ᠴᠠᠭᠠᠨ ᠰᠠᠷ᠎ᠠ ᠶᠢᠨ ᠠᠮᠠᠷᠠᠯᠳᠠ ᠶᠢᠨ ᠬᠤᠭᠤᠴᠠᠭᠠᠨ ᠤ ᠲᠠᠷᠠᠭᠠᠬᠢ ᠪᠡᠶ᠎ᠡ ᠴᠢᠭᠢᠷᠠᠭᠵᠢᠭᠤᠯᠬᠤ ᠬᠠᠯᠠᠭᠤᠨ ᠥᠷᠨᠢᠯᠲᠡ
ᠨᠡᠶᠢᠲᠡᠯᠡᠭᠰᠡᠨ ᠴᠠᠭ᠄
2025/2/17
   ᠴᠠᠭᠠᠨ ᠰᠠᠷ᠎ᠠ ᠶᠢᠨ ᠠᠮᠠᠷᠠᠯᠲᠠ ᠶᠢᠨ ᠬᠤᠭᠤᠴᠠᠭ᠎ᠠ ᠲᠠᠭᠤᠰᠬᠤ ᠶᠢ ᠳᠠᠭᠠᠯᠳᠤᠨ᠂ ᠬᠥᠮᠥᠰ ᠣᠷᠭᠢᠯᠤᠮ᠎ᠠ ᠬᠠᠯᠠᠭᠤᠨ ᠰᠡᠳᠬᠢᠯᠭᠡ ᠪᠠᠷ ᠰᠢᠨ᠎ᠡ ᠨᠢᠭᠡ ᠵᠢᠯ ᠤᠨ ᠠᠵᠢᠯ ᠠᠮᠢᠳᠤᠷᠠᠯ ᠢᠶᠠᠨ ᠵᠤᠬᠢᠴᠠᠭᠤᠯᠵᠦ ᠡᠬᠢᠯᠡᠬᠦ ᠳᠤ᠂ ᠪᠡᠶ᠎ᠡ ᠴᠢᠭᠢᠷᠠᠭᠵᠢᠭᠤᠯᠬᠤ ᠨᠢ ᠴᠥᠭᠡᠨ ᠪᠤᠰᠤ ᠬᠥᠮᠥᠰ ᠤᠨ ᠰᠢᠨ᠎ᠡ ᠨᠢᠭᠡ ᠵᠢᠯ ᠤᠨ ᠠᠵᠢᠯ ᠰᠤᠷᠤᠯᠴᠠᠯᠭ᠎ᠠ ᠪᠠᠨ ᠡᠬᠢᠯᠡᠭᠦᠯᠬᠦ ᠲᠡᠷᠢᠭᠦᠨ ᠰᠣᠩᠭᠤᠯᠲᠠ ᠪᠤᠯᠵᠠᠢ᠃ ᠦᠨᠦᠬᠡᠨ᠂ ᠰᠤᠷᠪᠤᠯᠵᠢᠯᠠᠭᠴᠢ ᠠᠪᠠᠭ᠎ᠠ ᠬᠤᠰᠢᠭᠤᠨ ᠤ ᠪᠥᠬᠦ ᠠᠷᠠᠳ ᠤᠨ ᠪᠡᠶ᠎ᠡ ᠴᠢᠭᠢᠷᠠᠭᠵᠢᠭᠤᠯᠬᠤ ᠲᠥᠪ ᠢᠶᠠᠷ ᠬᠦᠷᠬᠦ ᠳᠤ᠂ ᠡᠯ᠎ᠡ ᠨᠠᠰᠤᠨ ᠤ ᠪᠠᠶ᠎ᠠ ᠴᠢᠬᠢᠷᠠᠭᠵᠢᠭᠤᠯᠬᠤ ᠪᠠᠭ᠋ᠠᠳᠠᠳ ᠨᠠᠰᠤ ᠵᠢᠯ ᠳᠤ  ᠪᠠᠨ ᠲᠤᠬᠢᠷᠠᠭᠰᠠᠨ᠂ ᠦᠪᠡᠷ ᠦᠪᠡᠷ ᠤᠨ ᠲᠤᠷ᠎ᠠ ᠪᠠᠭ᠋ᠠᠳᠠᠢ ᠲᠦᠷᠦᠯ ᠢᠶᠠᠨ ᠰᠤᠩᠭᠤᠵᠦ ᠪᠠᠶ᠎ᠠ ᠶᠢᠨ ᠪᠤᠯᠪᠠᠰᠤᠷᠠᠯ ᠬᠢᠵᠦ᠂ ᠠᠮᠢᠵᠢᠷᠠᠯ ᠤᠨ ᠬᠦᠴᠦᠨ ᠪᠢᠯᠬᠠᠮ᠎ᠠ ᠪᠠᠶᠢᠯ᠎ᠠ᠃      ᠥᠳᠥᠨ ᠪᠥᠮᠪᠦᠭᠡ ᠶᠢᠨ ᠲᠠᠯᠠᠪᠠᠢ ᠬᠦᠭᠵᠢᠶᠠᠨᠳᠠᠢ ᠯᠡ ᠪᠠᠶᠢᠵᠤ᠂ ᠬᠡᠦᠬᠡᠳ ᠤᠳ ᠲᠠᠰᠬᠠᠯᠵᠢᠭᠤᠯᠤᠭᠴᠢ ᠶᠢᠨ ᠵᠢᠯᠣᠭᠤᠳᠤᠯᠭ᠎ᠠ ᠳᠣᠣᠷ᠎ᠠ ᠡᠮᠬᠢ ᠵᠢᠷᠤᠮ ᠲᠠᠢ ᠥᠳᠥᠨ ᠪᠥᠮᠪᠦᠭᠡ ᠶᠢᠨ ᠪᠣᠯᠪᠠᠰᠤᠷᠠᠯ ᠬᠢᠵᠦ ᠪᠠᠶᠢᠯ᠎ᠠ᠃ ᠴᠠᠭᠠᠨ ᠰᠠᠷ᠎ᠠ ᠶᠢᠨ ᠠᠮᠠᠷᠠᠯᠲᠠ ᠶᠢᠨ ᠬᠤᠭᠤᠴᠠᠭᠠᠨ ᠤ ᠠᠮᠠᠷᠠᠯᠲᠠ ᠨᠢ ᠲᠡᠳᠡᠨ ᠢ ᠴᠠᠯᠠᠭᠠᠶᠢᠷᠠᠭᠤᠯᠤᠭᠰᠠᠨ ᠦᠭᠡᠢ ᠬᠠᠷᠢᠨ ᠠᠮᠠᠷᠠᠯᠳᠠ ᠶᠢᠨ ᠳᠠᠷᠠᠭᠠᠬᠢ ᠪᠣᠯᠪᠠᠰᠤᠷᠠᠯ ᠳᠤ ᠨᠡᠩ ᠢᠳᠡᠪᠬᠢᠲᠡᠢ ᠤᠷᠤᠯᠴᠠᠵᠠᠭᠠᠨ᠎ᠠ᠃ ᠣᠶᠢᠯᠠᠭᠠᠭᠰᠠᠨ ᠢᠶᠠᠷ᠂ ᠡᠳᠡᠭᠡᠷ ᠬᠡᠤᠬᠡᠳ ᠤᠳ ᠤᠨ ᠣᠯᠠᠩᠬᠢ ᠨᠢ ᠰᠤᠷᠭᠠᠭᠤᠯᠢ ᠡᠬᠢᠯᠡᠬᠦ ᠪᠣᠯᠲᠠᠯ᠎ᠠ ᠪᠣᠯᠪᠠᠰᠤᠷᠠᠵᠤ᠂ ᠥᠳᠥᠨ ᠪᠥᠮᠪᠦᠭᠡ ᠪᠣᠯᠪᠠᠰᠤᠷᠠᠬᠤ ᠪᠠᠷ ᠳᠠᠮᠵᠢᠨ ᠪᠡᠶ᠎ᠡ ᠮᠠᠬᠠᠪᠣᠳ ᠢᠶᠠᠨ ᠴᠢᠭᠢᠷᠠᠭᠵᠢᠭᠤᠯᠬᠤ ᠪᠠᠷ ᠪᠠᠷᠠᠬᠤ ᠦᠭᠡᠢ ᠪᠠᠰᠠ ᠲᠡᠳᠡᠨ ᠤ ᠠᠩᠬᠠᠷᠤᠯ ᠢᠶᠠᠨ ᠲᠥᠪᠯᠡᠷᠡᠭᠦᠯᠬᠦ ᠴᠢᠳᠠᠪᠤᠷᠢ ᠪᠠ ᠬᠠᠷᠢᠭᠤ ᠲᠤᠰᠬᠠᠯ ᠤᠨ ᠴᠢᠳᠠᠪᠤᠷᠢ ᠶᠢ ᠬᠥᠮᠦᠵᠢᠭᠦᠯᠵᠦ ᠴᠢᠳᠠᠨ᠎ᠠ᠃ ᠫᠢᠩᠫᠠᠩ ᠪᠦᠮᠪᠦᠭᠡ ᠶᠢᠨ ᠲᠤᠭᠤᠷᠢᠭ ᠲᠤ ᠴᠦ ᠬᠤᠶᠠᠷ ᠬᠤᠶᠠᠷ ᠢᠶᠠᠨ ᠦᠵᠡᠯᠴᠡᠵᠦ᠂ ᠫᠢᠩᠫᠠᠩ ᠪᠦᠮᠪᠦᠭᠡ ᠴᠤᠬᠢᠵᠦ ᠦᠰᠦᠷᠬᠦ ᠲᠠᠭᠤᠨ ᠨᠢ ᠬᠦᠭᠵᠢᠯᠳᠠᠢ ᠯᠠ ᠪᠠᠶᠢᠯ᠎ᠠ᠃    ᠭᠦᠶᠦᠯᠲᠡ ᠶᠢᠨ ᠮᠠᠰᠢᠨ ᠳᠡᠭᠡᠷ᠎ᠡ ᠬᠥᠮᠦᠰ ᠠᠭᠠᠵᠢᠮ ᠭᠦᠶᠦᠬᠦ ᠪᠤᠶᠤ ᠬᠤᠷᠳᠤᠨ ᠠᠯᠬᠤᠵᠤ᠂ ᠴᠢᠷᠠᠶ ᠳᠤᠨᠢ ᠲᠥᠪᠯᠡᠭᠦᠨ ᠨᠢᠮᠪᠠᠢ ᠪᠠᠷᠢᠮᠲᠠᠯᠠᠯ ᠤᠨ ᠣᠪᠣᠷ ᠲᠤᠳᠤᠷᠠᠨ᠎ᠠ᠃ ᠪᠡᠶ᠎ᠡ ᠪᠣᠯᠪᠠᠰᠤᠷᠠᠭᠤᠯᠬᠤ ᠲᠥᠪ ᠤᠨ ᠨᠢᠭᠡ ᠦᠨᠴᠦᠭ  ᠲᠤ  ᠬᠤᠶᠠᠷ ᠨᠠᠰᠤᠲᠠᠨ ᠨᠠᠮ ᠵᠢᠮᠭᠡᠨ ᠪᠠᠶ᠎ᠠ ᠶᠢᠨ ᠲᠠᠮᠢᠷ ᠬᠢᠵᠦ ᠵᠤᠭᠰᠤᠨ᠎ᠠ᠃ ᠲᠡᠳᠡᠨ ᠤ ᠬᠥᠳᠡᠯᠦᠯ ᠪᠦᠬᠦᠨ ᠨᠢ ᠠᠭᠤᠵᠢᠭᠤ ᠲᠠᠯᠪᠢᠭᠤ᠂ ᠤᠷᠤᠰᠤᠮ᠎ᠠ ᠰᠠᠶᠢᠬᠠᠨ ᠪᠠᠶᠢᠵᠤ᠂ ᠥᠪᠡᠷᠮᠢᠴᠡ ᠪᠠᠶ᠎ᠠ ᠶᠢᠨ ᠲᠠᠮᠢᠷ ᠤᠨ ᠤᠨᠴᠠᠯᠢᠭ ᠢ ᠢᠯᠡᠷᠡᠭᠦᠯᠵᠦ᠂ ᠴᠠᠭᠠᠨ ᠰᠠᠷ᠎ᠠ ᠶᠢᠨ ᠠᠮᠠᠷᠠᠯᠳᠠ ᠶᠢᠨ ᠳᠠᠷᠠᠭᠠᠬᠢ ᠪᠡᠶ᠎ᠡ ᠴᠢᠭᠢᠷᠠᠭᠵᠢᠭᠤᠯᠬᠤ ᠬᠠᠯᠠᠭᠤᠨ ᠥᠷᠨᠢᠯᠲᠡ ᠶᠢᠨ ᠳᠤᠮᠳᠠ ᠥᠪᠡᠷᠮᠢᠴᠡ ᠦᠵᠡᠮᠵᠢ  ᠪᠤᠯᠵᠦ ᠪᠠᠶᠢᠯ᠎ᠠ᠃ ᠳᠤᠷᠠᠳᠤᠭᠤᠰᠢᠲᠠᠶ ᠨᠢ᠂ ᠰᠤᠷ ᠬᠠᠷᠪᠤᠯᠳᠠ ᠶᠢᠨ ᠲᠤᠭᠤᠷᠢᠭ  ᠲᠤ ᠪᠠᠰᠠ ᠴᠥᠭᠡᠨ ᠪᠤᠰᠤ ᠰᠤᠷᠴᠢᠳ ᠬᠠᠷᠠᠭᠳᠠᠨ᠎ᠠ᠃ ᠲᠡᠳᠡ ᠨᠤᠮᠤ ᠪᠠᠨ ᠲᠡᠯᠡᠵᠦ ᠰᠤᠮᠤ ᠪᠠᠨ ᠤᠨᠢᠯᠠᠵᠦ ᠬᠠᠷᠪᠤᠬᠤ ᠬᠦᠷᠳᠡᠯᠡᠬᠢ ᠶᠠᠪᠤᠴᠠ ᠪᠦᠬᠦᠨ ᠢᠶᠠᠨ ᠨᠢᠮᠪᠠᠶᠢᠯᠠᠨ ᠪᠤᠯᠪᠠᠰᠤᠷᠠᠵᠦ ᠪᠠᠶᠢᠭᠰᠠᠨ ᠨᠢ ᠪᠠᠭ᠋ᠠᠳᠤᠭᠤᠰᠢᠳᠠᠢ᠃    ᠣᠶᠢᠯᠠᠭᠠᠭᠰᠠᠨ ᠢᠶᠠᠷ᠂ ᠴᠠᠭᠠᠨ ᠰᠠᠷ᠎ᠠ ᠶᠢᠨ ᠠᠮᠠᠷᠠᠯᠳᠠ ᠶᠢᠨ ᠲᠠᠷᠠᠭ᠎ᠠ᠂ ᠪᠡᠶ᠎ᠡ ᠴᠢᠭᠢᠷᠠᠭᠵᠢᠭᠤᠯᠬᠤ ᠬᠥᠮᠦᠨ ᠤ ᠲᠤᠭ᠎ᠠ ᠢᠯᠡᠳᠲᠡ ᠨᠡᠮᠡᠭᠳᠡᠵᠦ᠂ ᠤᠯᠠᠨ ᠢᠶᠠᠷ ᠢᠶᠠᠨ ᠰᠢᠨ᠎ᠡ ᠨᠢᠭᠡ ᠵᠢᠯ ᠳᠤ ᠪᠠᠶ᠎ᠠ ᠶᠢᠨ ᠲᠠᠮᠢᠷ ᠤᠨ ᠬᠥᠳᠡᠯᠭᠡᠭᠡᠨ ᠢᠶᠠᠷ ᠳᠠᠮᠵᠢᠨ ᠪᠠᠶ᠎ᠠ ᠪᠠᠨ ᠴᠢᠬᠢᠷᠠᠭᠵᠢᠭᠤᠯᠬᠤ ᠶᠢ ᠬᠦᠰᠡᠵᠦ ᠪᠠᠶᠢᠭ᠎ᠠ ᠨᠢ ᠢᠯᠡᠭᠡᠨ᠃ ᠮᠠᠷᠢᠶ᠎ᠠ ᠰᠢᠭᠤᠷᠠᠭᠤᠯᠬᠤ ᠂ ᠪᠡᠶ᠎ᠡ ᠮᠠᠬᠠᠪᠣᠳ ᠢᠶᠠᠨ ᠴᠢᠭᠢᠷᠠᠭᠵᠢᠭᠤᠯᠬᠤ ᠂ ᠡᠰᠡᠬᠦᠯ᠎ᠡ ᠪᠡᠶ᠎ᠡ ᠴᠢᠬᠢᠷᠠᠭᠵᠢᠭᠤᠯᠬᠤ ᠳᠤᠷ᠎ᠠ ᠰᠣᠨᠢᠷᠬᠠᠯ ᠢ ᠬᠥᠮᠦᠵᠢᠭᠦᠯᠬᠦ ᠠᠯᠢ ᠨᠢ ᠪᠤᠯᠤᠭ ᠴᠦᠮ ᠪᠠᠶ᠎ᠠ ᠴᠢᠬᠢᠷᠠᠭᠵᠢᠭᠤᠯᠬᠤ ᠨᠢ ᠬᠦᠮᠦᠰ ᠤᠨ ᠡᠷᠡᠭᠦᠯ ᠠᠮᠢᠳᠤᠷᠠᠯ ᠢ ᠬᠥᠭᠡᠭᠡᠴᠡᠯᠳᠦᠬᠦ ᠴᠢᠬᠤᠯᠠ ᠠᠷᠭ᠎ᠠ ᠵᠠᠮ ᠪᠣᠯᠤᠭᠰᠠᠨ ᠢ ᠬᠠᠷᠠᠭᠤᠯᠵᠦ ᠪᠠᠶᠢᠨ᠎ᠠ᠃    ᠰᠢᠨ᠎ᠡ ᠨᠢᠭᠡ ᠵᠢᠯ ᠪᠡᠶ᠎ᠡ ᠪᠠᠨ ᠪᠤᠯᠪᠠᠰᠤᠷᠠᠭᠤᠯᠬᠤ ᠠᠴᠠ ᠡᠬᠢᠯᠡᠨ᠎ᠡ᠃ ᠡᠨᠡᠬᠦ ᠬᠦᠰᠡᠯ ᠪᠢᠯᠬᠠᠭᠰᠠᠨ 2025 ᠣᠨ ᠳᠤ᠂ ᠨᠡᠩ ᠤᠯᠠᠨ ᠬᠥᠮᠦᠨ ᠪᠤᠯᠪᠠᠰᠤᠷᠠᠯ ᠬᠦᠳᠡᠯᠭᠡᠭᠡᠨ ᠢᠶᠠᠷ ᠪᠠᠶ᠎ᠠ ᠪᠠᠨ ᠬᠦᠯᠦᠷᠡᠬᠦᠯᠦᠨ ᠪᠠᠶᠢᠵᠦ᠂ ᠡᠷᠡᠭᠦᠯ ᠴᠢᠭᠢᠷᠠᠭ ᠪᠠ ᠠᠮᠢᠵᠢᠷᠠᠯ ᠤᠨ ᠬᠦᠴᠦᠨ ᠢ ᠪᠢᠴᠢᠭᠯᠡᠵᠦ᠂ ᠢᠳᠡᠪᠬᠢᠲᠡᠢ ᠪᠠᠷ ᠥᠭᠡᠳᠡᠯᠡᠨ ᠲᠠᠪᠰᠢᠬᠤ ᠣᠪᠣᠷ ᠢᠶᠠᠷ ᠰᠢᠨ᠎ᠡ ᠨᠢᠭᠡ ᠵᠢᠯ ᠤᠨ ᠥᠷᠢᠰᠥᠯᠳᠦᠭᠡᠨ ᠪᠠ ᠠᠵᠠ ᠲᠣᠬᠢᠶᠠᠯ ᠢ ᠤᠭᠲᠤᠵᠤ ᠪᠠᠶᠢᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号