︽ᠤᠯᠤᠮ ᠦᠭᠡᠢ ᠬᠠᠶᠢᠷ᠎ᠠ ︱ ᠠᠪᠠᠭ᠎ᠠ ᠨᠤᠳᠤᠭ ᠲᠠᠬᠢ ᠤᠯᠤᠰ ᠤᠨ ᠬᠡᠤᠭᠡᠳ︾ ᠨᠣᠮ ᠤᠩᠰᠢᠭᠴᠢ ᠲᠦᠮᠡᠨ ᠲᠠᠢ ᠪᠠᠨ ᠵᠤᠯᠭᠠᠯ᠎ᠠ
ᠨᠡᠶᠢᠲᠡᠯᠡᠭᠰᠡᠨ ᠴᠠᠭ᠄
2025/2/21

     1 ᠰᠠᠷ᠎ᠠ ᠶᠢᠨ 23 ᠤ ᠡᠳᠦᠷ᠂ ᠤᠯᠠᠨ ᠤ ᠠᠩᠬᠠᠷᠤᠯ ᠢ ᠲᠠᠲᠠᠭᠰᠠᠨ ︽ᠤᠯᠤᠮ ᠦᠭᠡᠢ ᠬᠠᠶᠢᠷ᠎ᠠ ︱

ᠠᠪᠠᠭ᠎ᠠ ᠨᠤᠳᠤᠭ ᠲᠠᠬᠢ ᠤᠯᠤᠰ ᠤᠨ ᠬᠡᠤᠭᠡᠳ︾ ᠨᠣᠮ ᠲᠠᠷᠬᠠᠭᠠᠬᠤ ᠶᠣᠰᠣᠯᠠᠯ ᠠᠪᠠᠭ᠎ᠠ ᠬᠤᠰᠢᠭᠤᠨ ᠤ ᠨᠠᠮ ᠵᠠᠰᠠᠭ

 ᠤᠨ ᠠᠯᠪᠠᠨ ᠠᠰᠠᠷ ᠤᠨ ᠬᠤᠷᠠᠯ ᠤᠨ ᠭᠡᠷ ᠲᠤ ᠶᠠᠪᠤᠭᠳᠠᠵᠦ᠂ ᠰᠢᠨ᠎ᠡ ᠨᠢᠭᠡᠨ ᠨᠤᠮ ᠤᠩᠰᠢᠭᠴᠢ ᠲᠦᠮᠡᠨ ᠲᠠᠢ ᠪᠠᠨ

ᠵᠤᠯᠭᠠᠯ᠎ᠠ᠃

ᠳᠡᠭᠡᠷ᠎ᠡ ᠵᠠᠭᠤᠨ ᠤ ᠲᠠᠪᠢᠭᠠᠳ ᠣᠨ ᠤ ᠰᠡᠭᠦᠯᠴᠢ ᠵᠢᠷᠠᠭᠠᠳ ᠣᠨ ᠤ ᠡᠬᠢ ᠪᠠᠷ᠂ ᠤᠯᠤᠰ ᠣᠷᠣᠨ ᠣᠨᠴᠠᠭᠠᠢ

ᠬᠦᠴᠢᠷᠳᠡᠯ ᠳᠤ ᠲᠤᠯᠭᠠᠷᠠᠭᠰᠠᠨ ᠦᠶ᠎ᠡ ᠳᠤ᠂ ︽ᠭᠤᠷᠪᠠᠨ ᠮᠢᠩᠭᠠᠨ ᠥᠨᠥᠴᠢᠨ ᠬᠡᠦᠬᠡᠳ ᠢ ᠦᠷᠡᠴᠢᠯᠡᠨ

ᠲᠡᠵᠢᠭᠡᠭᠰᠡᠨ︾ ᠶᠡᠭᠡ ᠬᠠᠶᠢᠷ᠎ᠠ ᠶᠢᠨ ᠦᠯᠢᠭᠡᠷ ᠪᠢᠴᠢᠭᠳᠡᠵᠠᠢ᠃ ︽ᠤᠯᠤᠮ ᠦᠭᠡᠢ ᠬᠠᠶᠢᠷ᠎ᠠ ︱ ᠠᠪᠠᠭ᠎ᠠ ᠨᠤᠳᠤᠭ

 ᠲᠠᠬᠢ ᠤᠯᠤᠰ ᠤᠨ ᠬᠡᠤᠭᠡᠳ︾ ᠨᠣᠮ ᠨᠢ ᠠᠪᠠᠭ᠎ᠠ ᠨᠤᠳᠤᠭ ᠲᠤ ᠦᠷᠡᠴᠢᠯᠡᠭᠰᠡᠨ ︽ᠤᠯᠤᠰ ᠤᠨ ᠬᠡᠦᠬᠡᠳ︾ ᠢᠶᠠᠷ

ᠭᠤᠤᠯᠳᠠᠭᠤᠯᠵᠦ᠂ ᠲᠡᠳᠡᠨ ᠤ ᠡᠨᠡ ᠬᠦ ᠲᠠᠯ᠎ᠠ ᠨᠤᠲᠤᠭ ᠲᠤ ᠦᠰᠦᠨ ᠪᠣᠶᠢᠵᠢᠭᠰᠠᠨ ᠥᠯᠢᠭᠡᠷ ᠤᠴᠠᠷᠠᠯ᠂ ᠠᠮᠢᠳᠤᠷᠠᠯ

ᠠᠬᠤᠢ ᠵᠢᠴᠢ ᠡᠨᠡ ᠨᠤᠳᠤᠭ ᠤᠨ ᠠᠷᠠᠳ ᠲᠦᠮᠡᠨ ᠯᠦᠭᠡ ᠶᠢᠨ ᠭᠦᠨ ᠵᠤᠵᠠᠭᠠᠨ  ᠬᠤᠪᠢ ᠪᠠᠷᠢᠯᠳᠤᠯᠭ᠎ᠠ ᠶᠢ

ᠠᠮᠢᠳᠤᠯᠢᠭ ᠲᠠᠶᠢᠯᠪᠤᠷᠢᠯᠠᠭᠰᠠᠨ ᠶᠤᠮ᠃

     ᠨᠤᠮ ᠤᠨ ᠲᠠᠷᠬᠠᠭᠠᠯᠲᠠ ᠶᠢᠨ ᠶᠣᠰᠣᠯᠠᠯ ᠳᠡᠭᠡᠷ᠎ᠡ᠂ ᠬᠤᠰᠢᠭᠤ ᠤᠯᠤᠰ ᠲᠦᠷᠦ ᠶᠢᠨ ᠵᠦᠪᠯᠡᠯᠭᠡᠨ ᠤ ᠨᠠᠮ ᠤᠨ

ᠤᠳᠤᠷᠢᠳᠬᠤ ᠲᠤᠭᠤᠶᠢᠯᠠᠩ ᠤᠨ ᠱᠦᠵᠢ᠂ ᠲᠡᠷᠢᠬᠦᠯᠡᠭᠴᠢ ᠯᠢᠦ ᠰᠢᠶᠣᠣ ᠮᠢᠨ ᠪᠠᠶᠠᠷ ᠤᠨ ᠦᠭᠡ ᠬᠡᠯᠡᠵᠦ᠂ ᠡᠨᠡᠬᠦ

ᠨᠣᠮ ᠤᠨ ᠦᠨᠳᠦᠰᠦᠲᠡᠨ ᠤ ᠵᠣᠷᠢᠭ ᠰᠠᠨᠠᠭ᠎ᠠ ᠶᠢ ᠤᠯᠠᠮᠵᠢᠯᠠᠨ ᠵᠠᠯᠭᠠᠮᠵᠢᠯᠠᠬᠤ᠂ ᠶᠡᠭᠡ ᠬᠠᠶᠢᠷ᠎ᠠ ᠶᠢᠨ ᠰᠣᠶᠣᠯ ᠢ

ᠪᠠᠳᠠᠷᠠᠭᠤᠯᠬᠤ ᠴᠢᠬᠤᠯᠠ ᠦᠨ᠎ᠡ ᠥᠷᠲᠡᠭ ᠢ ᠴᠢᠬᠤᠯᠠᠴᠢᠯᠠᠪᠠ᠃ ᠲᠡᠷᠡ᠄ ︽ᠡᠨᠡ ᠨᠣᠮ ᠨᠢ ᠪᠡᠶ᠎ᠡ ᠪᠠᠷ ᠢᠶᠠᠨ

ᠥᠩᠭᠡᠷᠡᠭᠦᠯᠦᠭᠰᠡᠨ᠂ ᠪᠡᠶ᠎ᠡ ᠪᠠᠷ ᠢᠶᠠᠨ ᠦᠵᠡᠭᠰᠡᠨ᠂ ᠪᠡᠶ᠎ᠡ ᠪᠠᠷ ᠢᠶᠠᠨ ᠰᠣᠨᠣᠰᠤᠭᠰᠠᠨ  ᠭᠤᠷᠪᠠᠨ ᠣᠨᠴᠠᠯᠢᠭ

ᠲᠤᠪᠤᠶᠢᠮ᠎ᠠ ᠪᠠᠶᠢᠵᠦ᠂ ᠠᠪᠠᠭ᠎ᠠ ᠬᠤᠰᠢᠭᠤᠨ ᠳᠤ ᠦᠷᠡᠴᠢᠯᠡᠭᠳᠡᠭᠰᠡᠨ 70 ᠭᠠᠷᠤᠢ ︿ᠤᠯᠤᠰ ᠤᠨ ᠬᠡᠦᠬᠡᠳ﹀

ᠬᠢᠭᠡᠳ ︿ᠲᠠᠯ᠎ᠠ ᠨᠤᠲᠤᠭ ᠤᠨ ᠡᠵᠢ﹀ ᠶᠢᠨ ᠴᠢᠰᠤᠨ ᠲᠦᠷᠦᠯ ᠤᠨ ᠬᠠᠷᠢᠴᠠᠭ᠎ᠠ ᠦᠭᠡᠢ ᠴᠦ ᠡᠯᠢᠭᠡ ᠵᠢᠷᠦᠭᠡᠨ ᠤ

ᠬᠤᠯᠪᠤᠭ᠎ᠠ ᠲᠠᠢ ᠪᠤᠯᠤᠭᠰᠠᠨ ᠦᠯᠢᠭᠡᠷ ᠤᠴᠠᠷᠠᠯ ᠵᠢᠴᠢ ᠲᠠᠯ᠎ᠠ ᠨᠤᠲᠤᠭ ᠲᠠᠬᠢ ᠠᠮᠢᠳᠤᠷᠠᠯ ᠤᠨ ᠭᠠᠶᠢᠬᠠᠮᠰᠢᠭᠲᠤ

ᠦᠩᠭᠡᠷᠡᠯᠳᠡ ᠶᠢ ᠦᠨᠡᠨ ᠪᠣᠳᠠᠲᠠᠢ ᠪᠠᠷ ᠲᠡᠮᠳᠡᠭᠯᠡᠵᠦ᠂ ᠳᠤᠮᠳᠠᠳᠤ ᠶᠢᠨ ᠦᠨᠳᠦᠰᠦᠲᠡᠨ ᠤ ᠭᠠᠢ ᠭᠠᠮᠰᠢᠭ ᠬᠦᠴᠢᠷ

ᠪᠡᠷᠬᠡᠰᠢᠶᠡᠯ ᠤᠨ ᠡᠮᠦᠨ᠎ᠡ ᠬᠠᠷᠢᠯᠴᠠᠨ ᠲᠦᠰᠢᠯᠴᠡᠭᠰᠡᠨ ᠶᠡᠭᠡ ᠬᠠᠶᠢᠷ᠎ᠠ ᠶᠢᠨ ᠵᠣᠷᠢᠭ ᠰᠠᠨᠠᠭ᠎ᠠ ᠶᠢ ᠠᠮᠢᠳᠤᠯᠢᠭ ᠢᠶᠠᠷ

ᠲᠠᠶᠢᠯᠪᠤᠷᠢᠯᠠᠵᠠᠢ᠃ ᠡᠨᠡ ᠨᠢ ᠲᠡᠦᠬᠡ ᠶᠢᠨ ᠪᠤᠳᠠᠳᠦ ᠶᠠᠪᠤᠳᠠᠯ ᠢ ᠲᠡᠮᠳᠡᠭᠯᠡᠭᠰᠡᠨ ᠬᠤᠪᠣᠷ ᠨᠠᠨᠳᠢᠨ ᠰᠤᠳᠤᠷ ᠪᠢᠴᠢᠭ

ᠪᠣᠯᠬᠤ ᠪᠠᠷ ᠪᠠᠷᠠᠬᠤ ᠦᠭᠡᠢ ᠪᠠᠰᠠ ᠴᠤ ᠳᠤᠮᠳᠠᠳᠤ ᠶᠢᠨ ᠦᠨᠳᠦᠰᠦᠲᠡᠨ ᠤ ᠬᠠᠮᠲᠤ ᠶᠢᠨ ᠴᠣᠭᠴᠠ ᠶᠢᠨ ᠤᠬᠠᠮᠰᠠᠷ ᠢ

ᠪᠠᠲᠤ ᠴᠤᠭᠴᠠᠯᠠᠭᠰᠠᠨ ᠡᠷᠬᠢᠮ ᠨᠠᠨᠳᠢᠨ ᠣᠶᠤᠨ ᠰᠠᠨᠠᠭᠠᠨ ᠤ ᠦᠪ ᠬᠦᠷᠦᠩᠭᠡ ᠪᠣᠯᠬᠤ ᠶᠤᠮ᠃ ᠡᠨᠡᠬᠦ ᠨᠤᠮ ᠤᠨ

ᠬᠡᠪᠯᠡᠭᠳᠡᠭᠰᠡᠨ ᠨᠢ ᠮᠠᠨ ᠤ ᠬᠤᠰᠢᠭᠤᠨ ᠤ ᠦᠨᠳᠦᠰᠦᠲᠡᠨ ᠤ ᠪᠦᠯᠬᠦᠮᠳᠡᠯ ᠳᠠᠪᠰᠢᠯᠲᠠ ᠶᠢᠨ ᠦᠢᠯᠡᠰ ᠲᠤ ᠴᠢᠬᠤᠯᠠ

ᠲᠡᠦᠬᠡᠨ ᠦᠨ᠎ᠡ ᠥᠷᠲᠡᠭ ᠪᠠ ᠪᠣᠳᠠᠲᠤ ᠠᠴᠢ ᠬᠤᠯᠪᠣᠭᠳᠠᠯ ᠲᠠᠢ ᠶᠤᠮ︾ ᠭᠡᠵᠡᠢ᠃

     ᠬᠤᠰᠢᠭᠤ ᠤᠯᠤᠰ ᠲᠥᠷᠥ ᠶᠢᠨ ᠵᠥᠪᠯᠡᠯᠭᠡᠨ ᠤ ᠰᠣᠶᠣᠯ ᠲᠡᠦᠬᠡ ᠶᠢᠨ ᠵᠥᠪᠯᠡᠯ ᠤᠨ ᠡᠷᠬᠢᠯᠡᠭᠴᠢ ᠬᠦᠨᠡᠰᠦᠳᠦ

 ᠠᠴᠠ ︽ᠤᠯᠤᠮ ᠦᠭᠡᠢ ᠬᠠᠶᠢᠷ᠎ᠠ ︱ ᠠᠪᠠᠭ᠎ᠠ ᠨᠤᠳᠤᠭ ᠲᠠᠬᠢ ᠤᠯᠤᠰ ᠤᠨ ᠬᠡᠤᠭᠡᠳ︾ ᠨᠣᠮ ᠢ ᠰᠤᠷᠪᠤᠯᠵᠢᠯᠠᠨ

ᠨᠠᠶᠢᠷᠠᠭᠤᠯᠵᠤ ᠡᠮᠬᠢᠳᠬᠡᠨ ᠬᠡᠪᠯᠡᠭᠦᠯᠦᠭᠰᠡᠨ ᠬᠠᠮᠢᠶ᠎ᠠ ᠪᠦᠬᠦᠢ ᠠᠵᠢᠯ ᠤᠨ ᠪᠠᠶᠢᠳᠠᠯ ᠤᠨ ᠲᠤᠬᠠᠢ  ᠲᠠᠨᠢᠯᠴᠠᠭᠤᠯᠵᠠᠢ᠃

     ᠲᠤᠰ ᠨᠣᠮ ᠤᠨ ᠵᠣᠬᠢᠶᠠᠭᠴᠢ ᠶᠢᠨ ᠲᠦᠯᠦᠭᠡᠯᠡᠭᠴᠢ ᠴᠧᠨ ᠬᠠᠢ ᠹᠧᠩ ᠠᠴᠠ ᠡᠨᠡᠬᠦ ᠨᠤᠮ ᠤᠨ ᠮᠠᠲ᠋ᠧᠷᠢᠶᠠᠯ

ᠴᠤᠭᠯᠠᠭᠤᠯᠤᠭᠰᠠᠨ ᠠᠴᠠ ᠵᠤᠬᠢᠶᠠᠨ ᠪᠦᠳᠦᠭᠡᠬᠦ ᠬᠦᠷᠳᠡᠯᠡᠬᠢ ᠪᠦᠬᠦᠶᠢᠯᠡ ᠶᠠᠪᠤᠴᠠ ᠳᠠᠬᠢ ᠲᠥᠷᠥᠭᠳᠡᠯ  ᠰᠡᠳᠬᠢᠭᠳᠡᠯ

 ᠢᠶᠠᠨ ᠬᠤᠪᠢᠶᠠᠯᠴᠠᠬᠤ ᠳᠤ ᠪᠠᠨ᠄ ︽︿ᠭᠤᠷᠪᠠᠨ ᠮᠢᠩᠭᠠᠨ ᠥᠨᠥᠴᠢᠨ ᠬᠡᠦᠬᠡᠳ ᠢ ᠦᠷᠡᠴᠢᠯᠡᠨ ᠲᠡᠵᠢᠭᠡᠭᠰᠡᠨ﹀ ᠪᠤᠯ

ᠲᠤᠮᠳᠠᠳᠦ ᠤᠯᠤᠰ ᠤᠨ ᠲᠡᠦᠬᠡᠨ ᠳᠠᠬᠢ ᠮᠠᠷᠲᠠᠭᠳᠠᠰᠢ ᠦᠭᠡᠢ ᠲᠡᠤᠬᠡᠨ ᠲᠡᠮᠳᠡᠭᠯᠡᠯ ᠪᠣᠯᠣᠨ᠎ᠠ᠂ ᠮᠥᠨᠴᠦ ᠬᠠᠭᠠᠰ

ᠵᠠᠭᠤᠨ ᠤ ᠦᠨᠳᠦᠰᠦᠲᠡᠨ ᠤ ᠪᠦᠯᠬᠦᠮᠳᠡᠯ ᠢ ᠮᠠᠭᠲᠠᠨ ᠳᠠᠭᠤᠯᠠᠭᠰᠠᠨ ᠲᠡᠤᠬᠡᠨ  ᠲᠠᠭᠤᠷᠢᠰᠬᠠᠯ ᠪᠣᠯᠣᠨ᠎ᠠ᠃ ᠬᠤᠰᠢᠭᠤ

ᠤᠯᠤᠰ ᠲᠥᠷᠥ ᠶᠢᠨ ᠵᠥᠪᠯᠡᠯᠭᠡᠨ ᠤ ᠡᠨᠡᠬᠦ ᠨᠣᠮ ᠤᠨ ᠰᠣᠶᠣᠯ ᠲᠡᠦᠬᠡ ᠶᠢᠨ ᠮᠠᠲ᠋ᠧᠷᠢᠶᠠᠯ ᠢ ᠴᠤᠭᠯᠠᠭᠤᠯᠤᠨ

ᠰᠤᠷᠪᠤᠯᠵᠢᠯᠠᠬᠤ ᠠᠵᠢᠯ ᠤᠨ ᠲᠥᠰᠥᠯ ᠤᠨ ᠲᠣᠬᠢᠷᠠᠭᠤᠯᠤᠯᠲᠠ ᠪᠠᠷ᠂ 2022 ᠣᠨ ᠤ 3 ᠰᠠᠷ᠎ᠠ ᠶᠢᠨ

ᠳᠤᠮᠳᠠᠴᠢ ᠠᠴᠠ ᠡᠬᠢᠯᠡᠨ 6 ᠰᠠᠷ᠎ᠠ ᠶᠢᠨ ᠰᠡᠭᠦᠯᠴᠢ ᠪᠣᠯᠲᠠᠯ᠎ᠠ᠂ ᠪᠦᠬᠦ ᠰᠤᠷᠪᠤᠯᠵᠢᠯᠠᠭᠴᠢᠳ ᠬᠤᠶᠠᠷ ᠵᠠᠮ ᠬᠤᠪᠢᠶᠠᠨ

ᠤᠷᠢᠳ ᠬᠤᠵᠢᠳ ᠡᠷᠢᠶᠡᠨ ᠬᠤᠳᠠ᠂ ᠲᠠᠶᠢᠹᠦᠰᠧ ᠬᠤᠰᠢᠭᠤ᠂  ᠬᠦᠪᠡᠭᠡᠳᠦ ᠰᠢᠷ᠎ᠠ ᠬᠤᠰᠢᠭᠤ᠂ ᠪᠠᠷᠠᠭᠤᠨ

ᠦᠵᠦᠮᠦᠴᠢᠨ ᠬᠤᠰᠢᠭᠤ᠂ ᠰᠦᠨᠢᠳ ᠪᠠᠷᠠᠭᠤᠨ ᠬᠤᠰᠢᠭᠤ᠂ ᠰᠦᠨᠢᠳ ᠵᠡᠭᠦᠨ ᠬᠤᠰᠢᠭᠤ᠂ ᠰᠢᠯᠢ ᠶᠢᠨ ᠬᠤᠳᠠ

ᠵᠢᠴᠢ ᠠᠪᠠᠭ᠎ᠠ ᠬᠤᠰᠢᠭᠤᠨ ᠲᠤᠳᠤᠷᠠᠬᠢ 7 ᠰᠤᠮᠤ ᠪᠠᠯᠭᠠᠰᠤᠨ ᠤ 38 ᠭᠠᠴᠠᠭ᠎ᠠ᠂ 18 ᠰᠠᠭᠤᠭᠠᠯᠢ ᠠᠷᠠᠳ ᠤᠨ

ᠲᠣᠭᠤᠷᠢᠭ ᠲᠤ ᠬᠦᠷᠴᠦ᠂ ︿ᠤᠯᠤᠰ ᠤᠨ ᠬᠡᠦᠬᠡᠳ﹀ ᠤᠨ ᠭᠠᠷᠤᠯ ᠲᠠᠢ ᠬᠥᠮᠥᠰ ᠪᠤᠶᠤ ᠭᠡᠷ ᠪᠦᠯᠢ ᠶᠢᠨ ᠬᠢᠨ ᠢ

ᠲᠤᠬᠠᠢ ᠶᠢᠨ ᠭᠠᠵᠠᠷ ᠲᠤᠨᠢ ᠰᠤᠷᠪᠤᠯᠵᠢᠯᠠᠭᠰᠠᠨ ᠶᠤᠮ᠃ ᠡᠶᠢᠨᠬᠦ ᠨᠢᠭᠤᠷᠲᠠᠨ ᠰᠤᠷᠪᠤᠯᠵᠢᠯᠠᠬᠤ ᠪᠠ ᠤᠲᠠᠰᠤ ᠪᠠᠷ

ᠰᠤᠷᠪᠤᠯᠵᠢᠯᠠᠬᠤ ᠪᠠᠷ ᠳᠠᠮᠵᠢᠭᠠᠳ 48 ᠬᠦᠮᠦᠨ ᠢ ᠰᠤᠷᠪᠤᠯᠵᠢᠯᠠᠨ᠂ 40 ᠲᠦᠮᠡ 6000 ᠦᠰᠦᠭ ᠪᠦᠬᠦᠢ ᠡᠬᠡ

ᠪᠢᠴᠢᠭ ᠢ ᠪᠢᠴᠢᠵᠦ ᠭᠠᠷᠭᠠᠵᠠᠢ᠃ ᠲᠤᠰ ᠨᠣᠮ ᠪᠣᠯ ᠬᠠᠮᠲᠤ ᠶᠢᠨ ᠬᠥᠳᠡᠯᠮᠦᠷᠢ ᠶᠢᠨ ᠦᠷ᠎ᠡ ᠪᠦᠲᠦᠭᠡᠯ ᠮᠥᠨ᠂

ᠬᠦᠴᠦ ᠬᠦᠯᠦᠰᠦ ᠰᠢᠩᠭᠡᠭᠡᠭᠰᠡᠨ ᠰᠤᠳᠤᠨ ᠪᠦᠲᠦᠭᠡᠯ ᠶᠤᠮ᠂ ᠪᠠᠰᠠ ᠴᠤ ᠪᠦᠬᠦ ᠣᠷᠣᠯᠴᠠᠭᠰᠠᠳ ᠤᠨ ᠢᠷᠠᠭᠤ

ᠠᠯᠳᠠᠷ ᠮᠥᠨ︾ ᠭᠡᠵᠦ ᠨᠠᠷᠢᠨ ᠲᠠᠶᠢᠯᠪᠤᠷᠢᠯᠠᠪᠠ᠃

     ︽ᠤᠯᠤᠰ ᠤᠨ ᠬᠡᠦᠬᠡᠳ︾ ᠤᠨ ᠲᠥᠯᠥᠭᠡᠯᠡᠭᠴᠢ ᠠᠯᠳᠠᠨᠴᠡᠴᠡᠭ ᠴᠤ ᠥᠪᠡᠷ ᠤᠨ ᠥᠩᠭᠡᠷᠡᠯᠲᠡ ᠪᠠ

ᠲᠥᠷᠥᠭᠳᠡᠯ ᠢᠶᠠᠨ ᠬᠤᠪᠢᠶᠠᠯᠴᠠᠪᠠ᠃ ︽ᠲᠠᠯ᠎ᠠ ᠨᠤᠲᠤᠭ ᠪᠣᠯ ᠮᠢᠨᠤ ᠭᠡᠷ᠂ ᠠᠪᠠᠭ᠎ᠠ ᠶᠢᠨ ᠠᠷᠠᠳ ᠲᠦᠮᠡᠨ ᠪᠣᠯ ᠮᠢᠨᠤ

ᠲᠦᠷᠦᠯ ᠰᠠᠳᠤᠨ ᠶᠤᠮ᠃ ᠡᠨᠡ ᠨᠣᠮ ᠠᠴᠠ ᠪᠢ ᠥᠪᠡᠷ ᠤᠨ ᠥᠩᠭᠡᠷᠡᠭᠰᠡᠨ ᠢᠶᠠᠨ ᠬᠠᠷᠠᠯ᠎ᠠ᠂ ᠨᠡᠩ ᠤᠯᠠᠨ

ᠬᠥᠮᠥᠰ ᠲᠤ ᠮᠠᠨ ᠤ ᠡᠨᠡᠬᠦ ᠣᠨᠴᠠᠭᠠᠢ ᠲᠡᠦᠬᠡ ᠶᠢ ᠤᠶᠢᠯᠠᠭᠠᠭᠤᠯᠬᠤ ᠨᠢ ᠯᠠᠪᠳᠠᠢ︾ ᠭᠡᠵᠦ ᠠᠯᠳᠠᠨᠴᠡᠴᠡᠭ ᠭᠤᠸᠠᠢ

ᠲᠤᠭᠳᠤᠯᠤᠩᠬᠠᠨ ᠶᠠᠷᠢᠨ᠎ᠠ᠃

     ᠲᠠᠷᠬᠠᠭᠠᠯᠳᠠ ᠶᠢᠨ ᠶᠤᠰᠤᠯᠠᠯ ᠲᠡᠭᠡᠷ᠎ᠡ ᠭᠤᠣᠯᠯᠠᠨ ᠡᠷᠬᠢᠯᠡᠭᠰᠡᠨ ᠲᠠᠯ᠎ᠠ ᠠᠴᠠ ᠨᠤᠮ ᠤᠨ ᠲᠠᠷᠬᠠᠭᠠᠯᠳᠠ ᠶᠢᠨ

ᠶᠣᠰᠣᠯᠠᠯ ᠳᠤ ᠣᠷᠣᠯᠴᠠᠭᠰᠠᠨ ᠨᠢᠭᠡᠴᠡ ᠪᠣᠯᠣᠨ ᠬᠤᠪᠢ ᠬᠥᠮᠥᠨ ᠳᠤ ᠨᠣᠮ ᠪᠡᠯᠡᠭᠯᠡᠵᠦ᠂ ᠵᠣᠬᠢᠶᠠᠭᠴᠢ ᠠᠴᠠ  

ᠭᠠᠷ ᠤᠨ ᠦᠰᠦᠭ ᠵᠢᠷᠤᠨ ᠳᠤᠷᠠᠰᠬᠠᠯ ᠦᠯᠡᠳᠡᠭᠡᠵᠦ᠂ ᠠᠬᠤᠢ ᠲᠠᠯᠠᠪᠠᠢ ᠶᠢᠨ ᠠᠭᠤᠷ ᠠᠮᠢᠰᠬᠤᠯ ᠬᠦᠷ

ᠬᠥᠭᠵᠢᠶᠡᠨ ᠲᠠᠢ ᠪᠠᠶᠢᠯ᠎ᠠ᠃

     ︽ᠤᠯᠤᠮ ᠦᠭᠡᠢ ᠬᠠᠶᠢᠷ᠎ᠠ ︱ ᠠᠪᠠᠭ᠎ᠠ ᠨᠤᠳᠤᠭ ᠲᠠᠬᠢ ᠤᠯᠤᠰ ᠤᠨ ᠬᠡᠤᠭᠡᠳ︾ ᠨᠣᠮ ᠢ ᠬᠡᠪᠯᠡᠬᠦᠯᠦᠨ  

ᠲᠠᠷᠬᠠᠭᠠᠭᠰᠠᠨ ᠨᠢ ︽ᠭᠤᠷᠪᠠᠨ ᠮᠢᠩᠭᠠᠨ ᠥᠨᠥᠴᠢᠨ ᠬᠡᠦᠬᠡᠳ ᠢ ᠦᠷᠡᠴᠢᠯᠡᠨ ᠲᠡᠵᠢᠭᠡᠭᠰᠡᠨ︾ ᠶᠡᠭᠡ ᠬᠠᠶᠢᠷ᠎ᠠ ᠶᠢᠨ

ᠦᠯᠢᠭᠡᠷ ᠤᠨ ᠦᠷᠬᠦᠯᠵᠢᠯᠡᠨ ᠤᠯᠠᠮᠵᠢᠯᠠᠭᠳᠠᠬᠤ ᠶᠢ ᠴᠢᠨᠠᠭᠰᠢᠳᠠ ᠠᠬᠢᠭᠤᠯᠵᠤ᠂ ᠡᠨᠡᠬᠦ ᠠᠭᠤᠤ ᠬᠠᠶᠢᠷ᠎ᠠ ᠶᠢ

ᠢᠪᠢᠯᠦᠬᠦᠯᠦᠭᠰᠡᠨ ᠲᠡᠣᠬᠡᠨ ᠶᠠᠪᠤᠴᠠ ᠶᠢ ᠨᠡᠩ ᠤᠯᠠᠨ ᠬᠥᠮᠥᠰ ᠲᠤ ᠣᠶᠢᠯᠠᠭᠠᠭᠤᠯᠵᠤ᠂ ᠦᠨᠳᠦᠰᠦᠲᠡᠨ ᠤ

ᠪᠦᠯᠬᠦᠮᠳᠡᠯ ᠢ ᠠᠬᠢᠭᠤᠯᠬᠤ᠂ ᠳᠤᠮᠳᠠᠳᠤ ᠶᠢᠨ ᠦᠨᠳᠦᠰᠦᠲᠡᠨ ᠤ ᠰᠢᠯᠢᠳᠡᠭ ᠰᠣᠶᠣᠯ ᠢ ᠤᠯᠠᠮᠵᠢᠯᠠᠬᠤ ᠳᠤ ᠴᠢᠬᠤᠯᠠ

ᠠᠴᠢ ᠬᠤᠯᠪᠣᠭᠳᠠᠯ ᠲᠠᠢ ᠶᠤᠮ᠃

 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号