ᠲᠣᠰ ᠭᠠᠷᠠᠭ ᠲᠤ ᠣᠯᠠᠨ ᠤᠯᠤᠰ ᠤᠨ ᠰᠤᠳᠤᠯᠭᠠᠲᠠᠳ ᠤᠨ ᠬᠠᠮᠲᠤ ᠪᠠᠷ ᠨᠡᠶᠢᠲᠡᠯᠡᠭᠰᠡᠨ ᠰᠤᠳᠤᠯᠭᠠᠨ ᠤ | ᠮᠡᠳᠡᠭᠦᠯᠦᠯᠲᠡ ᠳᠤ ᠢᠯᠡᠷᠡᠭᠦᠯᠦᠭᠰᠡᠨ ᠢᠶᠠᠷ᠂ ᠪᠥᠬᠦ ᠪᠥᠮᠪᠥᠷᠴᠡᠭ ᠤᠨ ᠳᠤᠯᠠᠭᠠᠷᠠᠬᠤ ᠬᠠᠨᠳᠤᠰᠢ ᠠᠴᠠ ᠪᠣᠯᠤᠭᠰᠠᠨ | ᠬᠤᠶᠠᠷ ᠲᠦᠢᠯ ᠤᠨ ᠮᠥᠰᠥ ᠴᠠᠰᠤᠨ ᠤ ᠬᠠᠶᠢᠯ ᠨᠢ ᠳᠡᠯᠡᠬᠡᠶ ᠶᠢᠨ ᠪᠥᠮᠪᠥᠷᠴᠡᠭ ᠤᠨ ᠡᠷᠭᠢᠯᠲᠡ ᠶᠢᠨ ᠬᠤᠷᠳᠤᠴᠠ ᠶᠢ | ᠲᠦᠷᠭᠡᠳᠬᠡᠵᠦ᠂ ᠳᠡᠯᠡᠬᠡᠶ ᠶᠢᠨ ᠪᠥᠮᠪᠥᠷᠴᠡᠭ ᠳᠡᠭᠡᠷᠡᠬᠢ ︽ᠨᠢᠭᠡ ᠡᠳᠦᠷ︾ ᠨᠢ ᠪᠠᠰᠠ ᠡᠭᠦᠨ ᠠᠴᠠ ᠪᠣᠯᠵᠣ ᠣᠷᠳᠣ | ᠪᠤᠯᠵᠤ ᠪᠤᠢ᠃ ᠠᠮᠧᠷᠢᠺᠠ ᠶᠢᠨ ︽ᠤᠯᠤᠰ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠡᠷᠳᠡᠮ ᠰᠢᠨᠵᠢᠯᠡᠭᠡᠨ ᠤ | ᠰᠡᠳᠬᠦᠯ︾ ᠤᠨ 15 ᠤ ᠡᠳᠦᠷ ᠨᠡᠶᠢᠲᠡᠯᠡᠭᠰᠡᠨ ᠬᠠᠮᠢᠶ᠎ᠠ ᠪᠥᠬᠦᠶ ᠰᠤᠳᠤᠯᠭᠠᠨ ᠤ ᠮᠡᠳᠡᠭᠦᠯᠦᠯᠲᠡ ᠠᠴᠠ ᠦᠵᠡᠪᠡᠯ᠂ | ᠭᠷᠢᠨᠯᠠᠨᠳ᠋ ᠠᠷᠠᠯ ᠪᠣᠯᠤᠨ ᠡᠮᠦᠨᠡᠲᠦ ᠲᠦᠢᠯ ᠵᠡᠷᠭᠡ ᠭᠠᠵᠠᠷ ᠤᠨ ᠮᠥᠰᠥ ᠴᠠᠰᠤ ᠲᠦᠷᠭᠡᠨ ᠬᠠᠶᠢᠯᠵᠤ᠂ ᠳᠡᠯᠡᠬᠡᠶ ᠶᠢᠨ | ᠪᠥᠮᠪᠥᠷᠴᠡᠭ ᠤᠨ ᠪᠦᠰᠡᠯᠡᠭᠦᠷ ᠣᠷᠴᠢᠮ ᠤᠨ ᠲᠡᠯᠡᠶ ᠶᠢᠨ ᠤᠰᠤ ᠨᠡᠮᠡᠭᠳᠡᠭᠰᠡᠨ ᠢᠶᠠᠷ ᠳᠡᠯᠡᠬᠡᠶ ᠶᠢᠨ ᠪᠥᠮᠪᠥᠷᠴᠡᠭ ᠤᠨ | ᠥᠪᠡᠷ ᠤᠨ ᠬᠢᠨᠢ ᠡᠷᠭᠢᠯᠲᠡ ᠤᠳᠠᠭᠠᠨ ᠪᠤᠯᠵᠤ ᠪᠠᠶᠢᠨ᠎ᠠ᠃ ᠰᠤᠳᠤᠯᠭᠠᠲᠠᠳ ᠤᠨ ᠵᠢᠱᠢᠭᠰᠡᠨ ᠢᠶᠠᠷ᠂ ᠪᠥᠬᠦ | ᠪᠥᠮᠪᠥᠷᠴᠡᠭ ᠤᠨ ᠳᠤᠯᠠᠭᠠᠷᠠᠬᠤ ᠬᠠᠨᠳᠤᠰᠢ ᠨᠢ ᠬᠡᠷᠪᠡ ᠬᠠᠮᠤᠭ ᠤᠨ ᠮᠠᠭᠤ ᠪᠠᠶᠢᠳᠠᠯ ᠢᠶᠠᠷ ᠬᠥᠭᠵᠢᠪᠡᠯ᠂ 2100 | ᠤᠨ ᠠᠴᠠ ᠡᠮᠦᠨ᠎ᠡ᠂ ᠳᠡᠯᠡᠬᠡᠶ ᠶᠢᠨ ᠪᠥᠮᠪᠥᠷᠴᠡᠭ ᠳᠡᠭᠡᠷᠡᠬᠢ ᠨᠢᠭᠡ ᠡᠳᠦᠷ 2.62 ᠪᠢᠴᠢᠯ ᠰᠧᠺᠦ᠋ᠨ᠋ᠳ᠋ ᠣᠷᠴᠢᠮ | ᠨᠡᠮᠡᠭᠳᠡᠬᠦ ᠪᠣᠯᠤᠨ᠎ᠠ᠃ ᠬᠥᠮᠦᠰ ᠤᠨ ᠡᠳᠦᠷ ᠲᠤᠲᠤᠮ ᠤᠨ ᠠᠮᠢᠳᠤᠷᠠᠯ ᠳᠤ ᠠᠪᠴᠤ ᠬᠡᠯᠡᠪᠡᠯ᠂ ᠨᠢᠭᠡ ᠡᠳᠦᠷ ᠬᠡᠳᠦᠨ | ᠪᠢᠴᠢᠯ ᠰᠧᠺᠦ᠋ᠨ᠋ᠳ᠋ ᠨᠡᠮᠡᠭᠳᠡᠬᠦ ᠨᠢ ᠶᠠᠮᠠᠷ ᠴᠤ ᠨᠥᠯᠥᠭᠡ ᠪᠣᠯᠬᠤ ᠥᠬᠡᠶ᠂ ᠬᠡᠪᠡᠴᠦ ᠲᠡᠶᠢᠷᠦᠯᠲᠦ ᠰᠤᠮᠤ ᠬᠠᠷᠪᠤᠬᠤ᠂ | ᠪᠥᠬᠦ ᠪᠥᠮᠪᠥᠷᠴᠡᠭ ᠤᠨ ᠪᠠᠶᠢᠷᠢ ᠲᠣᠭᠲᠠᠭᠠᠬᠤ ᠰᠢᠰᠲ᠋ᠧᠮ ᠵᠡᠷᠭᠡ ᠳᠡᠭᠡᠳᠦ ᠨᠠᠷᠢᠯᠢᠭ ᠮᠡᠷᠭᠡᠵᠢᠯ ᠤᠨ ᠬᠡᠷᠡᠭᠯᠡᠯᠲᠡ ᠳᠤ | ᠠᠪᠴᠤ ᠬᠡᠯᠡᠪᠡᠯ᠂ ᠬᠡᠳᠦᠨ ᠪᠢᠴᠢᠯ ᠰᠧᠺᠦ᠋ᠨ᠋ᠳ᠋ ᠤᠨ ᠵᠥᠷᠢᠶ᠎ᠡ ᠨᠢ ᠬᠦᠨᠳᠦ ᠶᠡᠭᠡ ᠠᠯᠳᠠᠰᠢ ᠭᠠᠷᠭᠠᠵᠤ ᠮᠡᠳᠡᠨ᠎ᠡ ᠬᠡᠪᠡ᠃ | |