ᠳᠤ ᠪᠠᠨ ᠢᠷᠠᠭᠤ ᠠᠯᠳᠠᠷ ᠣᠯᠭᠤᠬᠤ ᠪᠠᠷ ᠴᠢᠷᠮᠠᠶᠢᠨ᠎ᠠ︾ | ᠭᠡᠵᠦ ᠬᠡᠯᠡᠪᠡ᠃ | ᠠᠪᠠᠭ᠎ᠠ ᠬᠤᠰᠢᠭᠤᠨ ᠤ ᠰᠣᠶᠣᠯ ᠲᠠᠮᠢᠷ ᠷᠠᠳᠢᠣ᠋ ᠲᠧᠯᠸᠢᠰ ᠵᠢᠭᠤᠯᠴᠢᠯᠠᠯ ᠤᠨ ᠲᠣᠪᠴᠢᠶ᠎ᠠ ᠶᠢᠨ ᠬᠠᠮᠢᠶ᠎ᠠ ᠪᠦᠬᠦᠢ | ᠬᠠᠷᠢᠭᠤᠴᠠᠯᠭᠠᠲᠠᠨ ᠢᠯᠡᠷᠬᠡᠶᠢᠯᠡᠬᠦ ᠳᠡᠭᠡᠨ᠂ ᠲᠣᠰ ᠤᠳᠠᠭᠠᠨ ᠤ ᠬᠠᠪᠤᠷ ᠤᠨ ᠤᠯᠠᠷᠢᠯ ᠤᠨ ᠪᠥᠬᠡ ᠶᠢᠨ ᠰᠤᠷᠢᠶ᠎ᠠ | ᠪᠣᠯᠪᠠᠰᠣᠷᠠᠯ ᠢ ᠡᠷᠭᠢᠯᠡᠭᠰᠡᠨ ᠨᠢ ᠪᠦᠬᠡᠴᠢᠳ ᠤᠨ ᠪᠠᠷᠢᠯᠳᠤᠬᠤ ᠴᠢᠳᠠᠪᠤᠷᠢ ᠶᠢ ᠳᠡᠭᠡᠭᠰᠢᠯᠡᠭᠦᠯᠬᠦ ᠶᠢᠨ ᠲᠥᠯᠥᠭᠡ ᠬᠠᠮᠲᠤ | ᠨᠠᠩ ᠴᠤ ᠡᠶᠢᠮᠦᠷᠬᠦ ᠬᠡᠯᠪᠡᠷᠢ ᠪᠠᠷ ᠳᠠᠮᠵᠢᠭᠤᠯᠤᠨ᠂ ᠨᠠᠩ ᠣᠯᠠᠨ ᠬᠥᠮᠦᠨ ᠳᠤ ᠪᠥᠬᠡ ᠶᠢᠨ ᠬᠥᠳᠡᠯᠭᠡᠭᠡᠨ ᠢ | ᠣᠶᠢᠯᠠᠭᠠᠭᠤᠯᠵᠤ᠂ ᠦᠨᠳᠦᠰᠦᠲᠡᠨ ᠤ ᠤᠯᠠᠮᠵᠢᠯᠠᠯᠲᠤ ᠪᠡᠶ᠎ᠡ ᠶᠢᠨ ᠲᠠᠮᠢᠷ ᠤᠨ ᠲᠥᠷᠥᠯ ᠵᠦᠢᠯ ᠤᠨ ᠤᠯᠠᠮᠵᠢᠯᠠᠯ ᠪᠠ | ᠬᠥᠭᠵᠢᠯᠲᠡ ᠶᠢ ᠠᠬᠢᠭᠤᠯᠬᠤ ᠶᠢ ᠬᠦᠰᠡᠵᠦ ᠪᠠᠶᠢᠨ᠎ᠠ ᠭᠡᠵᠡᠶ᠃ ᠬᠤᠶᠢᠰᠢᠳᠠ᠂ ᠠᠪᠠᠭ᠎ᠠ ᠬᠤᠰᠢᠭᠤ ᠦᠨᠳᠦᠰᠦᠲᠡᠨ ᠤ | ᠤᠯᠠᠮᠵᠢᠯᠠᠯᠲᠤ ᠪᠡᠶ᠎ᠡ ᠶᠢᠨ ᠲᠠᠮᠢᠷ ᠢ ᠳᠡᠮᠵᠢᠬᠦ ᠡᠷᠴᠢᠮ ᠢᠶᠠᠨ ᠦᠷᠭᠦᠯᠵᠢᠯᠡᠨ ᠴᠢᠩᠭᠠᠷᠠᠭᠤᠯᠵᠤ᠂ ᠨᠠᠩ ᠣᠯᠠᠨ ᠪᠠᠶᠠᠯᠢᠭ | ᠰᠠᠶᠢᠬᠠᠨ ᠪᠡᠶ᠎ᠡ ᠶᠢᠨ ᠲᠠᠮᠢᠷ ᠤᠨ ᠠᠵᠢᠯᠯᠠᠭ᠎ᠠ ᠥᠷᠨᠢᠭᠦᠯᠵᠦ᠂ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ | ᠦᠢᠯᠡᠰ ᠤᠨ ᠥᠷᠨᠢᠩᠭᠦᠶ ᠬᠥᠭᠵᠢᠯᠲᠡ ᠶᠢ ᠠᠬᠢᠭᠤᠯᠬᠤ ᠨᠢ ᠯᠠᠪᠲᠠᠢ᠃ |