ᠨᠠᠮᠤᠷ ᠤᠨ ᠤᠯᠠᠷᠢᠯ ᠳᠤ ᠡᠳᠦᠷ ᠰᠥᠨᠢ ᠶᠢᠨ ᠠᠭᠠᠷ ᠤᠨ ᠳᠤᠯᠠᠭᠠᠨ ᠤ ᠵᠥᠷᠢᠶ᠎ᠡ ᠶᠡᠬᠡᠰᠴᠦ᠂ ᠢᠯᠠᠩᠭᠤᠶ᠎ᠠ | ᠤᠮᠠᠷᠠᠲᠤ ᠣᠷᠣᠨ ᠳᠤ ᠨᠠᠩ ᠢᠯᠡᠷᠬᠡᠢ ᠮᠡᠳᠡᠷᠡᠭᠳᠡᠳᠡᠭ᠃ ᠣᠷᠴᠢᠨ ᠲᠣᠭᠤᠷᠢᠨ ᠤ ᠳᠤᠯᠠᠭᠠᠨ ᠤ ᠬᠤᠪᠢᠷᠠᠯᠲᠠ ᠨᠢ | ᠪᠡᠶ᠎ᠡ ᠮᠠᠬᠠᠪᠤᠳ ᠢ ᠨᠥᠯᠥᠭᠡᠯᠡᠳᠡᠭ ᠪᠣᠯᠬᠤᠷ ᠪᠡᠶ᠎ᠡ ᠪᠠᠨ ᠰᠤᠪᠢᠯᠠᠬᠤ ᠳᠤ ᠬᠠᠨᠳᠤᠯᠭ᠎ᠠ ᠲᠠᠢ ᠪᠠᠶᠢᠬᠤ ᠬᠡᠷᠡᠭᠲᠡᠢ᠃ | ᠲᠠᠭᠠᠷᠠᠬᠤ ᠠᠴᠠ ᠰᠡᠷᠭᠡᠶᠢᠯᠡᠬᠦ᠃ ᠨᠠᠮᠤᠷ ᠤᠨ ᠤᠯᠠᠷᠢᠯ ᠳᠤ ᠳᠤᠯᠠᠭᠠᠯᠠᠬᠤ ᠶᠢ ᠠᠩᠬᠠᠷᠬᠤ ᠦᠭᠡᠢ ᠪᠣᠯ ᠬᠦᠢᠲᠡᠨ | ᠠᠭᠠᠷ ᠠᠷᠠᠰᠤᠨ ᠳᠤ ᠰᠡᠳᠦᠯᠲᠡ ᠥᠭᠴᠦ᠂ ᠬᠥᠮᠥᠨ ᠤ ᠪᠡᠶ᠎ᠡ ᠵᠢᠩᠭᠢᠨᠡᠬᠦ ᠠᠴᠠ ᠪᠣᠯᠵᠤ ᠡᠭᠡᠯᠢᠯᠡᠭᠡ ᠶᠢᠨ | ᠴᠢᠳᠠᠪᠤᠷᠢ ᠨᠢ ᠪᠠᠭᠤᠷᠠᠵᠤ᠂ ᠬᠦᠢᠲᠡᠨ ᠭᠡᠮ ᠰᠣᠭᠤᠭ ᠢ ᠡᠰᠡᠷᠭᠦᠴᠡᠬᠦ ᠴᠢᠳᠠᠯ ᠦᠭᠡᠢ ᠪᠣᠯᠵᠤ᠂ ᠠᠭᠤᠰᠬᠢ ᠪᠠ | ᠠᠮᠢᠰᠬᠤᠯ ᠤᠨ ᠵᠠᠮ ᠤᠨ ᠡᠪᠡᠳᠴᠢᠨ ᠳᠤ ᠠᠮᠠᠷᠬᠠᠨ ᠨᠡᠷᠪᠡᠭᠳᠡᠬᠦ ᠪᠣᠯᠣᠨ᠎ᠠ᠃ ᠡᠶᠢᠮᠦ ᠪᠣᠯᠬᠤᠷ ᠥᠷᠯᠥᠭᠡ | ᠣᠷᠣᠢ ᠳᠠᠭᠠᠨ ᠬᠤᠪᠴᠠᠰᠤ ᠬᠤᠨᠠᠷ ᠭᠦᠨᠵᠢᠯᠡ ᠳᠡᠪᠢᠰᠬᠡᠷ ᠢᠶᠠᠨ ᠵᠤᠵᠠᠭᠠᠯᠠᠬᠤ ᠶᠢ ᠰᠠᠨᠠᠭᠤᠯᠤᠶ᠎ᠠ᠂ ᠨᠢᠷᠤᠭᠤ | ᠴᠡᠭᠡᠵᠢ ᠪᠠᠨ ᠢᠯᠡ ᠭᠠᠷᠭᠠᠵᠤ ᠪᠤᠯᠬᠤ ᠦᠭᠡᠢ᠃ ᠤᠨᠲᠠᠵᠤ ᠬᠡᠪᠲᠡᠬᠦ ᠳᠡᠭᠡᠨ ᠰᠡᠷᠢᠭᠦᠨ ᠪᠠᠶᠢᠬᠤ ᠳᠤ ᠬᠤᠪᠳᠣᠭᠯᠠᠵᠤ | ᠪᠤᠯᠬᠤ ᠦᠭᠡᠢ᠂ ᠴᠣᠩᠬᠤ ᠪᠣᠯᠣᠨ ᠠᠭᠠᠷ ᠲᠣᠬᠢᠷᠠᠭᠤᠯᠤᠭᠴᠢ ᠪᠠᠨ ᠬᠠᠭᠠᠵᠤ᠂ ᠤᠷᠲᠤ ᠥᠮᠥᠳᠦ ᠬᠤᠪᠴᠠᠰᠤ | ᠡᠮᠦᠰᠴᠦ ᠤᠨᠲᠠᠪᠠᠯ ᠵᠣᠬᠢᠨ᠎ᠠ᠃ | ᠬᠠᠭᠤᠷᠠᠢ ᠶᠢ ᠰᠡᠷᠭᠡᠶᠢᠯᠡᠬᠦ᠃ ᠨᠠᠮᠤᠷ ᠬᠠᠭᠤᠷᠠᠶᠢᠳᠠᠪᠠᠯ ᠬᠥᠮᠥᠨ ᠤ ᠪᠡᠶ᠎ᠡ ᠳᠤ ᠠᠮᠠᠷᠬᠠᠨ ᠠᠮᠠ ᠬᠠᠲᠠᠬᠤ᠂ | ᠤᠷᠤᠭᠤᠯ ᠬᠠᠲᠠᠬᠤ᠂ ᠬᠠᠮᠠᠷ ᠬᠠᠲᠠᠬᠤ᠂ ᠵᠠᠯᠭᠢᠭᠤᠷ ᠬᠠᠲᠠᠬᠤ ᠵᠢᠴᠢ ᠥᠳᠬᠡᠨ ᠮᠥᠷ ᠬᠠᠲᠠᠬᠤ᠂ ᠠᠷᠠᠰᠤ | ᠬᠠᠭᠤᠷᠠᠶᠢᠳᠠᠬᠤ ᠵᠡᠷᠭᠡ ᠡᠪᠡᠳᠴᠢᠨ ᠤ ᠢᠯᠡᠷᠡᠯ ᠭᠠᠷᠤᠨ᠎ᠠ᠂ ᠬᠦᠨᠳᠦ ᠬᠠᠭᠤᠷᠠᠶᠢᠳᠠᠭᠰᠠᠨ ᠠᠴᠠ ᠪᠣᠯᠵᠤ ᠬᠠᠮᠠᠷ ᠤᠨ | ᠬᠥᠨᠳᠡᠢ ᠠᠴᠠ ᠴᠢᠰᠤ ᠭᠠᠷᠤᠨ᠎ᠠ᠃ ᠡᠳᠦᠷ ᠲᠤᠲᠤᠮ ᠤᠨ ᠢᠳᠡᠭᠡᠨ ᠤᠮᠳᠠᠭᠠᠨ ᠳᠤ ᠮᠠᠭᠠᠵᠢ᠂ ᠵᠥᠭᠡᠢ ᠶᠢᠨ ᠪᠠᠯ᠂ | ᠡᠯᠵᠢᠭᠡᠨ ᠴᠢᠬᠢ᠂ ᠲᠥᠪᠡᠳ ᠬᠠᠰᠢ᠂ ᠬᠡᠯᠡᠭᠡᠢ ᠰᠠᠷᠠᠨ᠎ᠠ᠂ ᠬᠠᠷ᠎ᠠ ᠭᠦᠢᠯᠡᠰᠦ ᠵᠡᠷᠭᠡ ᠵᠥᠭᠡᠯᠡᠨ ᠢᠳᠡᠭᠡᠨ ᠢᠯᠡᠭᠦᠬᠡᠨ | ᠢᠳᠡᠵᠦ᠂ ᠡᠳᠡᠭᠡᠷ ᠢᠳᠡᠭᠡᠨ ᠨᠢ ᠬᠤᠳᠣᠭᠤᠳᠤᠨ ᠳᠤ ᠲᠤᠰᠠᠲᠠᠢ᠂ ᠠᠭᠤᠰᠬᠢ ᠶᠢ ᠰᠢᠮᠡᠵᠢᠭᠦᠯᠳᠡᠭ᠃ ᠪᠠᠰᠠ | ᠢᠯᠡᠭᠦᠬᠡᠨ ᠤᠰᠤ ᠤᠤᠭᠤᠬᠤ ᠶᠢ ᠠᠩᠬᠠᠷᠴᠤ᠂ ᠠᠭᠤᠰᠬᠢ ᠪᠣᠯᠣᠨ ᠠᠮᠢᠰᠬᠤᠯ ᠤᠨ ᠵᠠᠮ ᠤᠨ ᠬᠡᠪ ᠤᠨ ᠴᠢᠭᠢᠭᠯᠢᠭ ᠤᠨ | ᠬᠡᠮᠵᠢᠶ᠎ᠡ ᠶᠢ ᠪᠠᠲᠤᠯᠠᠬᠤ ᠬᠡᠷᠡᠭᠲᠡᠢ᠃ | ᠳᠤᠯᠠᠭᠠᠨ ᠤ ᠵᠥᠷᠢᠶ᠎ᠡ ᠶᠢ ᠰᠡᠷᠭᠡᠶᠢᠯᠡᠬᠦ᠃ ᠨᠠᠮᠤᠷ ᠤᠨ ᠥᠷᠯᠥᠭᠡ ᠣᠷᠣᠢ ᠶᠢᠨ ᠳᠤᠯᠠᠭᠠᠨ ᠤ ᠵᠥᠷᠢᠶ᠎ᠡ ᠶᠡᠭᠡ᠃ | ᠵᠢᠷᠦᠬᠡ ᠪᠠᠵᠠᠯᠠᠵᠤ ᠡᠪᠡᠳᠬᠦ ᠴᠢᠨᠠᠭᠰᠢᠯᠠᠨ ᠵᠢᠷᠦᠬᠡᠨ ᠪᠤᠯᠴᠢᠩ ᠤᠨ ᠲᠦᠭᠵᠢᠷᠡᠯ ᠵᠡᠷᠭᠡ ᠵᠢᠷᠦᠬᠡ ᠲᠠᠷᠢᠬᠢᠨ ᠤ ᠴᠢᠰᠤᠨ | ᠰᠤᠳᠠᠯ ᠤᠨ ᠲᠦᠷᠭᠡᠨ ᠴᠢᠨᠠᠷᠲᠠᠢ ᠡᠪᠡᠳᠴᠢᠨ ᠳᠤ ᠠᠪᠴᠤ ᠬᠡᠯᠡᠪᠡᠯ᠂ ᠭᠡᠳᠦ ᠬᠦᠢᠲᠡᠨ ᠭᠡᠳᠦ ᠬᠠᠯᠠᠭᠤᠨ ᠨᠢ ᠪᠦᠷ | ᠡᠪᠡᠳᠴᠢᠨ ᠡᠭᠦᠰᠬᠡᠬᠦ ᠰᠢᠯᠲᠠᠭᠠᠨ ᠪᠣᠯᠣᠨ᠎ᠠ᠃ ᠡᠶᠢᠮᠦ ᠠᠴᠠ ᠤᠯᠠᠷᠢᠯ ᠰᠣᠯᠢᠭᠳᠠᠬᠤ ᠦᠶ᠎ᠡ ᠳᠤ᠂ ᠵᠢᠷᠦᠬᠡ | ᠲᠠᠷᠢᠬᠢᠨ ᠤ ᠴᠢᠰᠤᠨ ᠰᠤᠳᠠᠯ ᠤᠨ ᠡᠪᠡᠳᠴᠢᠲᠡᠨ ᠨᠡᠩ ᠢᠯᠡᠭᠦᠦ ᠠᠩᠬᠠᠷᠬᠤ ᠬᠡᠷᠡᠭᠲᠡᠢ᠃ | ᠬᠦᠢᠲᠡᠨ ᠠᠴᠠ ᠰᠡᠷᠭᠡᠶᠢᠯᠡᠨ᠎ᠡ᠃ ᠢᠳᠡᠭᠡᠨ ᠤᠮᠳᠠᠭᠠᠨ ᠤ ᠲᠠᠯ᠎ᠠ ᠪᠠᠷ ᠬᠦᠢᠲᠡᠨ ᠰᠡᠷᠢᠭᠦᠨ ᠪᠠᠶᠢᠬᠤ ᠠᠴᠠ | ᠬᠢᠴᠢᠶᠡᠬᠦ ᠬᠡᠷᠡᠭᠲᠡᠢ᠃ ᠴᠠᠭᠠᠨ ᠰᠢᠭᠦᠳᠡᠷᠢ ᠶᠢᠨ ᠳᠠᠷᠠᠭ᠎ᠠ ᠦᠷᠭᠦᠯᠵᠢᠯᠡᠨ ᠶᠡᠭᠡ ᠬᠡᠮᠵᠢᠶᠡᠨ ᠤ ᠭᠤᠸ᠎ᠠ ᠶᠢᠨ | ᠲᠥᠷᠥᠯ ᠤᠨ ᠵᠢᠮᠢᠰ ᠢ ᠲᠦᠭᠦᠬᠡᠢ ᠪᠠᠷ ᠢᠳᠡᠪᠡᠯ ᠠᠮᠠᠷᠬᠠᠨ ᠭᠡᠳᠡᠰᠦᠨ ᠤ ᠡᠪᠡᠳᠴᠢᠨ ᠢ ᠡᠭᠦᠰᠬᠡᠨ᠎ᠡ᠃ ᠡᠭᠦᠨ ᠠᠴᠠ | ᠭᠠᠳᠠᠨ᠎ᠠ᠂ ᠬᠦᠢᠲᠡᠨ ᠤᠮᠳᠠᠭᠠᠨ᠂ ᠮᠥᠰᠦᠮᠡᠯᠵᠢ ᠵᠡᠷᠭᠡ ᠶᠢ ᠢᠳᠡᠬᠦ ᠬᠡᠮᠵᠢᠶ᠎ᠡ ᠪᠠᠨ ᠪᠠᠭᠠᠰᠬᠠᠪᠠᠯ ᠵᠣᠬᠢᠨ᠎ᠠ᠃ |