ᠳᠡᠯᠡᠬᠡᠢ ᠶᠢᠨ ᠰᠢᠲᠠᠷ᠎ᠠ ᠶᠢᠨ ︽ᠳᠡᠳ᠋ ᠮᠠᠰᠲ᠋ᠧᠷ︾ ᠴᠣᠯᠠ ᠲᠠᠢ ᠥᠷᠯᠥᠭ
ᠨᠡᠶᠢᠲᠡᠯᠡᠭᠰᠡᠨ ᠴᠠᠭ᠄
2024/9/11
   ᠪᠡᠶ᠎ᠡ ᠶᠢᠨ ᠲᠠᠮᠢᠷ ᠤᠨ ᠬᠦᠮᠦᠵᠢᠯ᠂ ᠣᠶᠤᠨ ᠤ ᠬᠦᠮᠦᠵᠢᠯ ᠢ ᠠᠳᠠᠯᠢᠬᠠᠨ ᠴᠢᠬᠤᠯᠠᠴᠢᠯᠠᠵᠤ᠂ ᠡᠯ᠎ᠡ ᠲᠠᠯ᠎ᠠ ᠪᠠᠷ ᠬᠦᠭᠵᠢᠭᠰᠡᠨ ᠡᠬᠡ ᠣᠷᠤᠨ ᠤ ᠢᠷᠡᠭᠡᠳᠦᠢ ᠶᠢᠨ ᠡᠵᠡᠳ ᠢ ᠬᠦᠮᠦᠵᠢᠭᠦᠯᠬᠦ ᠪᠠᠷ ᠭᠤᠤᠯᠳᠠᠯᠭ᠎ᠠ ᠪᠣᠯᠭᠠᠳᠠᠭ ᠰᠤᠷᠭᠠᠨ ᠬᠦᠮᠦᠵᠢᠯ ᠤᠨ ᠬᠡᠪ ᠵᠠᠭᠪᠤᠷ ᠤᠨ ᠠᠮᠵᠢᠯᠳᠠ ᠲᠤᠳᠤᠷᠠᠭᠤᠯᠵᠦ᠂ ᠠᠪᠠᠭ᠎ᠠ ᠬᠤᠰᠢᠭᠤᠨ ᠤ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠥᠨᠳᠦᠷ ᠬᠤᠶᠠᠷ ᠤᠨ 69 ᠠᠩᠭᠢ ᠶᠢᠨ ᠥᠷᠯᠦᠭ 2019 ᠣᠨ ᠳᠤ ᠪᠦᠬᠦ ᠤᠯᠤᠰ ᠤᠨ ᠳᠡᠯᠡᠬᠡᠢ ᠶᠢᠨ ᠰᠢᠲᠠᠷ᠎ᠠ ᠶᠢᠨ ᠤᠷᠤᠯᠳᠤᠭᠠᠨ ᠳᠤ ᠲᠡᠷᠢᠭᠦᠯᠡᠨ᠂ ᠠᠷᠪᠠᠨ ᠨᠢᠭᠡ ᠲᠠᠢ ᠳᠤ ᠪᠠᠨ ᠳᠡᠯᠡᠭᠡᠢ ᠶᠢᠨ ᠰᠢᠲᠠᠷ᠎ᠠ ᠶᠢᠨ ᠳᠡᠳ᠋ ᠮᠠᠰᠲ᠋ᠧᠷ ᠴᠤᠯᠠ ᠬᠦᠷᠳᠡᠵᠦ ᠪᠢᠯᠡ᠃    ᠪᠢᠳᠡᠨ ᠢ ᠬᠦᠷᠬᠦ ᠳᠤ ᠪᠠᠭᠰᠢ ᠨᠢ ᠨᠢᠭᠡ ᠵᠡᠷᠭᠡ ︽ᠶᠡᠭᠡ ᠪᠠᠭᠰᠢ ᠲᠠᠢ ᠠᠭᠤᠯᠵᠠᠭᠤᠯᠤᠶ᠎ᠠ︾ ᠭᠡᠳ ᠪᠠᠶᠢᠭᠰᠠᠨ ᠨᠢ ᠰᠤᠷᠤᠭᠴᠢ ᠥᠷᠯᠦᠭ ᠢᠶᠠᠨ ᠬᠡᠯᠡᠵᠦ ᠪᠠᠶᠢᠭᠰᠠᠨ ᠠᠵᠢ᠃ ᠶᠠᠭᠤᠨ ᠳᠤ ᠢᠩᠭᠢᠵᠦ ᠳᠠᠭᠤᠳᠠᠵᠤ ᠪᠠᠶᠢᠭ᠎ᠠ ᠲᠤᠬᠠᠢ ᠤᠬᠤᠴᠢᠯᠠᠬᠤ ᠳᠤ ᠪᠠᠭᠰᠢ ᠨᠢ᠄ ︽ᠰᠢᠲᠠᠷ᠎ᠠ ᠶᠢᠨ ᠴᠣᠯᠠ ᠪᠠᠷ ᠨᠢ ᠨᠠᠭᠠᠳᠤᠮ ᠬᠢᠭᠡᠳ ᠲᠠᠭᠤᠳᠠᠭᠰᠠᠨ ᠶᠤᠮ ᠡ︾ ᠭᠡᠵᠦ ᠪᠠᠶᠢᠭᠰᠠᠨ ᠴᠤ ᠰᠤᠷᠤᠭᠴᠢ ᠪᠠᠷ ᠢᠶᠠᠨ ᠪᠠᠭ᠋ᠠᠷᠬᠠᠭᠰᠠᠨ ᠪᠠᠭᠰᠢ ᠬᠦᠮᠦᠨ ᠤ ᠣᠮᠤᠭᠰᠢᠯᠲᠤ ᠰᠡᠳᠭᠢᠯ ᠲᠣᠳᠤᠬᠠᠨ ᠪᠠᠶᠢᠯ᠎ᠠ᠃    ᠶᠡᠬᠡᠭᠤᠣᠯ ᠰᠤᠮᠤᠨ ᠤ ᠶᠡᠬᠡᠨ᠋ᠤᠰᠤ ᠭᠠᠴᠠᠭᠠᠨ ᠤ ᠮᠠᠯᠴᠢᠨ ᠥᠷᠭᠡᠨᠪᠠᠶᠠᠷ ᠴᠠᠭᠠᠨᠯᠢᠩᠬᠤᠸ᠎ᠠ  ᠶᠢᠨ ᠬᠦᠦ ᠥᠷᠯᠦᠭ ᠠᠩᠬ᠎ᠠ ᠡᠪᠦᠯ ᠤᠨ ᠠᠮᠠᠷᠠᠯᠲᠠ ᠪᠠᠷ ᠢᠶᠠᠨ ᠨᠠᠭᠠᠴᠤ ᠶᠢᠨ ᠳᠤ ᠪᠠᠨ ᠣᠴᠢᠭᠠᠳ ᠠᠬ᠎ᠠ ᠠᠴᠠ ᠪᠠᠨ ᠰᠢᠲᠠᠷ᠎ᠠ ᠶᠢᠨ ᠶᠠᠪᠤᠳᠠᠯ ᠢ ᠨᠢ ᠰᠤᠷᠴᠠᠢ᠂ ᠡᠶᠢᠨ ᠠᠩᠬ᠎ᠠ ᠠᠯᠬᠤᠮ ᠤᠨ ᠰᠠᠭᠤᠷᠢ ᠲᠠᠢ ᠪᠤᠯᠤᠭᠰᠠᠨ ᠲᠡᠷᠡᠪᠡᠷ ᠳᠠᠷᠠᠭ᠎ᠠ ᠬᠤᠭᠤᠴᠠᠭ᠎ᠠ  ᠨᠢ ᠰᠤᠷᠭᠠᠭᠤᠯᠢ ᠳᠤ ᠪᠠᠨ ᠢᠷᠡᠭᠡᠳ ᠰᠢᠲᠠᠷ᠎ᠠ ᠶᠢᠨ ᠳᠤᠷ᠎ᠠ ᠰᠣᠨᠢᠷᠬᠠᠯ ᠤᠨ ᠠᠩᠭᠢ ᠳᠤ ᠨᠡᠷ᠎ᠡ ᠮᠡᠳᠡᠭᠦᠯᠦᠨ ᠰᠢᠰᠲ᠋ᠧᠮ  ᠲᠠᠢ ᠰᠤᠷᠤᠭᠰᠠᠨ ᠠᠵᠢ᠃ ᠲᠤᠬᠠᠢ ᠶᠢᠨ ᠦᠶ᠎ᠡ ᠳᠤ ᠪᠠᠭ᠎ᠠ ᠰᠤᠷᠭᠠᠭᠤᠯᠢ ᠶᠢᠨ ᠬᠤᠶᠠᠳᠤᠭᠠᠷ ᠣᠨ  ᠪᠠᠶᠢᠭᠰᠠᠨ᠂ ᠣᠳᠤ ᠪᠣᠯᠬᠤ ᠳᠤ ᠰᠢᠲᠠᠷ᠎ᠠ ᠰᠤᠷᠤᠭᠠᠳ ᠨᠠᠢᠮᠠᠨ ᠵᠢᠯ ᠤᠨ ᠨᠢᠭᠤᠷ ᠦᠵᠡᠵᠦ ᠪᠣᠢ᠂ ᠲᠡᠷᠡ ᠴᠠᠭ ᠠᠴᠠ ᠯᠡ ᠣᠳᠤ ᠬᠦᠷᠲᠡᠯ᠎ᠡ ᠬᠦᠯᠭᠡᠨ ᠲᠡᠭᠡᠷ᠎ᠡ ᠶᠡᠭᠡ ᠪᠠᠭ᠎ᠠ ᠵᠢᠷᠠᠭᠠᠳ ᠤᠷᠤᠯᠳᠤᠭᠠᠨ ᠳᠤ ᠤᠷᠤᠯᠴᠠᠵᠦ᠂ ᠤᠲᠠᠰᠤᠨ ᠳᠡᠭᠡᠷ᠎ᠡ ᠪᠠᠰᠠ ᠣᠯᠠᠨ ᠤᠷᠤᠯᠳᠤᠭᠠᠨ ᠳᠤ ᠪᠢᠯᠢᠭ ᠰᠣᠷᠢᠵᠠᠢ᠃    ᠬᠠᠮᠤᠭ ᠲᠦᠷᠦᠭᠦᠦ ᠲᠠᠶᠢᠪᠤᠰᠧ ᠬᠤᠰᠢᠭᠤᠨ ᠳᠤ ᠶᠠᠪᠤᠭᠳᠠᠭᠰᠠᠨ ᠶᠢᠰᠦᠳᠦᠭᠡᠷ ᠤᠳᠠᠭᠠᠨ ᠤ ︽ᠪᠢᠯᠢᠭ ᠤᠨ ᠰᠣᠶᠢᠯᠭ᠎ᠠ︾ ᠰᠢᠲᠠᠷ᠎ᠠ ᠶᠢᠨ ᠤᠷᠤᠯᠳᠤᠭᠠᠨ ᠳᠤ  ᠣᠷᠤᠯᠴᠠᠨ ᠳ᠋ᠤᠭᠠᠷ ᠲᠤ ᠣᠷᠤᠵᠤ ᠳᠡᠶᠢᠯᠦᠭᠰᠡᠨ ᠦᠭᠡᠢ᠂ ᠭᠡᠪᠡᠴᠦ ᠲᠡᠷᠡ ᠵᠤᠷᠢᠭ ᠮᠤᠬᠤᠵᠦ ᠬᠤᠶᠢᠰᠢ ᠤᠬᠤᠷᠢᠭᠰᠠᠨ ᠦᠭᠡᠢ᠂ ᠬᠠᠷᠢᠨ ᠲᠡᠷᠡ ᠲᠤᠮᠳᠠ ᠠᠴᠠ ᠲᠤᠷᠰᠢᠯᠭ᠎ᠠ ᠰᠤᠷᠭᠠᠮᠵᠢ ᠬᠤᠷᠠᠮᠳᠤᠭᠤᠯᠤᠨ᠂ ᠤᠯᠠᠮ ᠴᠦ ᠰᠢᠮᠳᠠᠨ ᠰᠤᠷᠤᠯᠴᠠᠵᠦ᠂ ᠰᠢᠳᠠᠷ᠎ᠠ ᠨᠠᠭᠠᠳᠬᠤ ᠤᠷ᠎ᠠ ᠮᠡᠷᠭᠡᠵᠢᠯ ᠢᠶᠠᠨ ᠲᠡᠭᠡᠭᠰᠢᠯᠡᠬᠦᠯᠦᠭᠰᠡᠨ ᠠᠴᠠ ᠳᠠᠷᠠᠭ᠎ᠠ ᠵᠢᠯ ᠨᠢ ᠬᠥᠪᠡᠭᠡᠲᠦ ᠰᠢᠷ᠎ᠠ ᠬᠤᠰᠢᠭᠤᠨ ᠳᠤ ᠶᠠᠪᠤᠭᠳᠠᠭᠰᠠᠨ ᠠᠷᠪᠠᠳᠤᠭᠠᠷ ᠤᠳᠠᠭᠠᠨ ᠤ ︽ᠪᠢᠯᠢᠭ ᠤᠨ ᠰᠣᠶᠢᠯᠭ᠎ᠠ︾ ᠰᠢᠲᠠᠷ᠎ᠠ ᠶᠢᠨ ᠤᠷᠤᠯᠳᠤᠭᠠᠨ ᠳᠤ ᠲᠡᠷᠢᠭᠦᠯᠡᠨ ᠤᠯᠠᠮ ᠢᠶᠠᠷ ᠵᠣᠷᠢᠭᠵᠢᠵᠤ ᠲᠡᠷᠡ ᠨᠢ ᠴᠢᠨᠠᠭᠰᠢᠳᠠ ᠮᠡᠷᠡᠶᠢᠬᠦ ᠬᠦᠴᠦᠨ ᠪᠣᠯᠤᠭᠰᠠᠨ ᠪᠢᠯᠡ᠃    ᠣᠳᠤ ᠪᠣᠯᠬᠤ ᠳᠤ ᠥᠷᠯᠦᠭ ᠲᠣᠮᠤᠴᠤᠳ ᠤᠨ ᠤᠷᠤᠯᠳᠤᠭᠠᠨ ᠳᠤ ᠴᠤ ᠣᠷᠤᠵᠤ ᠪᠠᠶᠢᠭ᠎ᠠ᠂ ᠨᠢᠳᠤᠨᠤᠨ ᠠᠪᠠᠭ᠎ᠠ ᠬᠤᠰᠢᠭᠤᠨ ᠤ ᠨᠠᠢᠮᠠᠳᠤᠭᠠᠷ ᠬᠤᠭᠤᠴᠠᠭᠠᠨ ᠤ ᠠᠷᠠᠳ ᠤᠨ ᠶᠡᠭᠡ ᠨᠠᠭᠠᠳᠤᠮ ᠳᠤ 256 ᠰᠢᠲᠠᠷᠠᠴᠢᠨ ᠲᠤᠮᠳᠠ ᠠᠴᠠ ᠴᠤᠯᠭᠤᠷᠠᠨ ᠲᠡᠷᠢᠬᠦᠯᠡᠭᠡᠳ 1 ᠲᠦᠮᠡᠨ ᠲᠦᠭᠦᠷᠢᠭ ᠤᠨ ᠳᠡᠭᠡᠷ᠎ᠡ ᠠ᠊ · ᠨᠣᠷᠪᠤ ᠭᠤᠸᠠᠢ ᠶᠢᠨ ᠰᠡᠶᠢᠯᠦᠭᠰᠡᠨ ᠲᠦᠮᠡ ᠭᠠᠷᠤᠢ ᠲᠥᠭᠦᠷᠢᠭ ᠤᠨ ᠥᠷᠲᠡᠭ ᠪᠦᠬᠦᠢ ᠰᠢᠲᠠᠷ᠎ᠠ  ᠶᠢᠨ ᠱᠠᠩᠨᠠᠯ ᠲᠣᠰᠴᠤ᠂ ᠠᠪᠤ  ᠡᠵᠢ᠂ ᠨᠤᠲᠤᠭ ᠤᠰᠤᠨ ᠤ  ᠬᠢᠨ ᠢᠶᠠᠨ ᠠᠷᠭ᠎ᠠ ᠦᠭᠡᠢ ᠪᠠᠶᠠᠷᠯᠠᠭᠤᠯᠤᠭᠰᠠᠨ ᠪᠠᠶᠢᠨ᠎ᠠ᠃ ᠮᠦᠨᠴᠦ ᠵᠠᠷᠤᠳ ᠬᠤᠰᠢᠭᠤᠨ ᠤ ᠠᠷᠪᠠᠨ ᠵᠢᠷᠭᠤᠳᠤᠭᠠᠷ ᠤᠳᠠᠭᠠᠨ ᠤ ᠠᠷᠠᠳ ᠤᠨ ᠶᠡᠭᠡ ᠨᠠᠭᠠᠳᠤᠮ ᠳᠤ ᠳᠡᠳ᠋ᠯᠡᠭᠰᠡᠨ ᠵᠡᠷᠭᠡ ᠪᠠᠷ ᠲᠡᠭᠦᠨ ᠤ ᠠᠮᠵᠢᠯᠲᠠ ᠣᠯᠠᠨᠲᠠᠢ᠃ ᠠᠮᠠᠷᠠᠯᠲᠠ ᠪᠠᠷ ᠢᠶᠠᠨ ᠤᠷᠤᠯᠳᠤᠭᠠᠨ ᠢᠶᠠᠷ ᠰᠠᠶᠢᠨ ᠨᠠᠭᠠᠳᠪᠠᠯ ᠳᠠᠷᠠᠭ᠎ᠠ ᠬᠤᠭᠤᠴᠠᠭᠠᠨ ᠤ ᠰᠤᠯᠠ ᠵᠠᠷᠤᠳᠠᠯ ᠢᠶᠠᠨ ᠪᠠᠷᠤᠭ ᠣᠯᠴᠢᠬᠠᠳᠠᠭ ᠨᠢ ᠴᠤ ᠦᠷᠯᠦᠭ ᠲᠤ ᠠᠪᠴᠦ ᠬᠡᠯᠡᠪᠡᠯ ᠤᠷᠮ᠎ᠠ᠂ ᠭᠡᠷ ᠪᠦᠯᠢ ᠳᠤ ᠨᠢ ᠠᠪᠴᠤ ᠬᠡᠯᠡᠪᠡᠯ ᠪᠠᠭ᠎ᠠ ᠴᠦ ᠭᠡᠰᠡᠨ ᠠᠵᠦ ᠠᠬᠤᠢ ᠶᠢᠨ ᠨᠠᠮᠡᠷᠢ ᠭᠡᠵᠦ ᠬᠡᠯᠡᠵᠦ ᠪᠤᠯᠤᠨ᠎ᠠ᠃    ︽ᠶᠡᠭᠡ ᠮᠦᠷᠡᠨ ᠳᠦᠯᠭᠡᠨ᠂ ᠡᠷᠳᠡᠮᠲᠦ ᠬᠦᠮᠦᠨ ᠳᠠᠷᠤᠤ︾ ᠭᠡᠳᠡᠭᠴᠢᠯᠡᠨ ᠦᠷᠯᠦᠭ ᠦᠶ᠎ᠡ ᠬᠤᠷᠠᠭ ᠤᠨ  ᠬᠢᠨ ᠠᠴᠠ ᠪᠠᠨ ᠤᠷᠢᠳ ᠰᠢᠳᠠᠷ᠎ᠠ ᠶᠢᠨ ᠣᠷᠭᠢᠯ ᠳᠤ ᠣᠶᠢᠷᠠᠲᠤᠭᠰᠠᠨ ᠴᠤ ᠡᠭᠡᠯ ᠳᠠᠷᠤᠤ ᠵᠠᠩ ᠨᠢ ᠬᠡᠪ ᠢᠶᠠᠷ ᠢᠶᠠᠨ ᠪᠠᠶᠢᠭᠰᠠᠨ ᠨᠢ ᠤᠯᠠᠮ ᠢᠯᠡᠭᠦᠦ ᠪᠠᠭ᠋ᠠᠷᠤᠯ ᠲᠡᠳᠠᠨ᠎ᠠ᠃ ᠦᠷᠯᠦᠭ᠄ ︽ᠬᠤᠵᠢᠮ ᠨᠢᠭᠡᠳᠦᠭᠡᠷ ᠳᠡᠰ ᠤᠨ ᠰᠢᠲᠠᠷᠠᠴᠢᠨ ᠢᠶᠠᠨ ᠠᠪᠬᠤ ᠪᠠᠷ ᠴᠢᠷᠮᠠᠶᠢᠨ᠎ᠠ︾ ᠬᠡᠮᠡᠨ ᠵᠣᠷᠢᠮᠠᠭ ᠬᠢᠷᠢᠨ᠎ᠡ ᠳᠠᠷᠤᠤᠬᠠᠨ ᠤᠴᠢᠷᠯᠠᠨ᠎ᠠ᠃    ᠰᠢᠯᠢᠳᠡᠭ ᠰᠤᠷᠤᠭᠴᠢ ᠴᠣᠯᠭᠤᠷᠠᠨ᠎ᠠ ᠭᠡᠳᠡᠭ ᠰᠤᠷᠭᠠᠭᠤᠯᠢ ᠶᠢᠨ ᠲᠠᠯ᠎ᠠ ᠠᠴᠠ ᠶᠠᠷᠢᠶᠡᠨ ᠦᠭᠡᠢ ᠡᠨᠡ ᠲᠠᠯ᠎ᠠ ᠶᠢᠨ ᠰᠠᠶᠢᠨ ᠬᠦᠮᠦᠵᠢᠯ᠂ ᠰᠠᠶᠢᠬᠠᠨ ᠣᠷᠴᠢᠨ ᠨᠦᠬᠦᠴᠡᠯ ᠲᠠᠢ ᠪᠠᠶᠢᠵᠤ ᠯᠡ ᠲᠠᠭᠠᠷᠠᠨ᠎ᠠ᠃ ᠠᠪᠠᠭ᠎ᠠ ᠬᠤᠰᠢᠭᠤᠨ ᠤ ᠬᠤᠶᠠᠳᠤᠭᠠᠷ ᠳᠤᠮᠳᠠᠳᠤ ᠰᠤᠷᠭᠠᠭᠤᠯᠢ ᠨᠢ ᠣᠯᠠᠨ ᠵᠢᠯ ᠤᠨ ᠡᠮᠦᠨ᠎ᠡ ᠠᠴᠠ ᠬᠡᠳᠦᠨ ᠦᠶ᠎ᠡ ᠶᠢᠨ ᠵᠠᠬᠢᠷᠤᠯ ᠰᠡᠳᠭᠢᠯ ᠨᠢᠭᠡᠲᠡᠢ ᠮᠣᠩᠭᠤᠯ ᠰᠢᠲᠠᠷ᠎ᠠ ᠶᠢᠨ ᠬᠦᠮᠦᠵᠢᠯ ᠢ ᠴᠢᠬᠤᠯᠠᠴᠢᠯᠠᠭᠰᠠᠭᠠᠷ ᠢᠷᠡᠵᠡᠢ᠃  2012 ᠤᠨ ᠳᠤ ᠲᠤᠰᠬᠠᠢ ᠮᠣᠩᠭᠤᠯ ᠰᠢᠲᠠᠷ᠎ᠠ ᠶᠢᠨ ᠳᠤᠷ᠎ᠠ ᠰᠣᠨᠢᠷᠬᠠᠯ ᠤᠨ ᠠᠩᠭᠢ ᠭᠠᠷᠭᠠᠵᠤ᠂ 2014 ᠣᠨ ᠠᠴᠠ ᠰᠢᠷᠡᠭᠡ ᠰᠠᠨᠳᠠᠯᠢ ᠠᠴᠠ ᠡᠬᠢᠯᠡᠨ ᠪᠦᠬᠦ ᠵᠦᠢᠯ ᠢ ᠮᠠᠰᠢ ᠪᠦᠷᠢᠨ ᠲᠥᠬᠦᠷ ᠪᠤᠯᠭᠠᠨ᠂ ᠤᠳᠤ ᠪᠤᠯᠬᠤ ᠳᠤ ᠡᠨᠡᠬᠦ ᠲᠤᠷ᠎ᠠ ᠰᠤᠨᠢᠷᠬᠠᠯ ᠤᠨ ᠠᠩᠬᠢ  ᠳᠤ ᠪᠠᠨ 32 ᠰᠤᠷᠤᠭᠴᠢ ᠲᠠᠢ ᠪᠠᠶᠢᠵᠦ᠂ ᠰᠤᠶᠤᠯᠲᠤ ᠪᠠᠭᠰᠢ ᠮᠡᠷᠭᠡᠵᠢᠯ ᠤᠨ ᠪᠠᠭᠰᠢ ᠪᠠᠷ ᠬᠢᠴᠢᠶᠡᠯᠯᠡᠵᠦ ᠪᠠᠶᠢᠭ᠎ᠠ᠃ ᠪᠠᠰᠠ ᠤᠷᠤᠨ ᠤ ᠲᠡᠰ ᠤᠨ ᠪᠤᠳᠠᠰ ᠤᠨ ᠪᠤᠰᠤ ᠰᠤᠶᠤᠯ ᠤᠨ ᠦᠪ ᠤᠨ ᠮᠤᠩᠭᠤᠯ ᠰᠢᠳᠠᠷ᠎ᠠ ᠰᠡᠶᠢᠯᠦᠮᠡᠯ ᠤᠨ ᠤᠷ᠎ᠠ ᠮᠡᠷᠭᠡᠵᠢᠯ ᠤᠨ ᠤᠯᠠᠮᠵᠢᠯᠠᠭᠴᠢ ᠠ᠊ · ᠨᠣᠷᠪᠤ ᠭᠤᠸᠠᠢ ᠠᠴᠠ 200 ᠰᠢᠲᠠᠷ᠎ᠠ ᠲᠤᠰᠬᠠᠢ ᠵᠠᠬᠢᠶᠠᠯᠠᠵᠤ ᠠᠩᠭᠢ ᠪᠣᠯᠭᠠᠨ ᠳᠤ 4 ᠰᠢᠲᠠᠷ᠎ᠠ ᠦᠭᠴᠦ᠂ 2013 ︽ᠬᠠᠩᠭᠠᠢ ᠰᠢᠲᠠᠷ᠎ᠠ ᠶᠢᠨ ᠦᠷᠦᠭᠡ︾ ᠭᠡᠵᠦ ᠲᠤᠰᠬᠠᠢ ᠰᠢᠲᠠᠷ᠎ᠠ ᠶᠢᠨ ᠥᠷᠦᠭᠡ ᠲᠤᠬᠢᠷᠠᠭᠤᠯᠤᠨ᠂ ᠠᠯᠲᠠᠨᠬᠤᠶᠠᠭ ᠪᠠᠭᠰᠢ ᠶᠢ ᠲᠤᠰᠬᠠᠢ ᠰᠤᠷᠭᠠᠭᠴᠢ ᠪᠠᠷ ᠤᠷᠢᠵᠤ ᠠᠵᠢᠯᠯᠠᠭᠤᠯᠵᠤ ᠪᠠᠶᠢᠭᠰᠠᠨ᠃ ᠤᠳᠤ ᠪᠣᠯᠬᠤ ᠳᠤ 120 ᠬᠦᠮᠦᠨ ᠤ ᠤᠷᠤᠯᠳᠤᠭᠠᠨ ᠡᠷᠬᠢᠯᠡᠬᠦ ᠬᠡᠮᠵᠢᠶᠡᠨ ᠤ ᠰᠢᠷᠡᠭᠡ ᠰᠠᠨᠳᠠᠯᠢ ᠂ ᠤᠷᠤᠯᠳᠤᠭᠠᠨ ᠳᠤ ᠬᠡᠷᠡᠭᠯᠡᠬᠦ ᠴᠠᠭ᠂ ᠺᠣᠮᠫᠢᠦ᠋ᠲ᠋ᠧᠷ᠂ ᠳᠠᠷᠤᠮᠠᠯᠯᠠᠬᠤ ᠮᠠᠰᠢᠨ ᠵᠡᠷᠭᠡ ᠶᠢ ᠢᠵᠢ ᠪᠦᠷᠢᠳᠦᠬᠦᠯᠦᠭᠰᠡᠨ ᠮᠡᠷᠭᠡᠵᠢᠯ ᠤᠨ ᠤᠷᠤᠯᠳᠤᠭᠠᠨ ᠤ ᠬᠡᠷᠡᠭᠰᠡᠯ ᠲᠠᠢ ᠪᠠᠶᠢᠵᠤ᠂ ᠰᠤᠷᠤᠭᠴᠢᠳ ᠰᠤᠯᠠ ᠰᠡᠯᠡᠭᠦᠦ ᠴᠠᠭ ᠢᠶᠠᠷ ᠢᠶᠠᠨ ᠴᠤ ᠨᠠᠭᠠᠳᠬᠤ ᠨᠦᠬᠦᠴᠡᠯ ᠢ ᠬᠠᠩᠭᠠᠭᠰᠠᠨ ᠶᠤᠮ᠃ ᠡᠬᠦᠨ ᠠᠴᠠ ᠭᠠᠳᠠᠨ᠎ᠠ ᠵᠢᠯ ᠳᠤ ᠪᠠᠨ ᠬᠤᠶᠠᠷ ᠤᠳᠠᠭᠠᠨ ᠤ ᠤᠷᠤᠯᠳᠤᠭᠠᠨ ᠡᠷᠬᠢᠯᠡᠳᠡᠭ᠂ ᠨᠠᠮᠤᠷ ᠤᠨ ᠪᠡᠶ᠎ᠡ ᠲᠠᠮᠢᠷ ᠤᠨ ᠤᠷᠤᠯᠳᠤᠭᠠᠨ ᠪᠠ ᠤᠶᠤᠨ ᠤ ᠲᠠᠮᠢᠷ ᠤᠨ ᠤᠷᠤᠯᠳᠤᠭᠠᠨ ᠬᠢᠵᠦ᠂ ᠣᠶᠤᠨ ᠤ ᠲᠠᠮᠢᠷ ᠤᠨ ᠤᠷᠤᠯᠳᠤᠭᠠᠨ ᠳᠤ ᠨᠢ ᠰᠢᠲᠠᠷ᠎ᠠ ᠶᠢᠨ ᠤᠷᠤᠯᠳᠤᠭᠠᠨ ᠪᠠᠶᠢᠳᠠᠭ᠂ ᠵᠤᠨ ᠤ ︽6.1︾ ᠤ ᠪᠦᠬᠡ ᠶᠢᠨ ᠨᠠᠶᠢᠷ ᠲᠠᠢ ᠬᠠᠮᠲᠤ ᠪᠠᠰᠠ ᠨᠢᠭᠡ ᠤᠳᠠᠭᠠᠨ ᠤ ᠰᠢᠲᠠᠷ᠎ᠠ ᠶᠢᠨ ᠤᠷᠤᠯᠳᠤᠭᠠᠨ ᠬᠢᠳᠡᠭ ᠶᠤᠮ ᠪᠠᠶᠢᠨ᠎ᠠ᠃ ᠡᠨᠡ ᠨᠢ ᠰᠢᠳᠠᠷ᠎ᠠ ᠳᠤ ᠰᠤᠨᠢᠷᠬᠠᠯ ᠲᠠᠢ ᠬᠡᠤᠭᠡᠳ ᠪᠠᠭᠠᠴᠤᠳ ᠲᠤ ᠤᠶᠤᠨ ᠢᠶᠠᠨ ᠰᠤᠷᠢᠬᠤ ᠨᠠᠨᠳᠢᠨ ᠲᠤᠬᠢᠶᠠᠯ ᠪᠤᠯᠵᠦ ᠪᠠᠶᠢᠳᠠᠭ ᠪᠤᠯ ᠨᠡᠩ ᠣᠯᠠᠨ ᠰᠤᠷᠤᠭᠴᠢᠳ ᠢ ᠤᠷᠮᠠᠰᠢᠭᠤᠯᠬᠤ ᠶᠢᠨ ᠲᠤᠯᠠᠳᠠ ᠣᠨ ᠤ ᠨᠢᠭᠡᠴᠡ ᠪᠠᠷ ᠱᠠᠩᠨᠠᠳᠠᠭ᠂ ᠵᠢᠱᠢᠶᠡᠯᠡᠪᠡᠯ ᠠᠩᠬ᠎ᠠ ᠨᠢᠭᠡ ᠶᠢᠨ ᠲᠦᠷᠦᠭᠦᠦ ᠨᠠᠢᠮᠠ᠂ ᠠᠩᠬ᠎ᠠ ᠬᠤᠶᠠᠷ ᠤᠨ ᠲᠦᠷᠦᠭᠦᠦ ᠨᠠᠢᠮᠠ ᠭᠡᠬᠦ ᠮᠡᠲᠦᠴᠢᠯᠡᠨ ᠰᠤᠷᠤᠭᠴᠢ ᠶᠢᠨ ᠬᠤᠪᠢ ᠪᠡᠶ᠎ᠡ ᠶᠢ ᠱᠠᠩᠨᠠᠬᠤ ᠠᠴᠠ ᠭᠠᠳᠠᠨ᠎ᠠ ᠪᠠᠰᠠ ᠠᠩᠭᠢ ᠨᠢᠭᠡᠴᠡ ᠪᠠᠷ ᠱᠠᠩᠨᠠᠳᠠᠭ ᠨᠢ ᠪᠠᠰᠠᠴᠦ ᠰᠤᠷᠤᠭᠴᠢᠳ ᠢᠶᠠᠨ ᠤᠷᠮᠠᠰᠢᠭᠤᠯᠤᠭᠰᠠᠨ ᠪᠠᠭ᠋ᠠᠷᠬᠠᠯᠳᠦ ᠦᠢᠯᠡ ᠭᠡᠯᠳᠠᠢ᠃    ︽ᠮᠠᠨ ᠤ ᠨᠤᠲᠤᠭ ᠤᠨ ᠣᠨᠴᠠᠯᠢᠭ ᠠᠴᠠ ᠪᠣᠯᠵᠤ ᠬᠡᠦᠬᠡᠳ ᠤᠳ ᠰᠢᠲᠠᠷ᠎ᠠ ᠨᠠᠭᠠᠳᠬᠤ ᠮᠠᠰᠢ ᠳᠤᠷᠠᠲᠠᠢ᠂ ᠣᠯᠠᠩᠬᠢ ᠨᠢ ᠪᠦᠷ ᠭᠡᠷ ᠲᠤ ᠪᠠᠨ ᠰᠤᠷᠴᠢᠬᠠᠭᠰᠠᠨ ᠪᠠᠶᠢᠳᠠᠭ᠂ ᠭᠡᠷ ᠤᠨ ᠠᠬᠠᠮᠠᠳ ᠴᠤ ᠮᠠᠰᠢ ᠬᠦᠨᠳᠦᠳᠭᠡᠨ᠎ᠡ᠃ ᠨᠢᠭᠡᠳᠦᠭᠡᠷ ᠪᠠᠭ᠎ᠠ ᠰᠤᠷᠭᠠᠭᠤᠯᠢ ᠳᠤ ᠴᠤ ᠳᠤᠷ᠎ᠠ ᠰᠣᠨᠢᠷᠬᠠᠯ ᠤᠨ ᠠᠩᠭᠢ ᠳᠤ ᠰᠠᠭᠤᠷᠢ ᠶᠢ ᠨᠢ ᠲᠠᠯᠪᠢᠭᠠᠳ ᠥᠭᠭᠦᠴᠢᠬᠡᠨ᠎ᠡ᠃ ᠢᠩᠭᠢᠬᠦᠯᠡᠷ ᠮᠠᠨ ᠤ ᠰᠤᠷᠭᠠᠭᠤᠯᠢ ᠨᠢ ᠡᠨᠡ ᠰᠠᠶᠢᠨ ᠰᠠᠭᠤᠷᠢᠨ ᠳᠡᠭᠡᠷ᠎ᠡ ᠪᠣᠯᠬᠤ ᠶᠢᠨ ᠳᠣᠲᠤᠷ᠎ᠠ ᠤᠯᠠᠮ ᠰᠠᠶᠢᠨ ᠪᠣᠯᠤᠮᠵᠢ ᠨᠥᠬᠦᠴᠡᠯ ᠢ ᠪᠦᠷᠢᠳᠦᠭᠦᠯᠬᠦ ᠪᠠᠷ ᠴᠢᠷᠮᠠᠶᠢᠵᠤ ᠪᠣᠢ︾ ᠬᠡᠮᠡᠨ ᠬᠤᠶᠠᠳᠤᠭᠠᠷ ᠳᠤᠮᠳᠠᠳᠤ ᠰᠤᠷᠭᠠᠭᠤᠯᠢ ᠶᠢᠨ ᠠᠭᠤᠯᠠ ᠪᠠᠭᠰᠢ ᠶᠠᠷᠢᠯ᠎ᠠ᠃    ᠵᠥᠪᠬᠡᠨ ᠬᠢᠴᠢᠶᠡᠯ ᠨᠣᠮ ᠳᠤ ᠯᠡ ᠪᠢᠰᠢ ᠬᠠᠷᠢᠨ ᠰᠤᠷᠤᠭᠴᠢ ᠶᠢᠨ ᠣᠯᠠᠨ ᠲᠠᠯ᠎ᠠ ᠶᠢᠨ ᠬᠦᠮᠦᠵᠢᠯ ᠢ ᠴᠢᠬᠤᠯᠠᠴᠢᠯᠠᠵᠤ᠂ ᠰᠤᠷᠤᠭᠴᠢ ᠪᠣᠯᠭᠠᠨ ᠢ ᠥᠪᠡᠷ ᠤᠨ ᠣᠨᠴᠠᠯᠢᠭ᠂ ᠲᠠᠪᠠᠭᠤᠯᠢᠭ ᠲᠠᠯ᠎ᠠ ᠤᠷᠤᠭᠤ ᠨᠢ ᠬᠥᠭᠵᠢᠭᠦᠯᠬᠦ ᠪᠠᠷ ᠴᠢᠷᠮᠠᠶᠢᠭᠰᠠᠨ ᠤᠬᠠᠭᠠᠯᠢᠭ ᠰᠤᠷᠭᠠᠨ ᠬᠦᠮᠦᠵᠢᠯ ᠡᠶᠢᠨᠬᠦ ᠪᠡᠶᠡᠯᠡᠯ ᠢᠶᠠᠨ ᠣᠯᠵᠤ ᠪᠣᠢ ᠶᠢ ᠰᠣᠳᠤᠨ ᠰᠤᠷᠤᠭᠴᠢᠳ ᠬᠢᠨᠢ ᠠᠮᠵᠢᠯᠲᠠ ᠬᠠᠷᠠᠭᠤᠯᠤᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号