ᠲᠠᠯ᠎ᠠ ᠶᠢᠨ ᠮᠠᠯᠴᠢᠳ ᠲᠤ ᠤᠶᠤᠨ ᠤ ᠰᠢᠮ᠎ᠡ ᠬᠦᠷᠳᠡᠭᠡᠭᠰᠡᠨ ᠨᠤᠮ ᠤᠨ ᠦᠷᠦᠭᠡ — ᠬᠤᠩᠭᠤᠷᠭᠤᠤᠯ ᠪᠠᠯᠭᠠᠰᠤᠨ ᠤ ᠭᠠᠩᠭᠠᠩᠰᠢᠯᠢ ᠭᠠᠴᠠᠭ᠎ᠠ ︽ᠲᠠᠯ᠎ᠠ ᠨᠤᠳᠤᠭ ᠤᠨ ᠨᠤᠮ ᠤᠨ ᠦᠷᠦᠭᠡ  + ︾ ᠦᠢᠯᠡᠴᠢᠯᠡᠭᠡ ᠶᠢ ᠠᠬᠢᠭᠤᠯᠵᠦ ᠪᠠᠶᠢᠭ᠎ᠠ ᠨᠢ
ᠨᠡᠶᠢᠲᠡᠯᠡᠭᠰᠡᠨ ᠴᠠᠭ᠄
2025/2/21
     20 ᠳ᠋ᠤᠭᠠᠷ ᠵᠠᠭᠤᠨ ᠤ ᠶᠡᠷᠡᠭᠡᠳ ᠣᠨ ᠤ ᠦᠶ᠎ᠡ ᠳᠤ᠂ ᠠᠪᠠᠭ᠎ᠠ ᠨᠤᠲᠤᠭ  ᠲᠤ ᠵᠠᠮ ᠬᠠᠷᠢᠯᠴᠠᠭ᠎ᠠ ᠳᠥᠭᠦᠮ ᠦᠭᠡᠢ᠂ ᠠᠮᠢᠳᠤᠷᠠᠯ ᠤᠨ ᠨᠥᠬᠦᠴᠡᠯ ᠬᠠᠲᠠᠭᠤ ᠪᠡᠷᠭᠡ᠂  ᠰᠤᠷᠤᠯᠴᠠᠯᠭ᠎ᠠ ᠶᠢᠨ ᠨᠦᠬᠦᠴᠡᠯ ᠠᠨᠠᠢ᠂ ᠰᠤᠷᠤᠯᠴᠠᠬᠤ ᠮᠠᠲ᠋ᠧᠷᠢᠶᠠᠯ  ᠳᠤᠲᠠᠮᠠᠭ ᠪᠤᠯᠤᠨ ᠣᠯᠠᠨ ᠲᠦᠮᠡᠨ ᠤ ᠦᠵᠡᠯᠳᠡ ᠲᠠᠨᠢᠯᠳᠠ ᠨᠡᠯᠢᠶᠡᠳ ᠬᠤᠴᠣᠷᠤᠩᠭᠤᠶ ᠵᠡᠷᠭᠡ ᠠᠯᠢ ᠣᠯᠠᠨ ᠠᠰᠠᠭᠤᠳᠠᠯ ᠣᠷᠣᠰᠢᠵᠤ  ᠪᠠᠶᠢᠪᠠ᠃ ᠡᠨᠡ ᠬᠦ ᠪᠠᠶᠢᠳᠠᠯ ᠢ ᠬᠤᠪᠢᠷᠠᠭᠤᠯᠬᠤ ᠶᠢᠨ ᠲᠥᠯᠥᠭᠡ᠂ 1996 ᠣᠨ ᠠᠴᠠ ᠡᠬᠢᠯᠡᠨ᠂ ᠠᠪᠠᠭ᠎ᠠ ᠬᠤᠰᠢᠭᠤᠨ ᠤ ᠬᠤᠩᠭᠤᠷᠭᠤᠤᠯ ᠪᠠᠯᠭᠠᠰᠤᠨ ᠤ  ᠭᠠᠩᠭᠠᠩᠰᠢᠯᠢ ᠭᠠᠴᠠᠭᠠᠨ ᠤ ᠲᠤ᠋ · ᠲᠦᠮᠡᠨᠪᠠᠶᠠᠷ ᠤᠨ ᠬᠢᠨ ︽ᠪᠦᠷᠢᠨ ᠲᠠᠩᠰᠤᠭ︾ ᠨᠠᠷᠡᠮᠵᠢᠳᠦ ᠲᠠᠯ᠎ᠠ ᠨᠤᠲᠤᠭ ᠤᠨ ᠨᠣᠮ ᠤᠨ ᠥᠷᠥᠭᠡ ᠶᠢ ᠰᠡᠳᠦᠨ ᠪᠠᠶᠢᠭᠤᠯᠵᠦ᠂ ᠪᠥᠬᠦ ᠠᠷᠠᠳ ᠢᠶᠠᠷ ᠢᠶᠠᠨ ᠨᠣᠮ ᠤᠩᠰᠢᠬᠤ ᠶᠢ ᠲᠠᠶᠢᠴᠢᠯᠠᠨ᠂ ᠮᠠᠯᠴᠢᠨ ᠲᠦᠮᠡᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠵᠤ᠂ ᠮᠠᠯᠵᠢᠬᠤ ᠣᠷᠣᠨ ᠤ  ᠦᠵᠡᠯ ᠰᠠᠨᠠᠭ᠎ᠠ ᠰᠣᠶᠣᠯ ᠤᠨ ᠠᠮᠢᠳᠤᠷᠠᠯ ᠤᠨ ᠳᠠᠩ ᠴᠣᠯᠭᠤᠢ ᠪᠠᠶᠢᠳᠠᠯ ᠢ ᠬᠤᠪᠢᠷᠠᠭᠤᠯᠪᠠ᠃ 2020 ᠣᠨ ᠳᠤ᠂ ᠬᠤᠩᠭᠤᠷᠭᠤᠤᠯ ᠪᠠᠯᠭᠠᠰᠤ ᠤᠤᠯ ᠤᠨ ᠪᠦᠳᠦᠭᠡᠨ ᠪᠠᠶᠢᠭᠤᠯᠤᠯᠳᠠ ᠶᠢᠨ ᠰᠠᠭᠤᠷᠢᠨ ᠳᠡᠭᠡᠷ᠎ᠡ ᠦᠢᠯᠡᠴᠢᠯᠡᠭᠡᠨ ᠤ ᠠᠷᠭ᠎ᠠ ᠬᠡᠯᠪᠡᠷᠢ ᠪᠠᠨ  ᠰᠢᠯᠢᠳᠡᠭᠵᠢᠬᠦᠯᠵᠦ᠂ ︽ᠲᠠᠯ᠎ᠠ ᠨᠤᠲᠤᠭ ᠤᠨ ᠨᠣᠮ ᠤᠨ ᠥᠷᠥᠭᠡ + ᠣᠨᠣᠯ ᠢ ᠤᠬᠠᠭᠤᠯᠤᠨ ᠲᠠᠶᠢᠯᠪᠤᠷᠢᠯᠠᠬᠤ︾᠂ ︽ᠲᠠᠯ᠎ᠠ ᠨᠤᠲᠤᠭ ᠤᠨ ᠨᠣᠮ ᠤᠨ ᠥᠷᠥᠭᠡ + ᠰᠠᠶᠢᠨ ᠳᠤᠷ᠎ᠠ ᠶᠢᠨ  ᠦᠢᠯᠡᠴᠢᠯᠡᠭᠡ︾ ᠵᠡᠷᠭᠡ ᠬᠡᠯᠪᠡᠷᠢ ᠪᠠᠷ ᠮᠠᠯᠴᠢᠳ ᠲᠠᠭᠠᠨ ᠦᠢᠯᠡᠴᠢᠯᠡᠵᠦ᠂ ᠡᠳᠦᠷ  ᠤᠨ ᠤᠳᠠᠭᠠᠨ ᠳᠤ ︽ᠲᠠᠯ᠎ᠠ ᠨᠤᠳᠤᠭ ᠤᠨ ᠨᠤᠮ ᠤᠨ ᠦᠷᠦᠭᠡ︾ ᠨᠢ ᠲᠤᠬᠠᠢ ᠶᠢᠨ ᠭᠠᠵᠠᠷ ᠤᠨ ᠮᠠᠯᠴᠢᠳ ᠤᠨ ᠠᠮᠢᠳᠤᠷᠠᠯ ᠳᠤ ᠳᠤᠲᠠᠭᠳᠠᠵᠤ ᠪᠣᠯᠤᠰᠢ ᠥᠬᠡᠶ ᠰᠣᠶᠣᠯ ᠤᠨ ︽ᠬᠠᠩᠭᠠᠯᠭ᠎ᠠ ᠶᠢᠨ ᠦᠷᠳᠡᠭᠡ︾ ᠪᠤᠯᠤᠭᠰᠠᠨ ᠪᠠᠶᠢᠨ᠎ᠠ᠃      ᠮᠠᠯᠴᠢᠳ ᠤᠨ ᠬᠡᠷ ᠤᠨ ᠡᠭᠦᠳᠡᠨ ᠳᠠᠬᠢ ᠰᠣᠶᠣᠯ ᠤᠨ ᠥᠷᠲᠡᠭᠡ ᠶᠢ ᠪᠠᠶᠢᠭᠤᠯᠵᠤ᠂ ᠪᠥᠬᠦ ᠠᠷᠠᠳ ᠢᠶᠠᠷ ᠢᠶᠠᠨ ᠨᠣᠮ ᠤᠩᠰᠢᠬᠤ ᠶᠢ ᠠᠬᠢᠭᠤᠯᠤᠨ᠂ ᠣᠶᠤᠨ ᠤ ᠰᠢᠮ᠎ᠡ ᠶᠢ ᠪᠠᠶᠠᠯᠢᠭᠵᠢᠭᠤᠯᠤᠨ᠎ᠠ      2003 ᠣᠨ ᠤ 7 ᠰᠠᠷ᠎ᠠ ᠳᠤ ︽ᠪᠦᠷᠢᠨ ᠲᠠᠩᠰᠤᠭ︾ ᠨᠠᠷᠠᠮᠵᠢᠳᠦ ᠲᠠᠯ᠎ᠠ ᠨᠤᠲᠤᠭ ᠤᠨ ᠨᠣᠮ ᠤᠨ ᠥᠷᠥᠭᠡ ᠶᠢᠨ ᠬᠡᠪᠴᠢᠶ᠎ᠡ ᠪᠠᠨ ᠤᠯᠠᠮ ᠨᠢᠭᠡ ᠠᠯᠬᠤᠮ ᠦᠷᠭᠡᠳᠭᠡᠵᠦ᠂ ᠨᠣᠮ ᠤᠨ ᠬᠤᠷᠭᠤ᠂ ᠰᠢᠷᠡᠭᠡ ᠰᠠᠨᠳᠠᠯᠢ ᠵᠡᠷᠭᠡ ᠶᠢ ᠰᠢᠨᠡᠳᠬᠡᠭᠰᠡᠨ ᠪᠥᠭᠡᠳ ᠨᠢᠭᠡ ᠪᠦᠯᠦᠭ ᠰᠢᠨ᠎ᠡ ᠨᠣᠮ ᠪᠢᠴᠢᠭ ᠬᠤᠳᠠᠯᠳᠤᠨ ᠠᠪᠤᠭᠰᠠᠨ ᠪᠠᠶᠢᠨ᠎ᠠ᠃ ᠨᠣᠮ ᠤᠨ ᠥᠷᠥᠭᠡ ᠨᠢ ᠤᠤᠯ ᠤᠨ ᠵᠥᠪᠬᠡᠨ ᠨᠣᠮ ᠪᠢᠴᠢᠭ ᠢ ᠵᠢᠭᠡᠯᠡᠨ ᠤᠩᠰᠢᠬᠤ ᠴᠢᠳᠠᠮᠵᠢ ᠲᠠᠢ ᠪᠠᠶᠢᠭᠰᠠᠨ ᠠᠴᠠ  ᠪᠠᠨ ᠲᠥᠷᠥ ᠶᠢᠨ ᠪᠣᠳᠣᠯᠭ᠎ᠠ ᠶᠢ ᠤᠬᠠᠭᠤᠯᠤᠨ ᠲᠠᠶᠢᠯᠪᠤᠷᠢᠯᠠᠬᠤ᠂ ᠰᠢᠨᠵᠢᠯᠡᠬᠦ ᠤᠬᠠᠭᠠᠨ ᠮᠡᠷᠭᠡᠵᠢᠯ ᠢ ᠲᠦᠭᠡᠮᠡᠯᠵᠢᠭᠦᠯᠬᠦ᠂ ᠰᠣᠶᠣᠯ ᠤᠨ ᠬᠢᠴᠢᠶᠡᠯ ᠤᠨ ᠲᠠᠩᠬᠢᠮ᠂ ᠪᠣᠳᠠᠰ ᠤᠨ ᠪᠤᠰᠤ ᠰᠣᠶᠣᠯ ᠤᠨ ᠥᠪ ᠵᠠᠩ ᠦᠢᠯᠡ ᠶᠢᠨ ᠦᠵᠡᠭᠦᠯᠭᠡ᠂ ᠦᠨᠳᠦᠰᠦᠲᠡᠨ ᠤ ᠰᠣᠶᠣᠯ ᠤᠨ ᠦᠵᠡᠭᠦᠯᠭᠡ ᠵᠡᠷᠭᠡ ᠣᠯᠠᠨ ᠴᠢᠳᠠᠪᠬᠢ ᠶᠢ ᠨᠢᠭᠡ ᠴᠣᠭᠴᠠᠵᠢᠭᠤᠯᠤᠭᠰᠠᠨ ᠶᠡᠷᠦᠩᠬᠡᠶᠢᠯᠡᠭᠰᠡᠨ ᠰᠣᠶᠣᠯ ᠤᠨ ᠦᠢᠯᠡᠴᠢᠯᠡᠭᠡᠨ ᠤ ᠲᠠᠯᠠᠪᠤᠷ ᠪᠤᠯᠤᠨ ᠬᠦᠭᠵᠢᠵᠠᠢ᠃ ᠣᠳᠣᠬᠠᠨ ᠳᠤ᠂ ᠨᠣᠮ ᠤᠨ ᠦᠷᠦᠭᠡ ᠳᠤ ᠲᠦᠮᠡ ᠭᠠᠷᠤᠢ ᠳᠡᠪᠲᠡᠷ ᠨᠣᠮ ᠬᠠᠳᠠᠭᠠᠯᠠᠵᠤ᠂ ᠠᠭᠤᠯᠭ᠎ᠠ ᠨᠢ ᠨᠠᠮ ᠤᠨ ᠤᠨᠤᠯ ᠲᠦᠷᠦ ᠶᠢᠨ ᠪᠤᠳᠤᠯᠭ᠎ᠠ᠂ ᠲᠡᠦᠬᠡ ᠰᠣᠶᠣᠯ᠂ ᠬᠠᠤᠯᠢ ᠴᠠᠭᠠᠵᠠ᠂ ᠠᠨᠠᠭᠠᠬᠤ ᠤᠬᠠᠭᠠᠨ᠂ ᠬᠡᠷᠡᠭᠯᠡᠭᠡᠨ ᠤ ᠮᠡᠷᠭᠡᠵᠢᠯ᠂ ᠮᠠᠯ ᠠᠵᠤ ᠠᠬᠤᠢ ᠶᠢᠨ ᠮᠠᠷᠭᠡᠵᠢᠯ᠂ ᠬᠡᠦᠬᠡᠳ ᠤᠨ ᠰᠤᠷᠭᠠᠨ ᠬᠥᠮᠦᠵᠢᠯ ᠵᠡᠷᠭᠡ 60 ᠭᠠᠷᠤᠢ ᠵᠦᠢᠯ ᠢ ᠬᠠᠮᠤᠷᠴᠤ᠂ ᠬᠦᠮᠦᠰ ᠤᠨ ᠠᠳᠠᠯᠢ ᠪᠤᠰᠤ  ᠤᠩᠰᠢᠯᠭ᠎ᠠ ᠶᠢᠨ ᠬᠡᠷᠡᠭᠴᠡᠭᠡ ᠶᠢ ᠬᠠᠩᠭᠠᠵᠤ ᠪᠠᠶᠢᠨ᠎ᠠ᠃      ᠭᠠᠩᠭᠠᠩᠰᠢᠯᠢ ᠭᠠᠴᠠᠭᠠᠨ ᠤ ᠨᠠᠮ ᠤᠨ ᠡᠭᠦᠷ ᠨᠢ ᠨᠣᠮ ᠤᠨ ᠥᠷᠥᠭᠡ ᠶᠢᠨ ᠨᠥᠯᠥᠭᠡᠯᠡᠨ ᠳᠠᠶᠢᠴᠢᠯᠠᠬᠤ ᠦᠢᠯᠡᠳᠦᠯ ᠳᠤ ᠲᠦᠰᠢᠭᠯᠡᠨ᠂ ︽ᠨᠣᠮ ᠤᠩᠰᠢᠬᠤ ᠪᠠᠭ᠎ᠠ ᠠᠩᠭᠢ︾᠂ ︽ᠣᠨᠣᠯ ᠤᠨ ᠤᠬᠠᠭᠤᠯᠤᠨ ᠲᠠᠶᠢᠯᠪᠤᠷᠢᠯᠠᠬᠤ ᠪᠦᠯᠬᠦᠮ︾᠂ ︽ᠭᠠᠴᠠᠭ᠎ᠠ ᠲᠤᠰᠬᠤᠨ ᠤ ᠰᠤᠷᠲᠠᠯ ᠪᠣᠯᠪᠠᠰᠤᠨ ᠤ ᠤᠬᠠᠭᠤᠯᠭ᠎ᠠ︾᠂ ︽ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠬᠤᠰᠢᠭᠤᠴᠢ︾ ᠵᠡᠷᠭᠡ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠶᠢ ᠲᠦᠷᠦᠯ ᠬᠤᠪᠢᠶᠠᠨ ᠪᠠᠶᠢᠭᠤᠯᠵᠤ᠂ ᠣᠳᠣᠬᠠᠨ ᠳᠤ ᠨᠡᠶᠢᠲᠡ 32 ᠭᠡᠰᠢᠭᠦᠨ ᠪᠠ ᠰᠠᠶᠢᠨ ᠲᠤᠷᠠᠴᠤᠤᠯ ᠠᠵᠢᠯᠯᠠᠵᠦ ᠪᠠᠶᠢᠨ᠎ᠠ᠃ ︽ᠨᠣᠮ ᠤᠩᠰᠢᠬᠤ ᠪᠠᠭ᠎ᠠ ᠠᠩᠭᠢ︾ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠨᠢ ᠣᠯᠠᠨ ᠲᠦᠮᠡᠨ ᠤ ︽ᠵᠠᠬᠢᠶᠠᠯᠠᠭ᠎ᠠ ᠶᠢᠨ ᠬᠠᠭᠤᠳᠠᠰᠤ︾ ᠶᠢ ᠦᠨᠳᠦᠰᠦᠯᠡᠨ᠂ ᠤᠩᠰᠢᠯᠭ᠎ᠠ ᠶᠢᠨ ᠠᠭᠤᠯᠭ᠎ᠠ ᠶᠢ ᠨᠠᠷᠢᠯᠢᠭ ᠰᠣᠩᠭᠤᠵᠤ᠂ ᠳᠡᠯᠭᠡᠷᠡᠭᠦᠯᠬᠦ ᠠᠷᠭ᠎ᠠ ᠮᠠᠶ᠋ᠢᠭ ᠤᠨ ᠰᠢᠨ᠎ᠡ ᠶᠢ ᠡᠭᠦᠳᠴᠦ᠂ ᠰᠢᠨ᠎ᠡ ᠴᠠᠭ ᠦᠶ᠎ᠡ ᠶᠢᠨ ᠪᠣᠯᠪᠠᠰᠤᠨ ᠦᠢᠯᠡᠳᠦᠯᠭᠡ ᠶᠢᠨ ᠰᠠᠶᠢᠨ ᠳᠤᠷ᠎ᠠ ᠶᠢᠨ ᠦᠢᠯᠡᠴᠢᠯᠡᠭᠡ ᠲᠠᠢ ᠤᠶᠠᠯᠳᠤᠭᠤᠯᠤᠨ᠂ ︽ᠲᠠᠯ᠎ᠠ ᠨᠤᠲᠤᠭ ᠤᠨ ᠨᠣᠮ ᠤᠨ ᠥᠷᠥᠭᠡ +︾ ᠦᠢᠯᠡᠴᠢᠯᠡᠭᠡ ᠶᠢ ᠲᠠᠰᠤᠷᠠᠯᠲᠠ ᠥᠬᠡᠶ ᠬᠦᠨᠵᠡᠭᠡᠶᠢᠷᠡᠬᠦᠯᠵᠦ᠂ ᠵᠢᠯ ᠪᠦᠷᠢ ᠮᠠᠯᠵᠢᠬᠤ ᠣᠷᠣᠨ ᠤ ᠰᠤᠷᠤᠭᠴᠢᠳ ᠲᠤ  300 ᠭᠠᠷᠤᠶ ᠬᠦᠮᠦᠨ ᠤᠳᠠᠭ᠎ᠠ ᠦᠢᠯᠡᠴᠢᠯᠡᠭᠡ ᠬᠠᠩᠭᠠᠵᠦ ᠪᠠᠶᠢᠨ᠎ᠠ᠃ ᠡᠭᠦᠨ ᠠᠴᠠ ᠭᠠᠳᠠᠨ᠎ᠠ᠂ ᠨᠣᠮ ᠤᠨ ᠥᠷᠥᠭᠡ ᠨᠢ ᠵᠢᠯ ᠪᠦᠷᠢ 500 ᠭᠠᠷᠤᠶ ᠬᠥᠮᠦᠨ ᠤᠳᠠᠭ᠎ᠠ ᠤᠩᠰᠢᠭᠴᠢ ᠶᠢ ᠬᠦᠯᠢᠶᠡᠨ ᠠᠪᠴᠦ᠂ ᠢᠯᠡᠭᠦᠬᠡᠨ ᠨᠣᠮ ᠤᠩᠰᠢᠭᠤᠯᠵᠤ᠂ ᠰᠠᠶᠢᠨ ᠨᠣᠮ ᠤᠩᠰᠢᠭᠤᠯᠵᠤ᠂ ᠲᠡᠳᠡᠨ ᠢ ᠰᠣᠶᠣᠯ ᠲᠠᠢ᠂ ᠮᠡᠷᠭᠡᠵᠢᠯ ᠲᠠᠢ᠂ ᠴᠢᠳᠠᠪᠤᠷᠢ ᠲᠠᠢ ᠰᠢᠨ᠎ᠡ ᠴᠠᠭ ᠦᠶ᠎ᠡ ᠶᠢᠨ ᠮᠠᠯᠴᠢᠨ ᠪᠤᠯᠭᠠᠨ ᠬᠦᠮᠦᠵᠢᠬᠦᠯᠵᠦ᠂ ᠮᠠᠯᠴᠢᠨ ᠲᠦᠮᠡᠨ ᠤ ᠣᠶᠤᠨ ᠰᠠᠨᠠᠭ᠎ᠠ ᠰᠣᠶᠣᠯ ᠤᠨ ᠠᠮᠢᠳᠤᠷᠠᠯ ᠢ ᠶᠡᠭᠡ ᠪᠠᠷ ᠪᠠᠶᠠᠯᠢᠭᠵᠢᠭᠤᠯᠬᠤ ᠶᠢᠨ ᠬᠠᠮᠲᠤ ᠮᠠᠯᠴᠢᠳ ᠤᠨ ᠭᠡᠷ ᠤᠨ ᠡᠭᠦᠳᠡᠨ ᠳᠠᠬᠢ ᠣᠶᠤᠨ ᠰᠠᠨᠠᠭᠠᠨ ᠤ ᠭᠡᠷ ᠣᠷᠣᠨ ᠢ ᠰᠠᠶᠢᠳᠤᠷ ᠪᠦᠳᠦᠭᠡᠨ ᠪᠠᠶᠢᠭᠤᠯᠵᠠᠢ᠃      ᠠᠷᠭ᠎ᠠ ᠬᠡᠯᠪᠡᠷᠢ ᠶᠢᠨ ᠲᠠᠯ᠎ᠠ ᠪᠠᠷ ᠰᠢᠨ᠎ᠡ ᠶᠢ ᠡᠭᠦᠳᠴᠦ᠂ ᠤᠨᠤᠯ ᠤᠨ  ᠲᠠᠶᠢᠯᠤᠮᠵᠢ ᠶᠢ ᠴᠢᠨᠠᠷ ᠰᠠᠶᠢᠲᠠᠢ ᠬᠢᠵᠦ᠂ ᠠᠷᠠᠳ ᠲᠤ ᠠᠰᠢᠭ ᠬᠦᠷᠲᠡᠭᠡᠬᠦ ᠨᠠᠮ ᠤᠨ  ᠲᠦᠷᠦ ᠶᠢᠨ ᠪᠤᠳᠤᠯᠭ᠎ᠠ ᠶᠢ ᠰᠠᠶᠢᠳᠤᠷ ᠤᠯᠠᠮᠵᠢᠯᠠᠨ᠎ᠠ      ︽ᠣᠨᠣᠯ ᠤᠬᠠᠭᠤᠯᠤᠨ ᠲᠠᠶᠢᠯᠪᠤᠷᠢᠯᠠᠬᠤ ᠪᠦᠯᠬᠦᠮ︾ ᠤᠨ ᠰᠠᠶᠢᠨ ᠳᠤᠷ᠎ᠠ ᠶᠢᠨ  ᠦᠢᠯᠡᠴᠢᠯᠡᠭᠡᠨ ᠤ ᠠᠩᠭᠢ  ᠨᠢ ︽ᠪᠦᠷᠢᠨ ᠲᠠᠩᠰᠤᠭ︾ ᠨᠡᠷᠡᠮᠵᠢᠳᠦ ᠲᠠᠯ᠎ᠠ ᠨᠤᠳᠤᠭ ᠤᠨ ᠨᠣᠮ ᠤᠨ ᠥᠷᠥᠭᠡ ᠳᠤ ᠲᠣᠭᠲᠠᠮᠠᠯ ᠬᠤᠭᠤᠴᠠᠭ᠎ᠠ ᠲᠠᠢ ᠪᠠᠷ ᠭᠤᠤᠯ ᠰᠡᠳᠦᠪᠲᠦ  ᠲᠠᠶᠢᠯᠤᠮᠵᠢ ᠬᠢᠬᠦ ᠠᠴᠠ ᠭᠠᠳᠠᠨ᠎ᠠ᠂ 2020 ᠣᠨ ᠠᠴᠠ ᠡᠬᠢᠯᠡᠨ᠂ ᠤᠬᠠᠭᠤᠯᠬᠤ ᠠᠷᠭ᠎ᠠ ᠮᠠᠶ᠋ᠢᠭ ᠤᠨ ᠰᠢᠨ᠎ᠡ ᠶᠢ ᠡᠭᠦᠳᠴᠦ᠂ ᠸᠢᠴᠠᠲ ᠢᠶᠠᠷ ᠲᠦᠷᠦ ᠶᠢᠨ ᠪᠤᠳᠤᠯᠭ᠎ᠠ ᠤᠨᠤᠯ ᠢ ᠤᠬᠠᠭᠤᠯᠤᠨ ᠲᠠᠯᠭᠡᠷᠡᠬᠦᠯᠵᠦ᠂ ᠰᠤᠷᠤᠯᠴᠠᠯᠭ᠎ᠠ ᠶᠢᠨ ᠢᠯᠡᠷᠡᠯ ᠢᠶᠠᠷ ᠰᠠᠶᠢᠨ ᠮᠠᠯᠴᠢᠳ ᠢ ᠬᠥᠬᠢᠭᠦᠯᠦᠨ ᠱᠠᠩᠨᠠᠪᠠ᠃ ᠡᠨᠡ ᠬᠦ ᠠᠷᠭ᠎ᠠ ᠬᠡᠮᠵᠢᠶ᠎ᠡ ᠨᠢ ᠡᠷᠭᠢᠨ ᠲᠣᠭᠤᠷᠢᠨ ᠤ ᠭᠠᠴᠠᠭ᠎ᠠ ᠵᠢᠴᠢ ᠰᠤᠮᠤ ᠪᠠᠯᠭᠠᠰᠤ᠂ ᠴᠢᠨᠠᠭᠰᠢᠯᠠᠪᠠᠯ ᠪᠤᠰᠤᠳ ᠬᠤᠰᠢᠭᠤ ᠰᠢᠶᠠᠨ ᠤ ᠮᠠᠯᠴᠢᠳ ᠤᠨ ᠠᠩᠬᠠᠷᠤᠯ ᠢ ᠲᠠᠳᠠᠵᠦ᠂ ᠨᠣᠮ ᠤᠨ ᠥᠷᠥᠭᠡ ᠶᠢᠨ ᠨᠦᠯᠦᠭᠡᠯᠡᠨ ᠲᠠᠶᠢᠴᠢᠯᠠᠬᠤ ᠦᠢᠯᠡᠳᠦᠯ ᠢᠶᠠᠷ ᠲᠠᠮᠵᠢᠭᠤᠯᠤᠨ᠂ ᠨᠠᠮ ᠤᠨ ᠳᠠᠭᠤᠨ ᠢ ᠲᠠᠯ᠎ᠠ ᠨᠤᠳᠤᠭ ᠤᠨ ᠲᠦᠭ ᠲᠦᠮᠡᠨ ᠠᠶᠢᠯ ᠡᠷᠦᠬᠡ ᠳᠤ ᠬᠦᠷᠭᠡᠭᠰᠡᠨ ᠪᠠᠶᠢᠨ᠎ᠠ᠃ 2024 ᠣᠨ ᠤ 10 ᠰᠠᠷ᠎ᠠ ᠶᠢᠨ ᠰᠡᠭᠦᠯᠴᠢ ᠪᠣᠯᠲᠠᠯ᠎ᠠ᠂ ︽ᠤᠨᠤᠯ + ᠸᠢᠴᠠᠲ︾᠂ ︽ᠤᠨᠤᠯ + ᠤᠩᠰᠢᠯᠭ᠎ᠠ︾᠂ ︽ᠤᠨᠤᠯ + ᠲᠠᠶᠢᠯᠤᠮᠵᠢ︾ ᠵᠡᠷᠭᠡ ᠬᠡᠯᠪᠡᠷᠢ ᠪᠠᠷ ᠤᠬᠠᠭᠤᠯᠤᠨ ᠲᠠᠶᠢᠯᠪᠤᠷᠢᠯᠠᠬᠤ ᠪᠣᠯᠪᠠᠰᠤᠷᠠᠯ ᠢ ᠨᠡᠶᠢᠳᠡ 1260 ᠭᠠᠷᠤᠢ ᠤᠳᠠᠭ᠎ᠠ ᠥᠷᠨᠢᠭᠦᠯᠵᠦ᠂ ᠬᠦᠯᠢᠶᠡᠨ ᠠᠪᠤᠭᠴᠢᠳ 1.2 ᠲᠦᠮᠡ ᠭᠠᠷᠤᠢ ᠬᠥᠮᠦᠨ ᠤᠳᠠᠭ᠎ᠠ ᠳᠤ ᠬᠦᠷᠴᠡᠢ᠃     ︽ᠲᠠᠯ᠎ᠠ ᠨᠤᠲᠤᠭ ᠤᠨ ᠨᠣᠮ ᠤᠨ ᠥᠷᠥᠭᠡ +  ︾᠂  ᠭᠠᠴᠠᠭ᠎ᠠ ᠲᠣᠰᠬᠤᠨ ᠤ ᠬᠡᠪ ᠰᠤᠷᠲᠠᠯ ᠤᠨ ᠪᠣᠯᠪᠠᠰᠤᠨ ᠢ ᠠᠬᠢᠭᠤᠯᠵᠤ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠳᠤ ᠬᠦᠴᠦᠨ ᠨᠠᠮᠠᠷᠢᠯᠠᠨ᠎ᠠ      ︽ᠭᠠᠴᠠᠭ᠎ᠠ ᠲᠣᠰᠬᠤᠨ ᠤ ᠰᠤᠷᠲᠠᠯ ᠪᠣᠯᠪᠠᠰᠤᠨ ᠤ ᠤᠬᠠᠭᠤᠯᠭ᠎ᠠ︾ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠨᠢ ᠨᠣᠮ ᠤᠨ ᠥᠷᠥᠭᠡ ᠳᠤ ᠲᠦᠰᠢᠭᠯᠡᠨ ᠤᠯᠠᠮᠵᠢᠯᠠᠯᠲᠤ ᠰᠢᠯᠢᠳᠡᠭ ᠰᠤᠷᠲᠠᠯ᠂ ᠭᠡᠷ ᠪᠦᠯᠢ ᠶᠢᠨ ᠬᠥᠮᠦᠵᠢᠯ᠂ ᠭᠡᠷ ᠤᠨ ᠰᠤᠷᠲᠠᠯ ᠢ ᠤᠯᠠᠮᠵᠢᠯᠠᠬᠤ ᠵᠡᠷᠭᠡ ᠠᠭᠤᠯᠭ᠎ᠠ ᠶᠢᠨ ᠲᠣᠭᠤᠷᠢᠨ ᠳᠤ ᠲᠣᠭᠲᠠᠮᠠᠯ ᠬᠤᠭᠤᠴᠠᠭ᠎ᠠ ᠲᠠᠢ ᠪᠠᠷ ᠭᠡᠷ ᠪᠦᠯᠢ ᠶᠢᠨ ᠬᠥᠮᠦᠵᠢᠯ ᠤᠨ ᠭᠤᠣᠯ ᠰᠡᠳᠦᠪᠲᠦ ᠲᠠᠶᠢᠯᠤᠮᠵᠢ ᠦᠷᠨᠢᠬᠦᠯᠵᠦ᠂ ᠲᠣᠭᠲᠠᠮᠠᠯ ᠪᠤᠰᠤ ᠬᠤᠭᠤᠴᠠᠭ᠎ᠠ ᠲᠠᠢ ᠪᠠᠷ ᠪᠣᠳᠠᠰ ᠤᠨ ᠪᠤᠰᠤ ᠰᠣᠶᠣᠯ ᠤᠨ ᠥᠪ ᠤᠨ ᠦᠵᠡᠬᠦᠯᠭᠡ᠂ ᠠᠷᠠᠳ ᠤᠨ ᠵᠠᠩ ᠦᠢᠯᠡ᠂ ᠪᠠᠶᠠᠷ ᠳᠤᠷᠠᠰᠬᠠᠯ᠂ ᠠᠷᠠᠳ ᠤᠨ ᠰᠣᠶᠣᠯ ᠤᠨ ᠤᠯᠠᠮᠵᠢᠯᠠᠯ ᠵᠡᠷᠭᠡ ᠠᠭᠤᠯᠭ᠎ᠠ ᠶᠢᠨ ᠠᠵᠢᠯᠯᠠᠭ᠎ᠠ ᠶᠢ 100 ᠭᠠᠷᠤᠶ ᠤᠳᠠᠭ᠎ᠠ ᠦᠷᠨᠢᠬᠦᠯᠵᠠᠢ᠃ ᠪᠠᠶᠠᠷ ᠳᠤᠷᠠᠰᠬᠠᠯ ᠤᠨ ᠡᠳᠦᠷ ᠢ ᠲᠤᠬᠢᠶᠠᠯᠳᠤᠭᠤᠯᠤᠨ᠂ ᠨᠠᠮ ᠤᠨ ᠲᠡᠦᠬᠡ ᠶᠢᠨ ᠰᠤᠷᠤᠯᠴᠠᠯᠭ᠎ᠠ ᠬᠥᠮᠦᠵᠢᠯ᠂ ᠤᠯᠤᠰ ᠢᠶᠠᠨ ᠬᠠᠶᠢᠷᠠᠯᠠᠬᠤ ᠦᠵᠡᠯ ᠤᠨ ᠬᠦᠮᠦᠵᠢᠯ᠂ ᠤᠯᠤᠰ ᠤᠨ ᠪᠠᠲᠤᠯᠠᠨ ᠬᠠᠮᠠᠭᠠᠯᠠᠯᠲᠠ ᠶᠢᠨ ᠬᠥᠮᠦᠵᠢᠯ ᠤᠨ ᠭᠤᠣᠯ ᠰᠡᠳᠦᠪᠲᠦ ᠠᠵᠢᠯᠯᠠᠭ᠎ᠠ ᠶᠢ ᠵᠣᠬᠢᠶᠠᠨ ᠪᠠᠶᠢᠭᠤᠯᠤᠨ ᠥᠷᠨᠢᠭᠦᠯᠵᠦ᠂ ᠮᠠᠰᠢ ᠰᠠᠶᠢᠨ ᠦᠷ᠎ᠡ ᠪᠦᠳᠦᠮᠵᠢ ᠶᠢ ᠤᠯᠵᠠᠢ᠃ ᠵᠠᠯᠠᠭᠤᠴᠤᠳ ᠪᠠᠭᠠᠴᠤᠳ ᠤᠨ ᠡᠷᠡᠭᠦᠯ ᠢᠶᠠᠷ ᠦᠰᠦᠨ ᠪᠤᠶᠢᠵᠢᠬᠤ ᠶᠢ ᠠᠬᠢᠭᠤᠯᠵᠤ᠂ ᠮᠠᠯᠵᠢᠬᠤ ᠣᠷᠣᠨ ᠤ ᠣᠯᠠᠨ ᠲᠦᠮᠡᠨ ᠤ ᠣᠶᠤᠨ ᠰᠠᠨᠠᠭᠠᠨ ᠤ ᠬᠦᠨᠡᠰᠦ ᠶᠢ ᠭᠦᠢᠴᠡᠳ ᠨᠥᠬᠦᠪᠥᠷᠢᠯᠡᠬᠦ ᠶᠢᠨ ᠲᠥᠯᠥᠭᠡ᠂ ᠣᠶᠢᠷ᠎ᠠ ᠶᠢᠨ ᠵᠢᠯ ᠳᠤ᠂ ︽ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ ᠬᠤᠰᠢᠭᠤᠴᠢ︾ ᠶᠢᠨ ᠰᠠᠶᠢᠨ ᠳᠤᠷ᠎ᠠ ᠶᠢᠨ ᠦᠢᠯᠡᠴᠢᠯᠡᠭᠡᠨ ᠤ ᠠᠩᠭᠢ ᠨᠢ ᠵᠠᠯᠠᠭᠤᠴᠤᠳ ᠪᠠᠭᠠᠴᠤᠳ ᠪᠤᠯᠤᠨ ᠭᠠᠴᠠᠭ᠎ᠠ ᠵᠡᠷᠭᠡ ᠳᠤ  ᠨᠡᠶᠢᠳᠡ 12 ᠲᠦᠮᠡᠨ ᠲᠥᠭᠦᠷᠢᠭ ᠤᠨ ᠥᠷᠲᠡᠭ ᠪᠥᠬᠦᠶ 6500 ᠭᠠᠷᠤᠶ ᠲᠡᠪᠳᠡᠷ ᠨᠣᠮ ᠪᠢᠴᠢᠭ ᠬᠠᠨᠳᠢᠪᠯᠠᠪᠠ᠃ ᠡᠭᠦᠨ ᠠᠴᠠ ᠭᠠᠳᠠᠨ᠎ᠠ᠂ ᠪᠠᠰᠠ ᠭᠠᠴᠠᠭᠠᠨ ᠤ ᠤᠯᠠᠭᠠᠨ ᠵᠠᠭᠠᠯᠮᠠᠶᠢᠲᠠᠨ ᠤ ᠨᠡᠶᠢᠭᠡᠮᠯᠢᠭ ᠤᠨ ᠠᠪᠤᠷᠠᠨ ᠲᠤᠰᠠᠯᠠᠬᠤ ᠴᠡᠭ᠂ ᠬᠤᠶᠢᠴᠢ ᠦᠶ᠎ᠡ ᠶᠢᠨ ᠬᠢᠨ ᠢ ᠬᠠᠯᠠᠮᠵᠢᠯᠠᠬᠤ ᠠᠵᠢᠯ ᠤᠨ ᠦᠨᠳᠦᠰᠦᠨ ᠱᠠᠲᠤᠨ ᠤ ᠥᠷᠲᠡᠭᠡ᠂ ᠵᠥᠷᠢᠴᠡᠯ ᠵᠢᠭᠤᠷᠠᠭᠠᠨ ᠢ ᠡᠶᠡᠳᠡᠭᠦᠯᠬᠦ ᠴᠡᠭ᠂ ᠰᠡᠳᠬᠢᠴᠡ ᠶᠢᠨ ᠵᠦᠪᠯᠡᠮᠵᠢ ᠶᠢᠨ ᠦᠢᠯᠡᠴᠢᠯᠡᠭᠡᠨ ᠤ ᠴᠡᠭ ᠵᠡᠷᠭᠡ ᠶᠢ ᠪᠠᠶᠢᠭᠤᠯᠵᠦ᠂ ᠪᠥᠬᠦ ᠲᠠᠯ᠎ᠠ ᠪᠠᠷ ᠦᠢᠯᠡᠴᠢᠯᠡᠬᠦ ᠶᠢ ᠨᠢᠭᠡ ᠴᠤᠭᠴᠠᠵᠢᠭᠤᠯᠤᠭᠰᠠᠨ ᠲᠠᠯ᠎ᠠ ᠨᠤᠲᠤᠭ ᠤᠨ ᠨᠣᠮ ᠤᠨ ᠥᠷᠥᠭᠡ ᠶᠢ  ᠪᠠᠶᠢᠭᠤᠯᠵᠦ᠂ ᠮᠠᠯᠴᠢᠳ ᠤᠨ ᠬᠡᠷᠡᠭᠴᠡᠭᠡ ᠱᠠᠭᠠᠷᠳᠠᠯᠭ᠎ᠠ ᠲᠠᠢ ᠣᠯᠠᠨ ᠴᠢᠳᠠᠮᠵᠢ ᠪᠠᠷ ᠤᠨᠤᠪᠴᠢᠳᠠᠢ ᠵᠣᠯᠭᠠᠭᠤᠯᠤᠨ  ᠦᠢᠯᠡᠴᠢᠯᠡᠵᠦ᠂ ᠦᠢᠯᠡᠴᠢᠯᠡᠭᠡᠨ ᠤ ᠶᠠᠰᠤ ᠴᠢᠨᠠᠷ ᠢᠶᠠᠨ ᠤᠯᠠᠮ ᠨᠢᠭᠡ ᠠᠯᠬᠤᠮ ᠳᠡᠭᠡᠭᠰᠢᠯᠡᠭᠦᠯᠪᠡ᠃      ︽ᠨᠣᠮ ᠤᠨ ᠥᠷᠥᠭᠡ ᠪᠠᠶᠢᠭᠤᠯᠬᠤ︾ ᠠᠴᠠ ︽ᠰᠣᠶᠣᠯ ᠢ ᠦᠨᠳᠦᠰᠦᠯᠡᠬᠦᠯᠬᠦ︾ ᠬᠦᠷᠲᠡᠯ᠎ᠡ᠂ ︽ᠮᠡᠳᠡᠯᠭᠡ ᠤᠯᠠᠮᠵᠢᠯᠠᠬᠤ︾ ᠠᠴᠠ ︽ᠰᠢᠨ᠎ᠡ ᠬᠡᠪ ᠰᠤᠷᠲᠠᠯ ᠢ ᠪᠤᠢ ᠪᠤᠯᠭᠠᠬᠤ︾ ᠬᠦᠷᠲᠡᠯ᠎ᠡ᠂ ᠲᠠᠯ᠎ᠠ ᠨᠤᠲᠤᠭ ᠤᠨ ᠨᠣᠮ ᠤᠨ ᠦᠷᠦᠭᠡ ᠨᠢ ︽ᠰᠢᠨ᠎ᠡ ᠴᠠᠭ ᠦᠶ᠎ᠡ ᠶᠢᠨ ᠪᠣᠯᠪᠠᠰᠤᠨ ᠦᠢᠯᠡᠳᠦᠯᠭᠡ︾ ᠲᠠᠢ ︽ᠭᠠᠷ ᠬᠤᠯᠪᠤᠯᠴᠠᠵᠦ︾᠂ ᠨᠣᠮ ᠤᠩᠰᠢᠬᠤ ᠪᠠᠷ ᠪᠣᠯᠪᠠᠰᠤᠨ ᠤ ᠤᠬᠠᠮᠰᠠᠷ ᠢ ᠬᠥᠮᠦᠵᠢᠭᠦᠯᠵᠦ᠂ ᠤᠨᠤᠯ ᠤᠨ ᠤᠬᠠᠭᠤᠯᠭ᠎ᠠ ᠪᠠᠷ ᠰᠠᠶᠢᠨ ᠳᠤᠷ᠎ᠠ ᠶᠢᠨ ᠦᠢᠯᠡᠴᠢᠯᠡᠭᠡ ᠶᠢ ᠠᠬᠢᠭᠤᠯᠤᠨ᠂ ᠨᠣᠮ ᠤᠩᠰᠢᠬᠤ ᠪᠠ ᠪᠣᠯᠪᠠᠰᠤᠨ ᠦᠢᠯᠡᠳᠦᠯᠭᠡ ᠶᠢ ᠬᠠᠷᠢᠯᠴᠠᠨ ᠠᠬᠢᠭᠤᠯᠬᠤ᠂ ᠬᠠᠷᠢᠯᠴᠠᠨ ᠠᠭᠤᠰᠤᠯᠴᠠᠭᠤᠯᠬᠤ᠂ ᠬᠠᠮᠲᠤᠪᠠᠷ ᠬᠦᠭᠵᠢᠬᠦ ᠤᠬᠢ ᠰᠠᠶᠢᠨ ᠪᠠᠶᠢᠳᠠᠯ ᠢ ᠪᠤᠢ ᠪᠣᠯᠭᠠᠵᠤ᠂ ᠲᠠᠯ᠎ᠠ ᠨᠤᠲᠤᠭ ᠤᠨ ᠨᠣᠮ ᠤᠨ ᠦᠷᠦᠭᠡ ᠶᠢᠨ ᠦᠢᠯᠡᠳᠦᠯ ᠢ ᠬᠦᠢᠴᠡᠳ ᠪᠠᠳᠠᠷᠠᠭᠤᠯᠵᠦ᠂ ᠠᠷᠠᠳ ᠤᠨ ᠠᠮᠢᠳᠤᠷᠠᠯ ᠢ ︽ᠪᠠᠶᠠᠵᠢᠭᠤᠯᠬᠤ︾ ᠬᠠᠷᠠᠯᠳᠠ ᠶᠢ ᠪᠡᠶᠡᠯᠡᠬᠦᠯᠵᠠᠢ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号