1. ᠲᠣᠰᠣᠨ ᠣᠲᠤᠭ᠎ᠠ ᠶᠢᠨ ᠮᠠᠰᠢᠨ ᠢᠶᠠᠨ ᠨᠡᠭᠡᠭᠡᠬᠦ ᠥᠬᠡᠶ ᠪᠤᠶᠤ ᠡᠷᠲᠡ ᠬᠠᠭᠠᠬᠤ ᠲᠣᠰᠣᠨ ᠤᠲᠤᠭ᠎ᠠ ᠲᠠᠢ | ᠣᠷᠴᠢᠨ ᠲᠣᠭᠤᠷᠢᠨ ᠳᠤ ᠤᠷᠲᠤ ᠬᠤᠭᠤᠴᠠᠭ᠎ᠠ ᠪᠠᠷ ᠪᠠᠶᠢᠪᠠᠯ ᠬᠤᠭᠤᠯᠠᠶ ᠶᠢᠨ ᠦᠷᠪᠢᠰᠦᠯ᠂ ᠬᠠᠮᠠᠷ ᠤᠨ ᠦᠷᠪᠢᠰᠦᠯ᠂ | ᠮᠥᠭᠡᠷᠰᠦᠨ ᠬᠤᠭᠤᠯᠠᠶ ᠶᠢᠨ ᠦᠷᠪᠢᠰᠦᠯ ᠵᠡᠷᠭᠡ ᠡᠪᠡᠳᠴᠢᠨ ᠢ ᠤᠯᠵᠤ ᠮᠡᠳᠡᠨ᠎ᠡ᠂ ᠴᠢᠨᠠᠬᠰᠢᠯᠠᠪᠠᠯ ᠠᠭᠤᠰᠬᠢᠨ | ᠥᠮᠡᠨ ᠢ ᠴᠤ ᠤᠯᠵᠤ ᠮᠡᠳᠡᠨ᠎ᠡ᠃ ᠰᠤᠳᠤᠯᠭᠠᠨ ᠳᠤ ᠢᠯᠡᠷᠡᠭᠦᠯᠦᠭᠰᠡᠨ ᠢᠶᠠᠷ᠄ ᠬᠠᠭᠤᠷᠴᠤ ᠬᠠᠭᠠᠷᠢᠬᠤ ᠠᠴᠠ 20 | ᠰᠧᠺᠦ᠋ᠨ᠋ᠳ᠋ ᠤᠨ ᠡᠮᠦᠨ᠎ᠡ ᠲᠣᠰᠣᠨ ᠣᠲᠤᠭ᠎ᠠ ᠶᠢᠨ ᠮᠠᠰᠢᠨ ᠢᠶᠠᠨ ᠨᠡᠭᠡᠭᠡᠪᠡᠯ ᠲᠣᠰᠣᠨ ᠣᠲᠤᠭ᠎ᠠ ᠶᠢᠨ ᠲᠠᠷᠬᠠᠯᠲᠠ ᠶᠢ | ᠨᠠᠩ ᠰᠠᠶᠢᠨ ᠡᠵᠡᠮᠳᠡᠵᠦ᠂ ᠲᠣᠰᠣᠨ ᠣᠲᠤᠭ᠎ᠠ ᠲᠠᠷᠬᠠᠬᠤ ᠶᠢ ᠨᠠᠩ ᠰᠠᠶᠢᠨ ᠰᠡᠷᠭᠡᠶᠢᠯᠡᠵᠦ ᠴᠢᠳᠠᠨ᠎ᠠ᠂ ᠬᠠᠭᠤᠷᠴᠤ | ᠬᠠᠭᠠᠷᠢᠬᠤ ᠶᠠᠪᠤᠴᠠ ᠳᠤ ᠲᠣᠰᠣᠨ ᠣᠲᠤᠭ᠎ᠠ ᠶᠢᠨ ᠮᠠᠰᠢᠨ ᠢᠶᠠᠨ ᠨᠡᠭᠡᠭᠡᠬᠦ ᠶᠢ ᠪᠠᠲᠤᠯᠠᠬᠤ ᠬᠡᠷᠡᠭᠲᠡᠶ ᠪᠥᠭᠡᠳ | ᠬᠠᠭᠤᠷᠴᠤ ᠬᠠᠭᠠᠷᠢᠵᠤ ᠪᠠᠷᠠᠭᠰᠠᠨ ᠤ ᠳᠠᠷᠠᠭ᠎ᠠ ᠴᠤ ᠲᠣᠰᠣᠨ ᠣᠲᠤᠭ᠎ᠠ ᠶᠢᠨ ᠮᠠᠰᠢᠨ ᠢᠶᠠᠨ ᠦᠷᠭᠦᠯᠵᠢᠯᠡᠨ 3 | ᠮᠢᠨᠦ᠋ᠲ ᠠᠵᠢᠯᠯᠠᠭᠤᠯᠬᠤ ᠬᠡᠷᠡᠭᠲᠡᠶ᠂ ᠨᠣᠭᠤᠭ᠎ᠠ ᠪᠠᠨ ᠬᠠᠭᠤᠷᠴᠤ ᠪᠠᠷᠠᠮᠠᠭᠴᠠ ᠰᠢᠭᠤᠳ ᠬᠠᠭᠠᠬᠤ ᠬᠡᠷᠡᠭ ᠥᠬᠡᠶ᠃ | ᠡᠭᠦᠨ ᠠᠴᠠ ᠭᠠᠳᠠᠨ᠎ᠠ᠂ ᠳᠤᠤᠷ᠎ᠠ ᠬᠠᠯᠠᠭᠤᠨ ᠢᠶᠠᠷ ᠬᠤᠭᠤᠯᠠ ᠬᠢᠪᠠᠯ ᠲᠣᠰᠣᠨ ᠣᠲᠤᠭ᠎ᠠ ᠭᠠᠷᠬᠤ ᠨᠢ ᠨᠠᠩ ᠪᠠᠭ᠎ᠠ | ᠪᠣᠯᠤᠨ᠎ᠠ᠃ | 2. ᠲᠣᠭᠤᠭ᠎ᠠ ᠪᠠᠨ ᠱᠤᠸᠠᠵᠠᠳᠠᠬᠤ ᠦᠭᠡᠢ ᠪᠠᠷ ᠦᠷᠭᠦᠯᠵᠢᠯᠡᠨ ᠨᠤᠭᠤᠭ᠎ᠠ ᠬᠠᠭᠤᠷᠬᠤ ᠨᠣᠭᠤᠭ᠎ᠠ ᠬᠠᠭᠤᠷᠴᠤ | ᠪᠠᠷᠠᠭᠰᠠᠨ ᠤ ᠳᠠᠷᠠᠭ᠎ᠠ᠂ ᠲᠣᠭᠤᠭᠠᠨ ᠳᠡᠭᠡᠷ᠎ᠡ ᠴᠢᠨᠢ ᠨᠣᠭᠤᠭ᠎ᠠ ᠬᠠᠭᠤᠷᠤᠬᠰᠠᠨ ᠮᠠᠰᠢ ᠣᠯᠠᠨ ᠦᠯᠡᠳᠡᠭᠳᠡᠯ ᠪᠠ | ᠦᠯᠡᠳᠡᠭᠰᠡᠨ ᠲᠣᠰᠣ ᠨᠠᠭᠠᠯᠳᠤᠵᠤ ᠪᠠᠶᠢᠳᠠᠭ᠂ ᠬᠡᠷᠪᠡ ᠦᠷᠭᠦᠯᠵᠢᠯᠡᠨ ᠦᠭᠡᠷ᠎ᠡ ᠨᠣᠭᠤᠭ᠎ᠠ ᠬᠠᠭᠤᠷᠪᠠᠯ᠂ ᠡᠮᠦᠨᠡᠬᠢ | ᠬᠠᠭᠤᠷᠤᠬᠰᠠᠨ ᠨᠤᠭᠤᠭ᠎ᠠ ᠶᠢᠨ ᠦᠯᠡᠳᠡᠭᠳᠡᠯ ᠳᠠᠷᠤᠶ ᠬᠡᠤᠷᠰᠢᠨᠡ᠂ ᠡᠭᠦᠨ ᠤ ᠤᠯᠠᠮ ᠢᠶᠠᠷ ᠥᠮᠡᠨ ᠤᠯᠤᠭᠤᠯᠬᠤ | ᠪᠣᠳᠠᠰ ᠡᠭᠦᠰᠴᠦ᠂ ᠦᠯᠡᠳᠡᠭᠰᠡᠨ ᠲᠣᠰᠣ ᠶᠢ ᠨᠢ ᠴᠦ ᠬᠤᠶᠠᠳᠠᠬᠢ ᠤᠳᠠᠭ᠎ᠠ ᠬᠠᠯᠠᠭᠰᠠᠨ ᠠᠴᠠ ᠪᠣᠯᠵᠣ ᠬᠤᠤᠷᠲᠠᠶ | ᠪᠦᠷᠢᠯᠳᠦᠬᠦᠨ ᠡᠭᠦᠰᠳᠡᠭ᠃ | 3. ᠨᠣᠭᠤᠭ᠎ᠠ ᠬᠢᠬᠦ ᠳᠡᠭᠡᠨ ᠳᠠᠪᠤᠰᠤ ᠢᠯᠡᠭᠦᠦ ᠬᠢᠬᠦ ︽ᠳᠤᠮᠳᠠᠳᠤ ᠤᠯᠤᠰ ᠤᠨ ᠰᠠᠭᠤᠭᠠᠯᠢ ᠠᠷᠠᠳ ᠤᠨ | ᠢᠳᠡᠭᠡᠨ ᠤᠮᠳᠠᠭᠠᠨ ᠤ ᠵᠦᠭᠯᠡᠭᠦᠷ︾ ᠲᠤ᠂ ᠨᠢᠭᠡ ᠬᠥᠮᠦᠨ ᠤ ᠡᠳᠦᠷ ᠪᠦᠷᠢ ᠶᠢᠨ ᠳᠠᠪᠤᠰᠤ ᠢᠳᠡᠬᠦ ᠬᠡᠮᠵᠢᠶ᠎ᠡ ᠶᠢ 5 | ᠭᠷᠠᠮ ᠠᠴᠠ ᠬᠡᠲᠦᠷᠡᠭᠦᠯᠵᠦ ᠪᠤᠯᠬᠤ ᠥᠬᠡᠶ᠂ ᠳᠠᠪᠤᠰᠤ ᠳᠡᠩᠳᠡᠭᠦᠦ ᠠᠷᠪᠢᠨ ᠢᠳᠡᠪᠡᠯ ᠴᠢᠰᠤᠨ ᠳᠠᠷᠤᠯᠲᠠ | ᠥᠨᠳᠥᠷᠵᠢᠬᠦ ᠡᠪᠡᠳᠴᠢᠨ ᠤᠯᠬᠤ ᠪᠠᠷ ᠪᠠᠷᠠᠬᠤ ᠥᠬᠡᠶ᠂ ᠪᠠᠰᠠ ᠶᠠᠰᠤᠨ ᠤ ᠡᠳ᠋ ᠰᠡᠶᠢᠷᠡᠭᠵᠢᠬᠦ᠂ ᠬᠤᠳᠣᠭᠤᠳᠣᠨ | ᠦᠷᠪᠢᠰᠦᠯ ᠳᠤ ᠨᠡᠷᠪᠡᠭᠳᠡᠬᠦ ᠂ ᠴᠢᠨᠠᠭᠰᠢᠯᠠᠪᠠᠯ ᠬᠤᠳᠣᠭᠤᠳᠣᠨ ᠥᠮᠡᠨ ᠳᠤ ᠨᠡᠷᠪᠡᠭᠳᠡᠬᠦ ᠲᠦᠭᠰᠢᠭᠦᠷᠢ ᠶᠢ | ᠨᠡᠮᠡᠭᠳᠡᠭᠦᠯᠦᠨ᠎ᠡ ᠭᠡᠵᠦ ᠰᠠᠨᠠᠭᠤᠯᠵᠠᠶ᠃ ᠤᠴᠢᠷ ᠨᠢ ᠳᠠᠪᠤᠰᠤ ᠬᠡᠲᠦᠷᠬᠡᠶ ᠶᠡᠭᠡ ᠢᠳᠡᠪᠡᠯ ᠬᠤᠳᠣᠭᠤᠳᠣᠨ ᠤ | ᠰᠠᠯᠢᠰᠤᠲᠤ ᠪᠦᠷᠬᠦᠪᠴᠢ ᠳᠤ ᠰᠡᠳᠦᠯᠲᠡ ᠥᠭᠴᠦ᠂ ᠬᠤᠳᠣᠭᠤᠳᠣᠨ ᠤ ᠬᠠᠨ᠎ᠠ ᠶᠢᠨ ᠡᠰ ᠢ ᠤᠨᠠᠭᠠᠵᠤ ᠮᠡᠳᠡᠨ᠎ᠡ᠂ | ᠬᠠᠨ᠎ᠠ ᠶᠢᠨ ᠡᠰ ᠪᠣᠯ ᠬᠤᠳᠣᠭᠤᠳᠣᠨ ᠤ ᠡᠷᠡᠭᠦᠯ ᠮᠡᠨᠳᠦ ᠶᠢ ᠬᠠᠮᠠᠭᠠᠯᠠᠬᠤ ᠬᠠᠯᠬᠠᠪᠴᠢ ᠮᠥᠨ᠂ ᠬᠡᠷᠪᠡ ᠡᠪᠳᠡᠭᠳᠡᠪᠡᠯ | ᠬᠤᠳᠣᠭᠤᠳᠣᠨ ᠦᠷᠪᠢᠰᠦᠯ ᠤᠨ ᠲᠦᠭᠰᠢᠭᠦᠷᠢ ᠶᠢ ᠨᠡᠮᠡᠭᠳᠡᠭᠦᠯᠵᠦ᠂ ᠡᠴᠦᠰ ᠲᠡᠭᠡᠨ ᠬᠤᠳᠣᠭᠤᠳᠣᠨ ᠥᠮᠡᠨ ᠢ | ᠡᠭᠦᠰᠭᠡᠳᠡᠭ᠃ | |