ᠠᠮᠢᠰᠬᠤᠯ ᠤᠨ ᠵᠠᠮ ᠤᠨ ᠡᠪᠡᠳᠴᠢᠨ ᠶᠡᠭᠡ ᠪᠠᠷ ᠳᠡᠯᠭᠡᠷᠡᠵᠦ ᠪᠠᠶᠢᠭ᠎ᠠ ᠦᠶᠡᠰ ᠥᠪᠡᠷ ᠤᠨ ᠪᠡᠶ᠎ᠡ ᠶᠢᠨ | ᠡᠭᠡᠯᠢᠯᠡᠭᠡ ᠶᠢᠨ ᠴᠢᠳᠠᠪᠤᠷᠢ ᠨᠢ ᠳᠠᠷᠤᠢ ᠬᠠᠮᠤᠭ ᠤᠨ ᠰᠠᠶᠢᠨ ᠬᠠᠮᠠᠭᠠᠯᠠᠯᠲᠠ ᠪᠤᠯᠳᠠᠬ᠃ ᠭᠡᠪᠡᠴᠦ ᠳᠣᠣᠷᠠᠬᠢ 10 | ᠵᠦᠢᠯ ᠤᠨ ᠶᠠᠪᠤᠳᠠᠯ ᠬᠥᠮᠥᠨ ᠤ ᠪᠡᠶ᠎ᠡ ᠶᠢᠨ ᠡᠭᠡᠯᠢᠯᠡᠭᠡ ᠶᠢᠨ ᠴᠢᠳᠠᠪᠤᠷᠢ ᠶᠢ ᠮᠠᠭᠤᠳᠠᠭᠤᠯᠳᠠᠭ᠃ ᠨᠦᠢᠷ | ᠳᠤᠲᠠᠭᠤᠳᠠᠬᠤ ᠨᠦᠢᠷ ᠬᠦᠷᠦᠯᠴᠡᠬᠦ ᠦᠭᠡᠢ ᠪᠣᠯ ᠸᠢᠷᠦ᠋ᠰ ᠪᠤᠶᠤ ᠡᠪᠡᠳᠴᠢᠨ ᠤ ᠪᠠᠺᠲ᠋ᠧᠷᠢ ᠳᠤ ᠨᠡᠩ ᠠᠮᠠᠷᠬᠠᠨ | ᠬᠠᠯᠳᠠᠪᠤᠷᠢᠯᠠᠭᠳᠠᠳᠠᠭ ᠮᠥᠷᠲᠡᠭᠡᠨ ᠬᠡᠷᠪᠡ ᠬᠠᠯᠳᠠᠪᠤᠷᠢᠯᠠᠭᠳᠠᠭᠰᠠᠨ ᠪᠠᠶᠢᠪᠠᠯ ᠨᠡᠩ ᠤᠷᠲᠤ ᠬᠤᠭᠤᠴᠠᠭ᠎ᠠ ᠬᠡᠷᠡᠭᠰᠡᠮᠡᠨᠵᠢᠨ | ᠰᠠᠶ᠋ᠢ ᠡᠷᠡᠭᠦᠯᠵᠢᠵᠦ ᠳᠡᠶᠢᠯᠳᠡᠭ᠃ ᠤᠴᠢᠷ ᠨᠢ ᠨᠦᠢᠷ ᠳᠤᠲᠠᠭᠤᠳᠠᠪᠠᠯ ᠬᠥᠮᠥᠨ ᠤ ᠪᠡᠶ᠎ᠡ ᠭᠦᠢᠴᠡᠳ ᠬᠡᠮᠵᠢᠶᠡᠨ ᠤ | ᠬᠠᠯᠳᠠᠪᠤᠷᠢᠯᠠᠯ ᠢ ᠡᠰᠡᠷᠭᠦᠴᠡᠬᠦ ᠡᠰ ᠪᠠ ᠡᠰᠡᠷᠭᠦᠴᠡᠭᠴᠢ ᠶᠢ ᠵᠣᠬᠢᠶᠠᠨ ᠭᠠᠷᠭᠠᠵᠤ ᠳᠡᠶᠢᠯᠭᠦ ᠦᠭᠡᠢ᠂ ᠤᠴᠢᠷ ᠨᠢ | ᠵᠥᠪᠭᠡᠨ ᠤᠨᠲᠠᠬᠤ ᠦᠶ᠎ᠡ ᠳᠤ ᠬᠥᠮᠥᠨ ᠤ ᠪᠡᠶ᠎ᠡ ᠰᠠᠶ᠋ᠢ ᠵᠠᠷᠢᠮ ᠡᠭᠡᠯᠢᠯᠡᠭᠡ ᠶᠢᠨ ᠰᠢᠰᠲ᠋ᠧᠮ ᠳᠤ ᠲᠤᠰᠠᠲᠠᠢ ᠤᠭᠤᠷᠠᠭ | ︵ᠡᠰ ᠤᠨ ᠡᠯᠧᠮᠧᠨ᠋ᠲ︶ ᠢ ᠢᠯᠭᠠᠷᠠᠭᠤᠯᠤᠨ ᠭᠠᠷᠭᠠᠳᠠᠭ᠃ ᠵᠣᠪᠠᠨᠢᠬᠤ ᠵᠣᠪᠠᠨᠢᠩᠭᠤᠢ ᠪᠤᠳᠣᠯ ᠨᠢ ᠣᠬᠤᠷᠬᠠᠨ 30 | ᠮᠢᠨᠦ᠋ᠲ ᠤᠨ ᠳᠣᠲᠣᠷ᠎ᠠ ᠡᠭᠡᠯᠢᠯᠡᠭᠡ ᠶᠢᠨ ᠲᠤᠰᠬᠠᠯ ᠢ ᠪᠠᠭᠤᠷᠠᠭᠤᠯᠳᠠᠭ᠃ ᠦᠷᠭᠦᠯᠵᠢᠯᠡᠭᠰᠡᠨ ᠳᠠᠷᠤᠯᠲᠠ ᠨᠢ ᠨᠠᠩ | ᠶᠡᠭᠡ ᠬᠤᠣᠷ ᠬᠥᠨᠥᠭᠡᠯ ᠢ ᠡᠭᠦᠰᠬᠡᠵᠦ᠂ ᠬᠠᠯᠳᠠᠪᠤᠷᠢᠲᠤ ᠲᠠᠭᠰᠢᠭᠤᠷ᠂ ᠴᠥᠪᠥᠷᠢᠭᠦᠲᠦ ᠡᠰᠡᠷᠭᠡᠨ᠎ᠡ᠂ ᠪᠦᠰᠡᠯᠢᠭ | ᠴᠥᠪᠥᠷᠢᠭᠦᠲᠦ ᠡᠰᠡᠷᠭᠡᠨ᠎ᠡ ᠪᠠ ᠪᠤᠰᠤᠳ ᠸᠢᠷᠦ᠋ᠰ ᠢ ᠬᠤᠷᠢᠭᠯᠠᠬᠤ ᠳᠤ ᠨᠠᠩ ᠬᠦᠴᠢᠷᠲᠡᠢ ᠪᠣᠯᠭᠠᠳᠠᠭ᠃ ᠸᠢᠲ᠋ᠠᠮᠢᠨ D | ᠳᠤᠲᠠᠬᠤ ᠡᠷᠡᠭᠦᠯ ᠴᠢᠭᠢᠷᠠᠭ ᠠᠷᠤᠭ ᠶᠠᠰᠤ ᠪᠠ ᠡᠷᠡᠭᠦᠯ ᠴᠢᠭᠢᠷᠠᠭ ᠴᠢᠰᠤᠨ ᠤ ᠡᠰ ᠨᠢ ᠴᠥᠮ ᠸᠢᠲ᠋ᠠᠮᠢᠨ D | ᠬᠡᠷᠡᠭᠰᠡᠬᠦ ᠠᠴᠠ ᠭᠠᠳᠠᠨ᠎ᠠ ᠸᠢᠲ᠋ᠠᠮᠢᠨ D ᠨᠢ ᠪᠠᠰᠠ ᠡᠭᠡᠯᠢᠯᠡᠭᠡ ᠶᠢᠨ ᠰᠢᠰᠲ᠋ᠧᠮ ᠢ ᠴᠢᠩᠭᠠᠳᠬᠠᠬᠤ ᠳᠤ ᠲᠤᠰᠠᠲᠠᠢ | ᠪᠠᠶᠢᠳᠠᠭ᠃ ᠲᠠᠬᠢᠶᠠᠨ ᠥᠨᠳᠡᠭᠡ᠂ ᠥᠭᠡᠬᠦ ᠶᠡᠬᠡᠲᠡᠢ ᠵᠢᠭᠠᠰᠤ ᠵᠢᠴᠢ ᠦᠨᠢᠶᠡᠨ ᠰᠦ ᠪᠠ ᠠᠮᠤ ᠪᠤᠳᠠᠭ᠎ᠠ ᠵᠡᠷᠭᠡ | ᠡᠷᠴᠢᠮᠵᠢᠭᠦᠯᠦᠭᠰᠡᠨ ᠢᠳᠡᠭᠡᠨ ᠤ ᠳᠣᠲᠣᠷ᠎ᠠ ᠴᠥᠮ ᠸᠢᠲ᠋ᠠᠮᠢᠨ D ᠠᠭᠤᠯᠵᠤ ᠪᠠᠶᠢᠳᠠᠭ᠃ | ᠨᠡᠷᠡᠨ ᠤ ᠭᠡᠷᠡᠯ ᠪᠣᠯ ᠥᠭᠡᠷ᠎ᠡ ᠨᠢᠭᠡᠨ ᠴᠢᠬᠤᠯᠠ ᠢᠷᠡᠯᠲᠡ ᠮᠥᠨ᠃ ᠵᠤᠨ ᠤ ᠤᠯᠠᠷᠢᠯ ᠳᠤ ᠶᠡᠷᠦ ᠳᠡᠭᠡᠨ | ᠭᠠᠷᠠᠭ ᠪᠦᠷᠢ 2 - 3 ᠤᠳᠠᠭ᠎ᠠ᠂ ᠤᠳᠠᠭ᠎ᠠ ᠪᠦᠷᠢ ᠭᠠᠷ᠂ ᠨᠢᠭᠤᠷ ᠢᠶᠠᠨ 5-15 ᠮᠢᠨᠦ᠋ᠲ ᠨᠡᠷᠡᠨ ᠳᠤ ᠡᠭᠡᠭᠡᠪᠡᠯ | ᠪᠣᠯᠴᠢᠬᠠᠨ᠎ᠠ᠃ ᠡᠪᠦᠯ ᠤᠨ ᠤᠯᠠᠷᠢᠯ ᠳᠤ ᠨᠡᠩ ᠤᠷᠲᠤ ᠬᠤᠭᠤᠴᠠᠭ᠎ᠠ ᠬᠡᠷᠡᠭᠰᠡᠳᠡᠭ᠃ ᠨᠣᠭᠤᠭ᠎ᠠ ᠪᠠ ᠵᠢᠮᠢᠰ | ᠬᠡᠲᠦᠷᠬᠡᠢ ᠪᠠᠭ᠎ᠠ ᠢᠳᠡᠬᠦ ᠡᠳᠡᠭᠡᠷ ᠢᠳᠡᠭᠡᠨ ᠨᠢ ᠬᠥᠮᠥᠨ ᠤ ᠪᠡᠶ᠎ᠡ ᠶᠢ ᠬᠠᠪᠰᠤᠷᠴᠤ ᠬᠠᠯᠳᠠᠪᠤᠷᠢᠯᠠᠯ ᠢ ᠬᠤᠷᠢᠭᠯᠠᠬᠤ ᠳᠤ | ᠬᠡᠷᠡᠭᠰᠡᠬᠦ ᠨᠡᠩ ᠤᠯᠠᠨ ᠴᠠᠭᠠᠨ ᠡᠰ ᠢ ᠪᠦᠲᠦᠭᠡᠳᠡᠭ᠄ ᠰᠢᠨ᠎ᠡ ᠰᠣᠷᠭᠤᠭ ᠨᠣᠭᠤᠭ᠎ᠠ ᠵᠢᠮᠢᠰ᠂ ᠬᠠᠲᠠᠭᠤ ᠵᠢᠮᠢᠰ ᠪᠠ | ᠦᠷ᠎ᠡ ᠳᠤ ᠶᠡᠭᠡ ᠬᠡᠮᠵᠢᠶᠡᠨ ᠤ ᠴᠠᠶᠢᠷ᠂ β - ᠬᠤᠯᠤᠤᠪᠠᠩ ᠤᠨ ᠡᠳ᠋᠂ ᠸᠢᠲ᠋ᠠᠮᠢᠨ A᠂ C ᠪᠠ E ᠵᠢᠴᠢ ᠡᠷᠡᠭᠦᠯ | ᠴᠢᠭᠢᠷᠠᠭ ᠪᠡᠶ᠎ᠡ ᠮᠠᠬᠠᠪᠤᠳ ᠲᠤ ᠬᠡᠷᠡᠭᠰᠡᠬᠦ ᠪᠤᠰᠤᠳ ᠰᠢᠮ᠎ᠡ ᠲᠡᠵᠢᠭᠡᠯ ᠤᠨ ᠡᠳ᠋ ᠠᠭᠤᠯᠤᠭᠳᠠᠵᠤ ᠪᠠᠶᠢᠳᠠᠭ᠃ | ᠤᠷᠭᠤᠮᠠᠯ ᠤᠨ ᠴᠢᠨᠠᠷᠲᠠᠢ ᠢᠳᠡᠭᠡᠨ ᠳᠤ ᠪᠠᠰᠠ ᠰᠢᠷᠬᠡᠭᠯᠢᠭ ᠠᠭᠤᠯᠵᠤ᠂ ᠪᠡᠶ᠎ᠡ ᠶᠢᠨ ᠳᠣᠲᠣᠭᠠᠳᠤ ᠶᠢᠨ ᠥᠭᠡᠬᠦ ᠶᠢᠨ | ᠬᠠᠷᠢᠴᠠᠯ ᠢ ᠪᠠᠭᠤᠷᠠᠭᠤᠯᠬᠤ ᠶᠢᠨ ᠤᠯᠠᠮ ᠠᠴᠠ ᠡᠭᠡᠯᠢᠯᠡᠭᠡ ᠶᠢᠨ ᠲᠤᠰᠬᠠᠯ ᠢ ᠨᠡᠮᠡᠭᠳᠡᠭᠦᠯᠬᠦ ᠳᠤ ᠠᠰᠢᠭᠲᠠᠢ ᠪᠠᠶᠢᠳᠠᠭ᠃ | ᠥᠭᠡᠬᠦ ᠶᠡᠬᠡᠲᠡᠢ ᠢᠳᠡᠭᠡᠨ ᠢ ᠬᠡᠲᠦᠷᠬᠡᠢ ᠠᠷᠪᠢᠨ ᠢᠳᠡᠬᠦ ᠥᠭᠡᠬᠦ ᠲᠣᠰᠣ ᠨᠢ ᠴᠠᠭᠠᠨ ᠡᠰ ᠪᠣᠯᠣᠨ ᠡᠪᠡᠳᠴᠢᠨ ᠤ | ᠪᠠᠺᠲ᠋ᠧᠷᠢ ᠶᠢᠨ ᠲᠡᠮᠡᠴᠡᠯ ᠢ ᠬᠠᠷᠰᠢᠯᠠᠳᠠᠭ᠃ ᠤᠷᠲᠤ ᠬᠤᠭᠤᠴᠠᠭ᠎ᠠ ᠪᠠᠷ ᠥᠭᠡᠬᠦ ᠶᠡᠬᠡᠲᠡᠢ ᠢᠳᠡᠭᠡᠨ ᠤᠮᠳᠠᠭᠠᠨ | ᠢᠳᠡᠬᠦ ᠨᠢ ᠭᠡᠳᠡᠰᠦᠨ ᠳᠣᠲᠣᠷᠠᠬᠢ ᠦᠯᠦ ᠬᠠᠯᠳᠠᠭᠠᠬᠤ ᠪᠠᠺᠲ᠋ᠧᠷᠢ ᠶᠢᠨ ᠲᠡᠩᠴᠡᠭᠦᠷᠢ ᠶᠢ ᠡᠪᠳᠡᠳᠡᠭ᠃ ᠰᠢᠬᠢᠷ ᠦᠭᠡᠢ | ᠥᠭᠡᠬᠦ ᠪᠠᠭᠠᠲᠠᠢ ᠴᠠᠭᠠᠨ ᠢᠳᠡᠭᠡ ᠵᠢᠴᠢ ᠳᠠᠯᠠᠢ ᠶᠢᠨ ᠢᠳᠡᠭᠡᠨ᠂ ᠴᠠᠴᠤᠭᠲᠤ ᠬᠢᠷᠭᠤᠤᠯ ᠪᠠ ᠲᠠᠬᠢᠶᠠᠨ ᠮᠢᠬ᠎ᠠ ᠵᠡᠷᠭᠡ | ᠬᠠᠷ᠎ᠠ ᠮᠢᠬᠠᠨ ᠤ ᠤᠭᠤᠷᠠᠭ ᠢ ᠰᠣᠩᠭᠤᠬᠤ ᠪᠤᠶᠤ ᠥᠭᠡᠬᠦ ᠶᠢ ᠨᠢ ᠣᠭᠲᠣᠯᠵᠤ ᠠᠪᠤᠭᠰᠠᠨ ᠦᠬᠡᠷ ᠤᠨ ᠮᠢᠬ᠎ᠠ ᠶᠢ | ᠰᠣᠩᠭᠤᠵᠤ ᠪᠣᠯᠣᠨ᠎ᠠ᠃ ᠡᠭᠦᠨ ᠠᠴᠠ ᠭᠠᠳᠠᠨ᠎ᠠ ᠮᠠᠷᠢᠶᠠᠯᠠᠬᠤ ᠨᠢ ᠬᠠᠯᠳᠠᠪᠤᠷᠢᠲᠤ ᠲᠠᠭᠰᠢᠭᠤᠷ ᠪᠠ ᠪᠤᠰᠤᠳ | ᠬᠠᠯᠳᠠᠪᠤᠷᠢᠯᠠᠯ ᠳᠤ ᠨᠠᠩ ᠠᠮᠠᠷᠬᠠᠨ ᠨᠡᠷᠪᠡᠭᠳᠡᠭᠦᠯᠳᠡᠭ᠃ ᠭᠡᠷ ᠤᠨ ᠭᠠᠳᠠᠨᠠᠬᠢ ᠬᠥᠳᠡᠯᠭᠡᠭᠡᠨ ᠳᠤ ᠮᠠᠰᠢ ᠴᠥᠭᠡᠨ | ᠣᠷᠤᠯᠴᠠᠬᠤ ᠨᠡᠷᠡᠨ ᠤ ᠭᠡᠷᠡᠯ ᠨᠢ ᠡᠭᠡᠯᠢᠯᠡᠭᠡ ᠶᠢᠨ ᠰᠢᠰᠲ᠋ᠧᠮ ᠳᠠᠬᠢ T ᠡᠰ ᠭᠡᠵᠦ ᠨᠡᠷᠡᠯᠡᠭᠳᠡᠭᠰᠡᠨ ᠡᠭᠡᠯᠢᠯᠡᠭᠡ ᠶᠢᠨ | ᠡᠰ ᠢ ᠬᠥᠭᠵᠢᠭᠡᠵᠦ᠂ ᠬᠠᠯᠳᠠᠪᠤᠷᠢᠯᠠᠯ ᠢ ᠡᠰᠡᠷᠭᠦᠴᠡᠬᠦ ᠳᠤ ᠬᠠᠪᠰᠤᠷᠤᠮᠵᠢ ᠪᠤᠯᠳᠠᠭ᠃ ᠭᠡᠷ ᠤᠨ ᠭᠠᠳᠠᠨᠠᠬᠢ | ᠬᠥᠳᠡᠯᠭᠡᠭᠡᠨ ᠨᠢ ᠪᠠᠰᠠ ᠪᠤᠰᠤᠳ ᠰᠠᠶᠢᠨ ᠲᠠᠯ᠎ᠠ ᠲᠠᠢ ᠪᠠᠶᠢᠳᠠᠭ᠂ ᠵᠢᠱᠢᠶᠡᠯᠡᠪᠡᠯ ᠣᠢ ᠰᠢᠭᠤᠢ ᠳᠣᠲᠣᠷᠠᠬᠢ ᠮᠠᠰᠢ | ᠣᠯᠠᠨ ᠤᠷᠭᠤᠮᠠᠯ ᠠᠴᠠ ᠤᠷᠭᠤᠮᠠᠯ ᠤᠨ ᠪᠠᠺᠲ᠋ᠧᠷᠢ ᠠᠯᠠᠬᠤ ᠰᠢᠩᠭᠡᠨ ᠪᠠ ᠪᠤᠰᠤᠳ ᠪᠣᠳᠠᠰ ᠢ ᠡᠭᠦᠰᠬᠡᠳᠡᠭ᠂ ᠡᠳᠡᠭᠡᠷ | ᠪᠣᠳᠠᠰ ᠢ ᠠᠮᠢᠰᠬᠤᠪᠠᠯ ᠡᠭᠡᠯᠢᠯᠡᠭᠡ ᠶᠢᠨ ᠴᠢᠳᠠᠪᠤᠷᠢ ᠶᠢ ᠨᠡᠮᠡᠭᠳᠡᠭᠦᠯᠵᠦ ᠮᠡᠳᠡᠨ᠎ᠡ᠃ | ᠲᠠᠮᠠᠬᠢ ᠲᠠᠲᠠᠬᠤ ᠶᠠᠩᠵᠤᠤᠷ ᠲᠠᠮᠠᠬᠢ᠂ ᠲᠠᠮᠠᠬᠢ ᠵᠠᠵᠢᠯᠠᠬᠤ ᠪᠤᠶᠤ ᠪᠤᠰᠤᠳ ᠶᠠᠮᠠᠷᠪᠠ ᠢᠷᠡᠯᠲᠡ ᠲᠠᠢ | ᠨᠢᠺᠦᠲ᠋ᠢᠨ ᠨᠢ ᠴᠥᠮ ᠬᠥᠮᠥᠨ ᠤ ᠪᠡᠶ᠎ᠡ ᠶᠢᠨ ᠡᠪᠡᠳᠴᠢᠨ ᠤ ᠪᠠᠺᠲ᠋ᠧᠷᠢ ᠶᠢ ᠡᠰᠡᠷᠭᠦᠴᠡᠬᠦ ᠴᠢᠳᠠᠪᠤᠷᠢ ᠶᠢ | ᠪᠠᠭᠤᠷᠠᠭᠤᠯᠳᠠᠭ᠃ ᠡᠯᠧᠺᠲᠷᠤᠨ ᠲᠠᠮᠠᠬᠢ ᠴᠦ ᠠᠳᠠᠯᠢᠬᠠᠨ᠂ ᠲᠡᠷᠡᠴᠢᠯᠡᠨ ᠡᠯᠧᠺᠲᠷᠤᠨ ᠲᠠᠮᠠᠬᠢᠨ ᠤ ᠰᠢᠩᠭᠡᠨ | ᠳᠣᠲᠣᠷᠠᠬᠢ ᠨᠢᠺᠦᠲ᠋ᠢᠨ ᠠᠴᠠ ᠠᠰᠲᠠᠭᠠᠨ ᠪᠤᠰᠤᠳ ᠵᠦᠢᠯ ᠤᠨ ᠬᠢᠮᠢ ᠶᠢᠨ ᠪᠣᠳᠠᠰ ᠨᠢ ᠪᠠᠰᠠ ᠡᠭᠡᠯᠢᠯᠡᠭᠡ ᠶᠢᠨ | ᠲᠤᠰᠬᠠᠯ ᠢ ᠬᠤᠷᠢᠭᠯᠠᠳᠠᠭ᠃ ᠬᠡᠲᠦᠷᠡᠲᠡᠯ᠎ᠡ ᠠᠷᠢᠬᠢ ᠤᠤᠭᠤᠬᠤ ᠨᠢᠭᠡ ᠤᠳᠠᠭ᠎ᠠ ᠬᠡᠲᠦᠷᠡᠲᠡᠯ᠎ᠡ ᠠᠷᠢᠬᠢ ᠤᠤᠭᠤᠬᠤ ᠨᠢ | ᠳᠠᠷᠤᠢ 24 ᠴᠠᠭ ᠬᠢᠷᠢᠲᠡᠢ ᠪᠡᠶ᠎ᠡ ᠶᠢᠨ ᠡᠪᠡᠳᠴᠢᠨ ᠤ ᠪᠠᠺᠲ᠋ᠧᠷᠢ ᠶᠢ ᠡᠰᠡᠷᠭᠦᠴᠡᠬᠦ ᠴᠢᠳᠠᠪᠤᠷᠢ ᠶᠢ ᠪᠠᠭᠤᠷᠠᠭᠤᠯᠳᠠᠭ᠃ | ᠤᠷᠲᠤ ᠬᠤᠭᠤᠴᠠᠭ᠎ᠠ ᠪᠠᠷ ᠬᠡᠲᠦᠷᠡᠲᠡᠯ᠎ᠡ ᠠᠷᠢᠬᠢ ᠤᠤᠭᠤᠬᠤ ᠨᠢ ᠪᠡᠶ᠎ᠡ ᠮᠠᠬᠠᠪᠤᠳ ᠤᠨ ᠥᠪᠡᠷ ᠢ ᠪᠠᠨ ᠵᠠᠰᠠᠨ | ᠰᠡᠷᠭᠦᠭᠡᠬᠦ ᠴᠢᠳᠠᠪᠤᠷᠢ ᠶᠢ ᠪᠠᠭᠤᠷᠠᠭᠤᠯᠵᠤ᠂ ᠡᠯᠢᠭᠡᠨ ᠤ ᠡᠪᠡᠳᠴᠢᠨ᠂ ᠠᠭᠤᠰᠬᠢᠨ ᠦᠷᠪᠢᠰᠦᠯ᠂ ᠠᠭᠤᠰᠬᠢᠨ | ᠰᠦᠷᠢᠶ᠎ᠡ ᠪᠠ ᠵᠠᠷᠢᠮ ᠥᠮᠡᠨ ᠡᠪᠡᠳᠴᠢᠨ ᠳᠤ ᠨᠡᠷᠪᠡᠭᠳᠡᠬᠦ ᠲᠦᠭᠰᠢᠭᠦᠷᠢ ᠶᠢ ᠨᠡᠮᠡᠭᠳᠡᠭᠦᠯᠦᠨ᠎ᠡ᠃ ᠠᠷᠢᠬᠢ ᠤᠤᠭᠤᠬᠤ | ᠦᠭᠡᠢ ᠪᠣᠯ ᠬᠠᠮᠤᠭ ᠤᠨ ᠰᠠᠶᠢᠨ᠂ ᠬᠡᠷᠪᠡ ᠠᠷᠢᠬᠢ ᠤᠤᠭᠤᠬᠤ ᠳᠤ ᠭᠦᠷᠪᠡᠯ ᠡᠮᠡᠭᠲᠡᠶᠢᠴᠦᠳ ᠪᠣᠯ ᠡᠳᠦᠷ ᠪᠦᠷᠢ | ᠨᠢᠭᠡ ᠴᠣᠮᠣ᠂ ᠡᠷᠡᠭᠲᠡᠶᠢᠴᠦᠳ ᠡᠳᠦᠷ ᠪᠦᠷᠢ ᠬᠤᠶᠠᠷ ᠴᠣᠮᠣ ᠪᠠᠷ ᠬᠢᠵᠠᠭᠠᠷᠯᠠᠬᠤ ᠬᠡᠷᠡᠭᠲᠡᠢ᠃ | ᠡᠮᠭᠡᠨᠢᠬᠦ ᠭᠡᠷᠡᠴᠢ ᠪᠠᠷᠢᠮᠲᠠ ᠶᠢᠨ ᠲᠣᠳᠣᠷᠬᠠᠶᠢᠯᠠᠭᠰᠠᠨ ᠢᠶᠠᠷ᠂ ᠡᠮᠭᠡᠨᠢᠯ ᠵᠣᠪᠠᠨᠢᠯ᠂ ᠢᠯᠠᠩᠭᠤᠶ᠎ᠠ ᠤᠷᠲᠤ | ᠬᠤᠭᠤᠴᠠᠭ᠎ᠠ ᠪᠠᠷ ᠡᠮᠭᠡᠨᠢᠵᠦ ᠵᠣᠪᠠᠭᠤ ᠨᠢ ᠬᠥᠮᠥᠨ ᠤ ᠪᠡᠶ᠎ᠡ ᠶᠢᠨ ᠡᠭᠡᠯᠢᠯᠡᠭᠡ ᠶᠢᠨ ᠴᠢᠳᠠᠪᠤᠷᠢ ᠶᠢ ᠮᠠᠭᠤᠳᠠᠭᠤᠯᠳᠠᠭ᠃ | ᠡᠨᠡ ᠬᠦ ᠨᠥᠯᠥᠭᠡ ᠨᠢ 6 ᠰᠠᠷ᠎ᠠ ᠦᠷᠭᠦᠯᠵᠢᠯᠡᠵᠦ ᠮᠡᠳᠡᠨ᠎ᠡ᠂ ᠬᠡᠷᠪᠡ ᠡᠮᠭᠡᠨᠢᠵᠦ ᠵᠣᠪᠠᠨᠢᠬᠤ ᠨᠢ ᠢᠯᠡᠭᠦᠦ ᠪᠣᠯ ᠡᠨᠡ ᠬᠦ | ᠨᠥᠯᠥᠭᠡ ᠨᠢ ᠨᠡᠩ ᠤᠷᠳᠤ ᠬᠤᠭᠤᠴᠠᠭ᠎ᠠ ᠦᠷᠭᠦᠯᠵᠢᠯᠡᠬᠦ ᠪᠣᠯᠣᠨ᠎ᠠ᠃ ᠦᠷᠭᠦᠯᠵᠢ ᠬᠦᠴᠢᠯᠲᠥ᠋ᠷᠥᠭᠴᠢᠲᠦ | ᠬᠥᠳᠡᠯᠭᠡᠭᠡᠨ ᠬᠢᠬᠦ ᠨᠢ ᠬᠥᠮᠥᠨ ᠤ ᠪᠡᠶ᠎ᠡ ᠶᠢᠨ ᠸᠢᠷᠦ᠋ᠰ ᠪᠠ ᠪᠠᠺᠲ᠋ᠧᠷᠢ ᠠᠴᠠ ᠪᠣᠯᠤᠭᠰᠠᠨ ᠡᠪᠡᠳᠴᠢᠨ ᠢ | ᠡᠰᠡᠷᠭᠦᠴᠡᠬᠦ ᠳᠤ ᠲᠤᠰᠠᠲᠠᠢ᠂ ᠤᠴᠢᠷ ᠨᠢ ᠬᠥᠳᠡᠯᠭᠡᠭᠡᠨ ᠬᠢᠬᠦ ᠨᠢ ᠴᠢᠰᠤᠨ ᠤ ᠪᠡᠶ᠎ᠡ ᠶᠢᠨ ᠳᠣᠲᠣᠭᠠᠳᠤ ᠳᠤ ᠨᠡᠩ | ᠪᠦᠲᠦᠮᠵᠢᠲᠡᠶ ᠪᠠᠷ ᠤᠷᠤᠰᠤᠨ ᠬᠥᠳᠡᠯᠬᠦ ᠳᠤ ᠲᠤᠰᠠᠲᠠᠢ᠂ ᠡᠨᠡ ᠨᠢ ᠪᠠᠺᠲ᠋ᠧᠷᠢ ᠡᠰᠡᠷᠭᠦᠴᠡᠬᠦ ᠪᠣᠳᠠᠰ ᠲᠡᠳᠡᠨ ᠤ ᠬᠦᠷᠬᠦ | ᠴᠢᠬᠤᠯᠠᠲᠠᠢ ᠭᠠᠵᠠᠷ ᠲᠠᠭᠠᠨ ᠬᠦᠷᠴᠦ ᠳᠡᠶᠢᠯᠭᠦ ᠶᠢ ᠬᠠᠷᠠᠭᠤᠯᠵᠤ ᠪᠠᠶᠢᠨ᠎ᠠ᠃ ᠰᠢᠨᠵᠢᠯᠡᠬᠦ ᠤᠬᠠᠭᠠᠨᠲᠠᠳ | ᠬᠥᠳᠡᠯᠭᠡᠭᠡᠨ ᠨᠢ ᠴᠣᠬᠤᠮ ᠬᠡᠷᠬᠢᠨ ᠡᠭᠡᠯᠢᠯᠡᠭᠡ ᠶᠢᠨ ᠰᠢᠰᠲ᠋ᠧᠮ ᠢ ᠴᠢᠩᠭᠠᠳᠬᠠᠬᠤ ᠳᠤ ᠬᠠᠪᠰᠤᠷᠤᠮᠵᠢ ᠪᠤᠯᠬᠤ ᠶᠢ | ᠦᠷᠭᠦᠯᠵᠢᠯᠡᠨ ᠰᠤᠳᠤᠯᠤᠭᠰᠠᠭᠠᠷ ᠪᠠᠶᠢᠨ᠎ᠠ᠃ | |