︽ᠭᠠᠷ ᠣᠲᠠᠰᠣᠨ ᠤ ᠴᠠᠬᠢᠯᠭᠠᠨ ᠵᠠᠢ ᠳᠠᠭᠠᠭᠠᠴᠠ ᠮᠠᠭᠤᠲᠠᠢ︾ ᠨᠢ ᠣᠯᠠᠩᠬᠢ ᠬᠥᠮᠦᠨ ᠢ ᠭᠠᠰᠠᠯᠭᠠᠵᠦ ᠪᠠᠶᠢᠳᠠᠭ᠃ | ᠳᠡᠭᠡᠪᠡᠯ ᠴᠣᠬᠤᠮ ᠶᠠᠭᠠᠬᠢᠪᠠᠯ ᠰᠠᠶ᠋ᠢ ᠴᠠᠬᠢᠯᠭᠠᠨ ᠵᠠᠢ ᠶᠢᠨ ᠬᠡᠷᠡᠭᠯᠡᠯᠲᠡ ᠶᠢᠨ ᠬᠤᠭᠤᠴᠠᠭ᠎ᠠ ᠶᠢ ᠣᠷᠲᠣᠳᠬᠠᠵᠤ | ᠳᠡᠶᠢᠯᠬᠦ ᠪᠤᠢ︖ ᠬᠠᠶᠠᠭᠳᠠᠮᠠᠯ ᠴᠠᠬᠢᠯᠭᠠᠨ ᠵᠠᠢ ᠶᠢ ᠶᠠᠭᠠᠬᠢᠵᠤ ᠰᠢᠢᠳᠪᠦᠷᠢᠯᠡᠪᠡᠯ ᠰᠠᠶ᠋ᠢ ᠣᠷᠴᠢᠨ ᠠᠬᠤᠢ ᠶᠢ | ᠪᠤᠵᠠᠷᠳᠤᠭᠤᠯᠬᠤ ᠦᠭᠡᠢ ᠪᠣᠢ︖ | 1᠂ ᠯᠢᠲ᠋ᠢ ᠴᠠᠬᠢᠯᠭᠠᠨ ᠵᠠᠢ ᠶᠢᠨ ᠴᠠᠬᠢᠯᠭᠠᠨ ᠢ ᠪᠢᠲᠡᠭᠡᠢ ᠬᠤᠭᠤᠰᠤᠷᠠᠲᠠᠯ᠎ᠠ ᠬᠡᠷᠡᠭᠯᠡᠭᠡᠳ ᠰᠠᠶ᠋ᠢ ᠴᠡᠨᠡᠭᠯᠡ᠃ | ᠤᠮᠠᠷᠠᠲᠤ ᠶᠢᠨ ᠰᠦᠯᠵᠢᠶᠡᠨ ᠳᠤ ᠮᠡᠳᠡᠭᠡᠯᠡᠭᠰᠡᠨ ᠢ ᠦᠨᠳᠦᠰᠦᠯᠡᠪᠡᠯ᠂ ᠯᠢᠲ᠋ᠢ ᠴᠠᠬᠢᠯᠭᠠᠨ ᠵᠠᠢ ᠶᠢ ᠴᠡᠨᠡᠭᠯᠡᠬᠦ ᠳᠤ | ︽ᠳᠣᠲᠠᠭᠤ ᠵᠠᠷᠣᠵᠣ᠂ ᠢᠯᠡᠭᠦᠦ ᠨᠥᠬᠦᠪᠦᠷᠢᠯᠡᠬᠦ︾ ᠶᠢ ᠡᠷᠬᠢᠮᠯᠡᠨ᠎ᠡ᠂ ᠢᠩᠬᠢᠵᠦ ᠪᠠᠶᠢᠨ ᠲᠠᠬᠢᠨ ᠴᠠᠬᠢᠯᠭᠠᠨ ᠰᠡᠯᠪᠢᠵᠦ | ᠴᠡᠨᠡᠭᠯᠡᠬᠦ ᠨᠢ ᠬᠡᠷᠡᠭᠯᠡᠯᠲᠡ ᠶᠢᠨ ᠬᠤᠭᠤᠴᠠᠭ᠎ᠠ ᠶᠢ ᠤᠷᠳᠤᠳᠬᠠᠬᠤ ᠳᠤ ᠨᠡᠩ ᠲᠣᠰᠠᠲᠠᠢ ᠪᠠᠶᠢᠳᠠᠭ᠃ ᠡᠭᠦᠨ ᠠᠴᠠ | ᠭᠠᠳᠠᠨ᠎ᠠ᠂ ᠭᠠᠷ ᠣᠲᠠᠰᠣ ᠶᠢ ᠴᠡᠨᠡᠭᠯᠡᠵᠦ ᠪᠠᠶᠢᠬᠤ ᠦᠶᠡᠰ ᠲᠤ ᠨᠡᠭᠡᠭᠡᠵᠦ ᠬᠡᠷᠡᠭᠯᠡᠬᠦ ᠦᠭᠡᠢ ᠪᠠᠶᠢᠪᠠᠯ ᠰᠠᠶᠢᠨ᠂ | ᠰᠢᠩᠭᠡᠭᠡᠯᠲᠡ ᠦᠵᠡᠬᠦ ᠪᠣᠶᠣ ᠲᠣᠭᠯᠠᠭᠠᠮ ᠲᠣᠭᠯᠠᠬᠤ ᠶᠢ ᠴᠢᠳᠠᠬᠤ ᠶᠢᠨ ᠳᠣᠲᠣᠷ᠎ᠠ ᠬᠢᠵᠠᠭᠠᠷᠯᠠᠵᠦ᠂ ᠬᠡᠷᠡᠭᠯᠡᠬᠦ | ᠴᠢᠬᠤᠯᠠᠴᠢᠯᠠᠭ᠎ᠠ ᠲᠠᠢ ᠪᠣᠯ ᠬᠠᠮᠤᠭ ᠰᠠᠶᠢᠨ ᠨᠢ ᠴᠡᠨᠡᠭᠯᠡᠭᠴᠢ ᠶᠢ ᠰᠠᠯᠭᠠᠨ᠎ᠠ᠂ ᠡᠰᠡ ᠲᠡᠶᠢᠮᠤ ᠪᠣᠯ ᠴᠠᠬᠢᠯᠭᠠᠨ ᠵᠠᠢ ᠶᠢᠨ | ᠬᠡᠷᠡᠭᠯᠡᠯᠲᠡ ᠶᠢᠨ ᠬᠤᠭᠤᠴᠠᠭ᠎ᠠ ᠶᠢ ᠨᠥᠯᠦᠭᠡᠯᠡᠬᠦ ᠪᠣᠯᠣᠨ᠎ᠠ᠃ | 2᠂ ᠯᠢᠲ᠋ᠢ ᠴᠠᠬᠢᠯᠭᠠᠨ ᠵᠠᠢ ᠳᠤ ᠴᠠᠬᠢᠯᠭᠠᠨ ᠴᠡᠨᠡᠭᠯᠡᠬᠦ ᠳᠤ ᠪᠠᠨ ᠵᠦᠪ ᠴᠡᠨᠡᠭᠯᠡᠬᠦ ᠬᠡᠷᠡᠭᠲᠡᠢ ᠃ | ᠳᠣᠮᠳᠠᠳᠣ ᠣᠯᠣᠰ ᠤᠨ ᠠᠵᠣ ᠠᠬᠤᠢ ᠶᠢᠨ ᠰᠦᠯᠵᠢᠶᠡᠨ ᠤ ᠮᠡᠳᠡᠭᠡᠯᠡᠭᠰᠡᠨ ᠢ ᠦᠨᠳᠦᠰᠦᠯᠡᠪᠡᠯ᠂ ᠯᠢᠲ᠋ᠢ ᠴᠠᠬᠢᠯᠭᠠᠨ ᠵᠠᠢ | ᠳᠤ ᠴᠡᠭᠡᠵᠢᠯᠡᠬᠦ ᠴᠢᠳᠠᠪᠤᠷᠢ ᠦᠭᠡᠢ ᠮᠦᠷᠲᠡᠭᠡᠨ ᠯᠢᠲ᠋ᠢ ᠢᠶᠤᠨ ᠤ ᠬᠤᠶᠢᠷᠭᠤ ᠴᠢᠨᠠᠷ ᠮᠠᠰᠢ ᠴᠢᠩᠭ᠎ᠠ ᠪᠠᠶᠢᠳᠠᠭ | ᠪᠤᠯᠬᠤᠷ ᠲᠡᠭᠦᠨ ᠢ ᠪᠦᠷᠢᠨ ᠭᠦᠢᠴᠡᠳ ᠬᠥᠭᠵᠢᠭᠡᠭᠰᠡᠨ ᠤ ᠳᠠᠷᠠᠭ᠎ᠠ ᠰᠠᠶ᠋ᠢ ᠬᠠᠮᠤᠭ ᠤᠨ ᠰᠠᠶᠢᠨ ᠴᠢᠳᠠᠪᠬᠢ ᠶᠢᠨ | ᠪᠠᠶᠢᠳᠠᠯ ᠳᠤ ᠪᠠᠨ ᠬᠦᠷᠳᠡᠭ ᠪᠠᠶᠢᠨ᠎ᠠ᠃ ᠰᠢᠨ᠎ᠡ ᠠᠪᠣᠭᠰᠠᠨ ᠯᠢᠲ᠋ᠢ ᠴᠠᠬᠢᠯᠭᠠᠨ ᠵᠠᠢ ᠶᠢ ᠲᠥᠷᠦᠭᠦᠨ ᠤ 3 ᠠᠴᠠ 5 | ᠤᠳᠠᠭ᠎ᠠ ᠳᠤ ᠪᠦᠷ 14 ᠴᠠᠭ ᠠᠴᠠ ᠳᠡᠭᠡᠭᠰᠢ ᠴᠡᠨᠡᠭᠯᠡᠬᠦ ᠬᠡᠷᠡᠭᠲᠡᠢ᠂ ᠡᠨᠡ ᠨᠢ ᠯᠢᠲ᠋ᠢ ᠢᠶᠤᠨ ᠤ ᠢᠳᠡᠪᠬᠢ | ᠴᠢᠨᠠᠷ ᠢ ᠬᠦᠢᠴᠡᠳ ᠬᠥᠭᠵᠢᠭᠡᠬᠦ ᠪᠣᠯᠣᠨ᠎ᠠ᠃ ᠡᠭᠦᠨ ᠤ ᠬᠠᠮᠳᠤ᠂ ᠯᠢᠲ᠋ᠢ ᠴᠠᠬᠢᠯᠭᠠᠨ ᠵᠠᠢ ᠶᠢ ᠴᠡᠨᠡᠭᠯᠡᠬᠦ ᠳᠤ ᠪᠠᠨ | ᠲᠣᠰᠬᠠᠢ ᠴᠠᠬᠢᠯᠭᠠᠨ ᠴᠡᠨᠡᠭᠯᠡᠭᠴᠢ ᠬᠡᠷᠡᠭᠯᠡᠬᠦ ᠪᠠᠷ ᠪᠠᠷᠠᠬᠤ ᠦᠭᠡᠢ ᠲᠣᠳᠣᠷᠬᠠᠶᠢᠯᠠᠯᠲᠠ ᠶᠣᠰᠣᠭᠠᠷ ᠴᠡᠨᠡᠭᠯᠡᠬᠦ | ᠬᠡᠷᠡᠭᠲᠡᠢ᠂ ᠦᠭᠡᠢ ᠪᠣᠯ ᠭᠦᠢᠴᠡᠳ ᠴᠡᠨᠡᠭᠯᠡᠵᠦ ᠳᠡᠶᠢᠯᠬᠦ ᠦᠭᠡᠢ ᠪᠠᠶᠢᠵᠦ᠂ ᠲᠡᠭᠦᠨ ᠤ ᠢᠳᠡᠪᠬᠢ ᠴᠢᠨᠠᠷ ᠢ | ᠨᠥᠯᠦᠭᠡᠯᠡᠬᠦ ᠪᠠᠷ ᠪᠠᠷᠠᠬᠤ ᠦᠭᠡᠢ ᠴᠢᠨᠠᠭᠰᠢᠯᠠᠪᠠᠯ ᠳᠡᠯᠪᠡᠷᠡᠯᠲᠡ ᠡᠭᠦᠰᠴᠤ ᠮᠡᠳᠡᠨ᠎ᠡ᠃ | 3᠂ ᠯᠢᠲ᠋ᠢ ᠴᠠᠬᠢᠯᠭᠠᠨ ᠵᠠᠢ ᠨᠢ ᠬᠡᠳᠤ ᠬᠦᠢᠲᠡᠨ ᠬᠠᠯᠠᠭᠤᠨ ᠠᠴᠠ ᠠᠶᠤᠳᠠᠭ ᠲᠤᠯᠠ ᠳᠣᠯᠠᠭᠠᠨ ᠤ ᠬᠡᠮᠵᠢᠶ᠎ᠡ ᠶᠢ | ᠲᠣᠬᠢᠷᠠᠮᠵᠢᠲᠠᠢ ᠪᠠᠶᠢᠯᠭᠠᠬᠤ ᠬᠡᠷᠡᠭᠲᠡᠢ ᠃ | ᠯᠢᠲ᠋ᠢ ᠴᠠᠬᠢᠯᠭᠠᠨ ᠵᠠᠢ ᠶᠢᠨ ᠴᠠᠬᠢᠯᠭᠠᠨ ᠢ ᠬᠡᠷᠡᠭᠯᠡᠬᠦ ᠪᠣᠶᠣ ᠴᠡᠨᠡᠭᠯᠡᠬᠦ ᠳᠤ ᠭᠤᠣᠯᠳᠠᠭᠤ ᠯᠢᠲ᠋ᠢ ᠢᠶᠤᠨ ᠤ ᠰᠢᠯᠵᠢᠬᠦ | ᠳᠤ ᠲᠦᠰᠢᠭᠯᠡᠳᠡᠭ᠂ ᠯᠢᠲ᠋ᠢ ᠢᠶᠤᠨ ᠤ ᠴᠠᠬᠢᠯᠭᠠᠨ ᠵᠠᠢ ᠶᠢᠨ ᠠᠵᠢᠯᠯᠠᠬᠤ ᠤᠭ ᠶᠣᠰᠣ ᠪᠣᠯ ᠳᠣᠲᠣᠭᠠᠳᠣ | ᠴᠠᠬᠢᠯᠭᠠᠨ ᠵᠠᠳᠠᠷᠠᠯ ᠤᠨᠬᠢᠮᠢ ᠶᠢᠨ ᠤᠷᠪᠠᠯ ᠪᠠᠷ ᠳᠠᠮᠵᠢᠨ᠂ ᠠᠷᠭ᠎ᠠ ᠪᠢᠯᠢᠭ ᠤᠨ ᠲᠤᠶᠢᠯ ᠳᠤ ᠴᠢᠬᠢᠯᠭᠠᠨ ᠫᠤᠨ᠋ᠸᠤᠲ | ᠤᠨ ᠵᠦᠷᠢᠶ᠎ᠡ ᠡᠭᠦᠰᠴᠦ᠂ ᠡᠭᠦᠨ ᠤ ᠤᠯᠠᠮ ᠠᠴᠠ ᠴᠠᠬᠢᠯᠭᠠᠨ ᠭᠦᠶᠦᠳᠡᠯ ᠡᠭᠦᠰᠣᠨᠠ᠃ ᠬᠡᠳᠤ ᠬᠦᠢᠲᠡᠨ ᠪᠠᠶᠢᠳᠠᠯ | ᠳᠣᠣᠷ᠎ᠠ ᠴᠠᠬᠢᠯᠭᠠᠨ ᠵᠠᠳᠠᠷᠠᠯ ᠤᠨ ᠰᠢᠯᠵᠢᠯᠲᠡ ᠣᠳᠠᠭᠠᠨ ᠪᠠᠶᠢᠵᠣ᠂ ᠯᠢᠲ᠋ᠢ ᠢᠶᠣᠨ ᠤ ᠠᠷᠭ᠎ᠠ ᠪᠢᠯᠢᠭ ᠲᠤᠶᠢᠯ ᠤᠨ | ᠬᠤᠭᠤᠷᠣᠨᠳᠣᠬᠢ ᠢᠳᠡᠪᠬᠢ ᠰᠢᠯᠵᠢᠯᠲᠡ ᠶᠢ ᠨᠥᠯᠦᠭᠡᠯᠡᠵᠦ᠂ ᠴᠠᠬᠢᠯᠭᠠᠨ ᠵᠠᠢ ᠶᠢᠨ ᠴᠠᠬᠢᠯᠭᠠᠨ ᠴᠡᠨᠡᠭᠯᠡᠨ ᠬᠡᠷᠡᠭᠯᠡᠬᠦ | ᠴᠢᠳᠠᠪᠬᠢ ᠶᠢ ᠪᠠᠭᠤᠷᠠᠭᠤᠯᠬᠤ ᠪᠣᠯᠣᠨ᠎ᠠ᠃ ᠬᠡᠳᠤ ᠬᠠᠯᠠᠭᠤᠨ ᠪᠠᠶᠢᠳᠠᠯ ᠳᠣᠣᠷ᠎ᠠ ᠴᠠᠬᠢᠯᠭᠠᠨ ᠵᠠᠢ ᠶᠢᠨ ᠳᠣᠲᠣᠭᠠᠳᠣ | ᠳᠠᠷᠣᠯᠲᠠ ᠶᠢ ᠶᠡᠭᠡᠰᠬᠡᠵᠦ᠂ ᠳᠠᠷᠣᠯᠲᠠ ᠶᠢᠨ ᠬᠡᠮᠵᠢᠶ᠎ᠡ ᠨᠢᠭᠡ ᠬᠡᠮᠵᠢᠶᠡᠨ ᠳᠤ ᠬᠦᠷᠬᠦ ᠳᠤ ᠴᠠᠬᠢᠯᠭᠠᠨ ᠵᠠᠢ | ᠳᠡᠯᠪᠡᠷᠡᠵᠦ ᠮᠡᠳᠡᠬᠦ ᠶᠤᠮ᠃ ᠲᠤᠭ᠎ᠠ ᠪᠦᠷᠢᠳᠬᠡᠯ ᠤᠨ ᠵᠠᠳᠠᠯᠣᠯᠲᠠ ᠳᠤ ᠢᠯᠡᠷᠡᠭᠦᠯᠦᠭᠰᠡᠨ ᠢᠶᠠᠷ᠂ ᠡᠩ ᠤᠨ | ᠴᠠᠬᠢᠯᠭᠠᠨ ᠵᠠᠢ ᠶᠢ 0 ᠭᠷᠠᠳᠦ᠋ᠰ ᠠᠴᠠ35 ᠭᠷᠠᠳᠦ᠋ᠰ ᠤᠨ ᠬᠤᠭᠤᠷᠣᠨᠳᠣᠬᠢ ᠣᠷᠴᠢᠨ ᠳᠤ ᠯᠠ ᠬᠡᠷᠡᠭᠯᠡᠵᠦ ᠪᠤᠯᠳᠠᠭ᠃ | | |