ᠵᠢᠷᠦᠬᠡ ᠶᠢ ᠬᠥᠮᠥᠨ ᠤ ᠪᠡᠶ᠎ᠡ ᠶᠢᠨ ᠬᠥᠳᠡᠯᠭᠡᠭᠦᠷ ᠭᠡᠳᠡᠭ᠂ ᠵᠢᠷᠦᠬᠡ ᠬᠡᠪ ᠤᠨ ᠪᠠᠶᠢᠳᠠᠯ ᠢᠶᠠᠷ ᠠᠵᠢᠯᠯᠠᠪᠠᠯ ᠰᠠᠶ᠋ᠢ | ᠪᠦᠭᠦ ᠪᠡᠶ᠎ᠡ ᠶᠢᠨ ᠡᠯ᠎ᠡ ᠡᠷᠬᠡᠲᠡᠨ ᠳᠤ ᠭᠦᠢᠴᠡᠳ ᠬᠡᠮᠵᠢᠶᠡᠨ ᠤ ᠴᠢᠰᠤ ᠪᠠ ᠰᠢᠮ᠎ᠡ ᠲᠡᠵᠢᠭᠡᠯ ᠬᠠᠩᠭᠠᠵᠤ᠂ ᠪᠢᠳᠡ | ᠰᠠᠶ᠋ᠢ ᠣᠷᠣᠰᠢᠨ ᠲᠣᠭᠲᠠᠨᠢᠵᠤ ᠴᠢᠳᠠᠨ᠎ᠠ᠃ ᠵᠢᠷᠦᠬᠡᠨ ᠳᠤ ᠪᠠᠰᠠ ᠥᠪᠡᠷ ᠤᠨ ᠳᠤᠷ᠎ᠠ ᠦᠭᠡᠢ ᠵᠦᠢᠯ ᠪᠠᠶᠢᠳᠠᠭ᠂ | ᠡᠶᠢᠮᠦ ᠪᠣᠯᠬᠤᠷ ᠪᠢᠳᠡ ᠡᠳᠡᠭᠡᠷ ᠢ ᠣᠶᠢᠯᠠᠭᠠᠵᠤ᠂ ᠡᠳᠦᠷ ᠳᠤᠳᠤᠮ ᠤᠨ ᠠᠮᠢᠳᠤᠷᠠᠯ ᠳᠤᠮᠳᠠ ᠪᠠᠨ ᠠᠩᠬᠠᠷᠤᠨ᠂ | ᠵᠢᠷᠦᠬᠡ ᠪᠠᠨ ᠰᠠᠶᠢᠲᠤᠷ ᠬᠠᠮᠠᠭᠠᠯᠠᠪᠠᠯ ᠵᠣᠬᠢᠨ᠎ᠠ᠃ ᠦᠷᠭᠦᠯᠵᠢ ᠲᠠᠮᠠᠬᠢ ᠲᠠᠲᠠᠬᠤ ᠰᠤᠳᠤᠯᠭᠠᠨ ᠳᠤ | ᠢᠯᠡᠷᠡᠭᠦᠯᠦᠭᠰᠡᠨ ᠢᠶᠠᠷ᠂ ᠲᠠᠮᠠᠬᠢ ᠲᠠᠲᠠᠬᠤ ᠪᠣᠯ ᠵᠢᠷᠦᠬᠡᠨ ᠪᠤᠯᠴᠢᠩ ᠤᠨ ᠲᠦᠭᠵᠢᠷᠡᠯ ᠡᠭᠦᠰᠬᠡᠬᠦ ᠠᠶᠤᠯᠲᠤ | ᠡᠯᠧᠮᠧᠨ᠋ᠲ ᠤᠨ ᠨᠢᠭᠡ ᠮᠥᠨ᠃ ᠲᠠᠮᠠᠬᠢ ᠲᠠᠲᠠᠭᠴᠢ ᠶᠢᠨ ᠲᠠᠮᠠᠬᠢᠨ ᠰᠢᠨᠤᠯ ᠨᠢ ᠬᠡᠳᠦᠢ ᠶᠡᠭᠡ᠂ ᠲᠠᠮᠠᠬᠢ ᠲᠠᠲᠠᠭᠰᠠᠨ | ᠬᠤᠭᠤᠴᠠᠭ᠎ᠠ ᠨᠢ ᠬᠡᠳᠦᠢ ᠤᠷᠲᠤ ᠪᠣᠯ ᠵᠢᠷᠦᠬᠡᠨ ᠲᠢᠲᠢᠮ ᠤᠨ ᠡᠪᠡᠳᠴᠢᠨ ᠳᠤ ᠨᠡᠷᠪᠡᠭᠳᠡᠬᠦ ᠪᠠ ᠦᠬᠦᠬᠦ ᠨᠤᠷᠮ᠎ᠠ ᠨᠢ | ᠲᠡᠳᠦᠢ ᠥᠨᠳᠥᠷ ᠪᠠᠶᠢᠳᠠᠭ᠃ | ᠲᠤᠭ᠎ᠠ ᠪᠠᠷᠢᠮᠲᠠ ᠳᠤ ᠢᠯᠡᠷᠡᠭᠦᠯᠦᠭᠰᠡᠨ ᠢᠶᠠᠷ᠂ ᠪᠦᠭᠦ ᠳᠡᠯᠡᠬᠡᠢ ᠳᠤ ᠵᠢᠯ ᠪᠦᠷᠢ ᠪᠠᠷᠤᠭ 190 ᠲᠦᠮᠡᠨ | ᠬᠥᠮᠥᠨ ᠲᠠᠮᠠᠬᠢ ᠲᠠᠲᠠᠬᠤ ᠪᠤᠶᠤ ᠳᠠᠮ ᠤᠨ ᠲᠠᠮᠠᠬᠢ ᠲᠠᠲᠠᠭᠰᠠᠨ ᠠᠴᠠ ᠪᠣᠯᠵᠤ ᠵᠢᠷᠦᠬᠡᠨ ᠲᠢᠲᠢᠮ ᠤᠨ | ᠡᠪᠡᠳᠴᠢᠨ ᠢᠶᠠᠷ ᠠᠮᠢ ᠨᠠᠰᠤ ᠪᠠᠨ ᠠᠯᠳᠠᠵᠤ᠂ ᠪᠠᠷᠤᠭ ᠪᠦᠭᠦ ᠳᠡᠯᠡᠬᠡᠢ ᠶᠢᠨ ᠵᠢᠷᠦᠬᠡᠨ ᠲᠢᠲᠢᠮ ᠤᠨ ᠡᠪᠡᠳᠴᠢᠨ ᠢᠶᠠᠷ | ᠦᠬᠦᠭᠰᠡᠳ ᠤᠨ ᠲᠠᠪᠤᠨ ᠤ ᠨᠢᠭᠡ ᠬᠤᠪᠢ ᠶᠢ ᠡᠵᠡᠯᠡᠵᠦ ᠪᠠᠶᠢᠨ᠎ᠠ᠃ ᠲᠠᠮᠠᠬᠢᠨ ᠳᠠᠬᠢ ᠨᠢᠺᠦᠲ᠋ᠢᠨ ᠪᠣᠯᠣᠨ | ᠨᠡᠭᠦᠷᠡᠰᠦᠲᠥ᠋ᠷᠥᠭᠴᠢ ᠶᠢᠨ ᠳᠠᠩ ᠢᠰᠦᠯ ᠨᠢ ᠴᠢᠰᠤᠨ ᠰᠤᠳᠠᠯ ᠤᠨ ᠬᠠᠨ᠎ᠠ ᠶᠢ ᠡᠪᠳᠡᠬᠦ ᠶᠢᠨ ᠬᠠᠮᠲᠤ ᠴᠢᠰᠤᠨ | ᠳᠠᠷᠤᠯᠲᠠ ᠶᠢ ᠥᠨᠳᠥᠷᠵᠢᠭᠦᠯᠵᠦ᠂ ᠯᠤᠭᠰᠢᠭᠤᠨ ᠰᠤᠳᠠᠯ ᠢ ᠥᠭᠡᠬᠦᠵᠢᠭᠦᠯᠦᠨ ᠬᠠᠲᠠᠭᠤᠷᠠᠭᠤᠯᠳᠠᠭ᠃ ᠲᠠᠮᠠᠬᠢ ᠪᠠᠨ | ᠵᠣᠬᠰᠣᠬᠤ ᠨᠢ ᠵᠢᠷᠦᠬᠡᠨ ᠤ ᠴᠢᠰᠤᠨ ᠰᠤᠳᠠᠯ ᠳᠤ ᠮᠠᠰᠢ ᠲᠦᠷᠭᠡᠨ ᠢᠶᠠᠷ ᠮᠡᠳᠡᠭᠳᠡᠵᠦ᠂ ᠵᠣᠭᠰᠣᠭᠰᠠᠨ ᠤ ᠳᠠᠷᠠᠭᠠᠬᠢ | ᠨᠢᠭᠡ ᠡᠳᠦᠷ ᠤᠨ ᠳᠣᠲᠣᠷ᠎ᠠ ᠵᠢᠷᠦᠬᠡᠨ ᠤ ᠳᠠᠪᠲᠠᠮᠵᠢ ᠪᠠ ᠴᠢᠰᠤᠨ ᠳᠠᠷᠤᠯᠲᠠ ᠶᠢ ᠳᠣᠷᠣᠭᠰᠢᠯᠠᠭᠤᠯᠵᠤ᠂ ᠴᠢᠰᠤᠨ ᠤ | ᠨᠡᠭᠦᠷᠡᠰᠦᠲᠥ᠋ᠷᠥᠭᠴᠢ ᠶᠢᠨ ᠳᠠᠩ ᠢᠰᠦᠯ ᠤᠨ ᠬᠡᠮᠵᠢᠶ᠎ᠡ ᠶᠢ ᠬᠡᠪ ᠤᠨ ᠪᠠᠶᠢᠳᠠᠯ ᠳᠤ ᠣᠷᠣᠭᠤᠯᠤᠨ᠎ᠠ᠃ ᠲᠠᠮᠠᠬᠢ ᠪᠠᠨ | ᠵᠣᠭᠰᠣᠭᠠᠳ 1 ᠵᠢᠯ ᠪᠣᠯᠪᠠᠯ᠂ ᠵᠢᠷᠦᠬᠡᠨ ᠲᠢᠲᠢᠮ ᠤᠨ ᠡᠪᠡᠳᠴᠢᠨ ᠳᠤ ᠨᠡᠷᠪᠡᠭᠳᠡᠬᠦ ᠠᠶᠤᠯ ᠨᠢ ᠵᠥᠪᠭᠡᠨ ᠲᠠᠮᠠᠬᠢ | ᠲᠠᠲᠠᠭᠴᠢ ᠶᠢᠨ ᠬᠠᠭᠠᠰ ᠯᠠ ᠪᠠᠶᠢᠵᠤ᠂ ᠲᠠᠮᠠᠬᠢ ᠪᠠᠨ ᠵᠣᠭᠰᠣᠭᠠᠳ 15 ᠵᠢᠯ ᠪᠣᠯᠪᠠᠯ᠂ ᠶᠡᠷᠦ ᠠᠴᠠ ᠲᠠᠮᠠᠬᠢ | ᠲᠠᠲᠠᠭ᠎ᠠ ᠦᠭᠡᠢ ᠬᠥᠮᠥᠨ ᠤ ᠬᠡᠮᠵᠢᠶᠡᠨ ᠳᠤ ᠭᠦᠷᠲᠡᠯ᠎ᠡ ᠳᠣᠷᠣᠭᠰᠢᠯᠠᠨ᠎ᠠ᠃ ᠡᠶᠢᠮᠦ ᠠᠴᠠ ᠵᠢᠷᠦᠬᠡ ᠪᠠᠨ ᠬᠠᠮᠠᠭᠠᠯᠠᠶ᠎ᠠ | ᠭᠡᠪᠡᠯ ᠲᠠᠮᠠᠬᠢ ᠪᠢᠲᠡᠭᠡᠢ ᠲᠠᠲᠠᠭᠠᠷᠠᠢ᠃ ᠬᠡᠵᠢᠶᠡᠳᠡ ᠬᠡᠲᠦᠷᠡᠲᠡᠯ᠎ᠡ ᠢᠳᠡᠵᠦ ᠤᠤᠭᠤᠬᠤ ᠵᠠᠷᠢᠮ ᠬᠥᠮᠥᠰ ᠦᠷᠭᠦᠯᠵᠢ | ᠬᠡᠲᠦᠷᠡᠲᠡᠯ᠎ᠡ ᠢᠳᠡᠵᠦ ᠤᠤᠭᠤᠳᠠᠭ᠃ ᠬᠡᠲᠦᠷᠡᠲᠡᠯ᠎ᠡ ᠢᠳᠡᠬᠦ ᠨᠢ ᠢᠯᠠᠩᠭᠤᠶ᠎ᠠ ᠲᠣᠰᠣᠯᠢᠭ ᠢᠳᠡᠭᠡᠨ ᠢ ᠶᠡᠭᠡ | ᠬᠡᠮᠵᠢᠶ᠎ᠡ ᠪᠠᠷ ᠢᠳᠡᠪᠡᠯ ᠴᠢᠰᠤᠨ ᠤ ᠤᠷᠤᠰᠬᠠᠯ ᠤᠨ ᠬᠤᠷᠳᠤᠴᠠ ᠶᠢ ᠤᠳᠠᠭᠠᠰᠢᠷᠠᠭᠤᠯᠵᠤ᠂ ᠵᠢᠷᠦᠬᠡᠨ ᠤ | ᠳᠠᠷᠤᠭᠠᠰᠤ ᠶᠢ ᠬᠦᠨᠳᠦᠷᠡᠭᠦᠯᠵᠦ᠂ ᠪᠠᠰᠠ ᠴᠢᠰᠤᠨ ᠢᠯᠲᠠᠰᠤ ᠶᠢᠨ ᠪᠥᠭᠡᠮᠨᠡᠷᠡᠬᠦ ᠴᠢᠨᠠᠷ ᠢ ᠨᠡᠮᠡᠭᠳᠡᠭᠦᠯᠵᠦ᠂ ᠲᠦᠷᠭᠡᠨ | ᠴᠢᠨᠠᠷᠲᠠᠢ ᠵᠢᠷᠦᠬᠡᠨ ᠪᠤᠯᠴᠢᠩ ᠤᠨ ᠲᠦᠭᠵᠢᠷᠡᠯ ᠢ ᠠᠮᠠᠷᠬᠠᠨ ᠡᠭᠦᠰᠬᠡᠨ᠎ᠡ᠃ ᠡᠭᠦᠨ ᠠᠴᠠ ᠭᠠᠳᠠᠨ᠎ᠠ᠂ ᠬᠡᠲᠦᠷᠡᠲᠡᠯ᠎ᠡ | ᠠᠷᠢᠬᠢ ᠤᠤᠭᠤᠬᠤ ᠨᠢ ᠵᠢᠷᠦᠬᠡᠨ ᠴᠣᠬᠢᠯᠭ᠎ᠠ ᠶᠢ ᠲᠦᠷᠭᠡᠳᠬᠡᠵᠦ᠂ ᠴᠢᠰᠤᠨ ᠳᠠᠷᠤᠯᠲᠠ ᠶᠢ ᠥᠨᠳᠥᠷᠵᠢᠭᠦᠯᠬᠦ ᠶᠢᠨ | ᠬᠠᠮᠲᠤ ᠵᠢᠷᠦᠬᠡᠨ ᠴᠣᠬᠢᠯᠭ᠎ᠠ ᠬᠡᠪ ᠤᠨ ᠪᠠᠶᠢᠳᠠᠯ ᠢᠶᠠᠨ ᠠᠯᠳᠠᠳᠠᠭ᠃ ᠡᠶᠢᠮᠦ ᠠᠴᠠ ᠲᠤᠯᠤᠭᠠᠨ ᠬᠤᠪᠢ ᠶᠢᠨ | ᠴᠠᠳᠬᠤᠯᠠᠩ᠂ ᠬᠠᠷᠠᠰᠣ ᠢᠳᠡᠭᠡᠨ ᠤᠮᠳᠠᠭᠠᠨ ᠪᠣᠯ ᠡᠷᠡᠭᠦᠯ ᠢᠳᠡᠭᠡᠨ ᠤᠮᠳᠠᠭᠠᠨ ᠤ ᠦᠨᠳᠦᠰᠦᠨ ᠵᠠᠷᠴᠢᠮ ᠮᠥᠨ᠂ | ᠠᠷᠢᠬᠢ ᠤᠤᠭᠤᠬᠤ ᠦᠭᠡᠢ ᠨᠢ ᠬᠠᠮᠤᠭ ᠤᠨ ᠰᠠᠶᠢᠨ᠂ ᠢᠯᠠᠩᠭᠤᠶ᠎ᠠ ᠤᠳᠠᠭᠠᠨ ᠴᠢᠨᠠᠷᠲᠠᠢ ᠡᠪᠡᠳᠴᠢᠨ ᠪᠤᠶᠤ ᠡᠮ | ᠤᠤᠭᠤᠵᠤ ᠪᠠᠶᠢᠭ᠎ᠠ ᠬᠥᠮᠥᠰ ᠶᠠᠭᠠᠬᠢᠭᠰᠠᠨ ᠴᠤ ᠠᠷᠢᠬᠢ ᠤᠤᠭᠤᠵᠤ ᠪᠤᠯᠬᠤ ᠦᠭᠡᠢ᠃ ᠬᠥᠳᠡᠯᠬᠦ ᠦᠭᠡᠢ ᠤᠳᠠᠭᠠᠨ | ᠰᠠᠭᠤᠬᠤ ᠴᠥᠭᠡᠨ ᠪᠤᠰᠤ ᠬᠥᠮᠥᠰ ᠠᠵᠢᠯ ᠳᠠᠭᠠᠨ ᠭᠠᠷᠬᠤ ᠳᠠᠭᠠᠨ ᠺᠤᠮᠫᠢᠦ᠋ᠲ᠋ᠧᠷ ᠤᠨ ᠡᠮᠦᠨ᠎ᠡ ᠰᠠᠭᠤᠵᠤ᠂ | ᠠᠵᠢᠯ ᠠᠴᠠ ᠪᠠᠨ ᠪᠠᠭᠤᠪᠠᠯ ᠱᠠᠹᠠ ᠳᠡᠭᠡᠷ᠎ᠡ ᠬᠡᠪᠲᠡᠵᠦ᠂ ᠡᠳᠦᠷ ᠪᠦᠷᠢ 6 ᠴᠠᠭ ᠠᠴᠠ ᠢᠯᠡᠭᠦᠦ ᠰᠠᠭᠤᠳᠠᠭ᠂ | ᠡᠨᠡ ᠨᠢ ᠡᠷᠡᠭᠦᠯ ᠮᠡᠨᠳᠦ ᠳᠤ ᠲᠦᠢᠯ ᠤᠨ ᠠᠰᠢᠭ ᠦᠭᠡᠢ ᠪᠠᠶᠢᠳᠠᠭ᠃ | ᠰᠤᠳᠤᠯᠭᠠᠨ ᠳᠤ ᠢᠯᠡᠷᠡᠭᠦᠯᠦᠭᠰᠡᠨ ᠢᠶᠠᠷ᠂ ᠲᠡᠳᠡᠭᠡᠷ ᠪᠦᠷᠢᠮᠦᠰᠦᠨ ᠬᠥᠳᠡᠯᠭᠡᠭᠡᠨ ᠬᠢᠬᠦ ᠦᠭᠡᠢ᠂ ᠡᠳᠦᠷ ᠪᠦᠷᠢ | 8 ᠴᠠᠭ ᠠᠴᠠ ᠢᠯᠡᠭᠦᠦ ᠤᠳᠠᠭᠠᠨ ᠰᠠᠭᠤᠭᠰᠠᠨ ᠬᠥᠮᠥᠰ ᠢ ᠴᠥᠭᠡᠨ ᠰᠠᠭᠤᠭᠰᠠᠨ ᠪᠥᠭᠡᠳ ᠢᠯᠡᠭᠦᠦ ᠬᠥᠳᠡᠯᠦᠭᠰᠡᠨ | ᠬᠥᠮᠥᠰ ᠲᠠᠢ ᠠᠳᠠᠯᠢᠳᠬᠠᠪᠠᠯ᠂ ᠦᠬᠦᠬᠦ ᠨᠤᠷᠮ᠎ᠠ ᠨᠢ 80% ᠪᠠᠷ ᠨᠡᠮᠡᠭᠳᠡᠳᠡᠭ᠃ ᠭᠡᠪᠡᠴᠦ ᠭᠦᠢᠴᠡᠳ ᠬᠡᠮᠵᠢᠶᠡᠨ ᠤ | ᠲᠠᠮᠢᠷ ᠤᠨ ᠪᠣᠯᠪᠠᠰᠤᠷᠠᠯ ᠨᠢ ᠨᠢᠭᠡ ᠪᠦᠯᠦᠭ ᠤᠳᠠᠭᠠᠨ ᠰᠠᠭᠤᠭᠰᠠᠨ ᠠᠴᠠ ᠪᠣᠯᠤᠭᠰᠠᠨ ᠬᠤᠣᠷ ᠬᠥᠨᠥᠭᠡᠯ ᠢ ᠠᠷᠢᠯᠭᠠᠵᠤ | ᠳᠡᠶᠢᠯᠳᠡᠭ᠃ ᠡᠶᠢᠮᠦ ᠠᠴᠠ ᠲᠠ ᠪᠦᠭᠦᠨ ᠳᠤ ᠨᠢᠭᠡ ᠴᠠᠭ ᠠᠯᠤᠰᠯᠠᠬᠤ ᠪᠦᠷᠢ ᠪᠣᠰᠴᠤ ᠬᠥᠳᠡᠯᠬᠦ ᠶᠢᠨ ᠬᠠᠮᠲᠤ ᠬᠡᠰᠡᠭ | ᠪᠤᠰᠠᠭ ᠴᠠᠭ ᠢ ᠠᠰᠢᠭᠯᠠᠨ ᠪᠣᠯᠪᠠᠰᠤᠷᠠᠵᠤ᠂ ᠨᠠᠰᠤᠨ ᠳᠤ ᠭᠦᠷᠦᠭᠰᠡᠳ ᠭᠠᠷᠠᠭ ᠪᠦᠷᠢ ᠴᠢᠳᠠᠬᠤ ᠶᠢᠨ ᠳᠣᠲᠣᠷ᠎ᠠ | 150 ᠠᠴᠠ 300 ᠮᠢᠨᠦ᠋ᠲ ᠤᠨ ᠳᠤᠮᠳᠠ ᠵᠡᠷᠭᠡ ᠶᠢᠨ ᠬᠦᠴᠦᠯᠡᠴᠡ ᠲᠠᠢ ᠪᠤᠶᠤ 75 ᠠᠴᠠ 150 ᠮᠢᠨᠦ᠋ᠲ ᠤᠨ | ᠥᠨᠳᠥᠷ ᠬᠦᠴᠦᠯᠡᠴᠡ ᠲᠠᠢ ᠬᠦᠴᠢᠯᠲᠥ᠋ᠷᠥᠭᠴᠢᠲᠦ ᠬᠥᠳᠡᠯᠭᠡᠭᠡᠨ ᠬᠢᠬᠦ ᠶᠢ ᠰᠠᠨᠠᠭᠤᠯᠤᠶ᠎ᠠ᠃ ᠤᠷᠳᠤ ᠬᠤᠭᠤᠴᠠᠭ᠎ᠠ ᠪᠠᠷ | ᠨᠦᠢᠷ ᠳᠤᠲᠠᠭᠤᠳᠠᠬᠤ ᠵᠠᠷᠢᠮ ᠬᠥᠮᠥᠨ ᠠᠵᠢᠯᠯᠠᠬᠤ ᠶᠢᠨ ᠲᠥᠯᠥᠭᠡ ᠰᠥᠨᠢᠵᠢᠨ ᠰᠠᠭᠤᠳᠠᠭ᠂ ᠭᠡᠪᠡᠴᠦ ᠨᠡᠩ ᠣᠯᠠᠨ | ᠬᠥᠮᠥᠨ ᠭᠠᠷ ᠤᠲᠠᠰᠤ ᠨᠠᠭᠠᠳᠬᠤ᠂ ᠲᠣᠭᠯᠠᠭᠠᠮ ᠨᠠᠭᠠᠳᠬᠤ ᠶᠢᠨ ᠲᠥᠯᠥᠭᠡ ᠰᠥᠨᠢᠵᠢᠨ ᠰᠠᠭᠤᠳᠠᠭ᠃ ᠤᠷᠲᠤ | ᠬᠤᠭᠤᠴᠠᠭ᠎ᠠ ᠨᠦᠢᠷ ᠬᠦᠷᠦᠯᠴᠡᠬᠦ ᠦᠭᠡᠢ ᠠᠴᠠ ᠪᠣᠯᠵᠤ᠂ ᠴᠢᠰᠤᠨ ᠳᠣᠲᠣᠷᠠᠬᠢ ᠦᠷᠪᠢᠰᠦᠯ ᠤᠨ | ᠨᠥᠯᠥᠭᠡᠯᠡᠭᠴᠢ ᠶᠢᠨ ᠴᠤᠭᠯᠠᠷᠠᠯ ᠢ ᠡᠭᠦᠰᠬᠡᠵᠦ᠂ ᠯᠤᠭᠰᠢᠭᠤᠨ ᠰᠤᠳᠠᠯ ᠤᠨ ᠥᠭᠡᠬᠦᠵᠢᠨ ᠬᠠᠲᠠᠭᠤᠷᠠᠯ ᠢ ᠡᠭᠦᠰᠬᠡᠵᠦ᠂ | ᠵᠢᠷᠦᠬᠡᠨ ᠤ ᠳᠠᠮᠵᠢᠭᠤᠯᠬᠤ ᠰᠢᠰᠲ᠋ᠧᠮ ᠢ ᠨᠥᠯᠥᠭᠡᠯᠡᠨ᠂ ᠵᠢᠷᠦᠬᠡᠨ ᠤ ᠠᠶᠢᠵᠠᠮ ᠬᠡᠪ ᠤᠨ ᠪᠠᠶᠢᠳᠠᠯ ᠢᠶᠠᠨ ᠠᠯᠳᠠᠬᠤ | ᠵᠡᠷᠭᠡ ᠪᠠᠶᠢᠳᠠᠯ ᠢ ᠪᠤᠢ ᠪᠣᠯᠭᠠᠳᠠᠭ᠃ ᠶᠠᠷᠢᠶᠠᠨ ᠦᠭᠡᠢ ᠨᠦᠢᠷ ᠬᠦᠷᠦᠯᠴᠡᠬᠦ ᠦᠭᠡᠢ ᠪᠤᠶᠤ ᠭᠡᠳᠦ ᠤᠨᠲᠠᠬᠤ ᠨᠢ ᠪᠦᠷ | ᠵᠢᠷᠦᠬᠡ ᠴᠢᠰᠤᠨ ᠰᠤᠳᠠᠯ ᠤᠨ ᠡᠪᠡᠳᠴᠢᠨ ᠡᠭᠦᠰᠬᠦ ᠠᠶᠤᠯ ᠲᠦᠭᠰᠢᠭᠦᠷᠢ ᠶᠢ ᠨᠡᠮᠡᠭᠳᠡᠭᠦᠯᠦᠨ᠎ᠡ᠃ ᠡᠶᠢᠮᠦ ᠠᠴᠠ | ᠡᠷᠡᠭᠦᠯ ᠤᠨᠲᠠᠬᠤ ᠠᠷᠭ᠎ᠠ ᠮᠠᠶ᠋ᠢᠭ ᠨᠢ ᠵᠢᠷᠦᠬᠡ ᠴᠢᠰᠤᠨ ᠰᠤᠳᠠᠯ ᠤᠨ ᠡᠷᠡᠭᠦᠯ ᠮᠡᠨᠳᠦ ᠳᠤ ᠠᠰᠢᠭᠲᠠᠢ ᠪᠠᠶᠢᠳᠠᠭ᠂ ᠲᠠ | ᠪᠦᠭᠦᠨ ᠳᠤ ᠣᠷᠣᠢ ᠪᠦᠷᠢ 10:00 ᠠᠴᠠ 11:00 ᠴᠠᠭ ᠤᠨ ᠬᠤᠭᠤᠷᠣᠨᠳᠤ ᠤᠨᠲᠠᠵᠤ᠂ ᠡᠳᠦᠷ ᠪᠦᠷᠢ 7-9 | ᠴᠠᠭ ᠤᠨᠲᠠᠵᠤ᠂ ᠤᠨᠲᠠᠬᠤ ᠪᠠ ᠪᠤᠰᠬᠤ ᠴᠠᠭ ᠢᠶᠠᠨ ᠴᠢᠳᠠᠬᠤ ᠶᠢᠨ ᠬᠢᠷᠢ ᠪᠠᠷ ᠵᠢᠮ᠎ᠡ ᠶᠣᠰᠣ ᠲᠠᠢ ᠪᠠᠶᠢᠯᠭᠠᠬᠤ ᠶᠢ | ᠰᠠᠨᠠᠭᠤᠯᠵᠤ ᠪᠠᠶᠢᠨ᠎ᠠ᠃ ᠦᠷᠭᠦᠯᠵᠢ ᠰᠡᠳᠬᠢᠯ ᠤᠨ ᠳᠠᠷᠤᠭᠠᠰᠤ ᠲᠠᠢ ᠪᠠᠶᠢᠬᠤ ᠭᠡᠨᠡᠳᠲᠡ ᠪᠠᠷ ᠬᠢᠯᠢᠩᠨᠡᠬᠦ ᠪᠤᠶᠤ | ᠭᠤᠳᠤᠷᠠᠬᠤ ᠵᠡᠷᠭᠡ ᠲᠦᠷᠭᠡᠨ ᠴᠢᠨᠠᠷᠲᠠᠢ ᠣᠶᠤᠨ ᠰᠠᠨᠠᠭᠠᠨ ᠤ ᠳᠠᠷᠤᠯᠲᠠ ᠪᠤᠶᠤ ᠠᠵᠢᠯ ᠠᠮᠢᠳᠤᠷᠠᠯ ᠠᠴᠠ ᠪᠣᠯᠤᠭᠰᠠᠨ | ᠤᠳᠠᠭᠠᠨ ᠴᠢᠨᠠᠷᠲᠠᠢ ᠣᠶᠤᠨ ᠰᠠᠨᠠᠭᠠᠨ ᠤ ᠳᠠᠷᠤᠯᠲᠠ ᠨᠢ ᠪᠦᠷ ᠪᠡᠶ᠎ᠡ ᠮᠠᠬᠠᠪᠤᠳ ᠤᠨ ᠳᠠᠷᠤᠯᠲᠠ ᠶᠢᠨ ᠬᠤᠷᠮᠣᠨ ᠢ | ᠰᠢᠭᠦᠷᠡᠭᠦᠯᠵᠦ᠂ ᠵᠢᠷᠦᠬᠡᠨ ᠲᠢᠲᠢᠮ ᠤᠨ ᠡᠪᠡᠳᠴᠢᠨ ᠢ ᠡᠭᠦᠰᠬᠡᠵᠦ᠂ ᠪᠠᠰᠠ ᠴᠢᠰᠤᠨ ᠰᠤᠳᠠᠯ ᠤᠨ ᠠᠪᠴᠢᠯᠲᠠ ᠶᠢ | ᠬᠡᠪ ᠤᠨ ᠪᠤᠰᠤ ᠪᠣᠯᠭᠠᠳᠠᠭ᠃ ᠵᠣᠪᠠᠨᠢᠯ᠂ ᠳᠠᠷᠤᠯᠲᠠ ᠵᠡᠷᠭᠡ ᠨᠠᠵᠠᠭᠠᠢ ᠤᠷᠮ᠎ᠠ ᠰᠡᠳᠬᠢᠯᠭᠡ ᠶᠢᠨ ᠮᠠᠭᠤ | ᠨᠥᠯᠥᠭᠡ ᠠᠴᠠ ᠵᠠᠶᠢᠯᠠᠰᠬᠢᠶᠡ ᠭᠡᠪᠡᠯ᠂ ᠰᠡᠳᠬᠢᠯ ᠰᠠᠨᠠᠭ᠎ᠠ ᠪᠠᠨ ᠵᠣᠬᠢᠴᠠᠭᠤᠯᠬᠤ ᠶᠢ ᠰᠤᠷᠴᠤ᠂ ᠡᠷᠡᠭᠦᠯ ᠴᠢᠭᠢᠷᠠᠭ | ᠠᠷᠭ᠎ᠠ ᠪᠠᠷ ᠨᠠᠵᠠᠭᠠᠢ ᠤᠷᠮ᠎ᠠ ᠰᠡᠳᠬᠢᠯᠭᠡ ᠪᠠᠨ ᠢᠯᠡᠷᠡᠭᠦᠯᠬᠦ ᠬᠡᠷᠡᠭᠲᠡᠢ᠂ ᠵᠢᠱᠢᠶᠡᠯᠡᠪᠡᠯ ᠵᠣᠬᠢᠰᠲᠠᠢ ᠬᠥᠳᠡᠯᠭᠡᠭᠡᠨ ᠬᠢᠬᠦ᠂ | ᠰᠠᠶᠢᠨ ᠤᠨᠲᠠᠬᠤ᠂ ᠪᠠᠶᠢᠭᠠᠯᠢ ᠲᠠᠢ ᠣᠶᠢᠷᠠᠳᠬᠤ ᠵᠡᠷᠭᠡ ᠠᠷᠭ᠎ᠠ ᠨᠢ ᠪᠦᠷ ᠣᠶᠣᠨ ᠰᠠᠨᠠᠭᠠᠨ ᠤ ᠳᠠᠷᠤᠭᠠᠰᠤ ᠶᠢ | ᠬᠥᠩᠭᠡᠷᠡᠭᠦᠯᠬᠦ ᠳᠤ ᠲᠤᠰᠠᠲᠠᠢ ᠶᠤᠮ᠃ |