ᠮᠦᠳᠠᠨ ᠴᠡᠭᠡ ᠶᠢᠨ ᠰᠣᠶᠤᠯ ᠤᠨ ᠰᠤᠳᠤᠯᠤᠨ ᠰᠤᠷᠤᠯᠴᠠᠬᠤ ᠬᠢᠴᠢᠶᠡᠯ ᠡᠷᠬᠢᠯᠡᠪᠡ
ᠨᠡᠶᠢᠲᠡᠯᠡᠭᠰᠡᠨ ᠴᠠᠭ᠄
2024/8/12
    8 ᠰᠠᠷ᠎ᠠ ᠶᠢᠨ 8 ᠤ ᠡᠳᠦᠷ᠂ ᠭᠡᠭᠦᠦ ᠰᠠᠭᠠᠵᠤ ᠴᠡᠭᠡ ᠢᠰᠭᠡᠬᠦ ᠴᠡᠭᠡ ᠶᠢᠨ ᠰᠤᠶᠤᠯ ᠤᠨ ᠤᠯᠠᠮᠵᠢᠯᠠᠯᠲᠤ ᠶᠣᠰᠤ ᠵᠠᠩᠰᠢᠯ ᠢ ᠬᠤᠶᠢᠴᠢ ᠦᠶ᠎ᠡ ᠳᠤ ᠪᠠᠨ ᠮᠡᠳᠡᠬᠦᠯᠵᠦ᠂ ᠪᠤᠳᠠᠰ ᠤᠨ ᠪᠤᠰᠤ ᠰᠤᠶᠤᠯ ᠤᠨ ᠥᠪ ᠢ ᠨᠡᠩ ᠰᠠᠶᠢᠨ ᠤᠯᠠᠮᠵᠢᠯᠠᠬᠤ ᠵᠤᠷᠢᠯᠭ᠎ᠠ ᠪᠠᠷ ᠣᠷᠣᠨ ᠤ ᠳᠡᠰ ᠤᠨ ᠴᠡᠭᠡ ᠡᠬᠡᠰᠢᠭᠦᠯᠬᠦ ᠤᠷ᠎ᠠ ᠮᠡᠷᠭᠡᠵᠢᠯ ᠤᠨ ᠲᠦᠯᠦᠭᠡᠯᠡᠭᠴᠢ ᠴᠢᠨᠠᠷᠲᠠᠢ ᠥᠪᠯᠡᠨ ᠤᠯᠠᠮᠵᠢᠯᠠᠭᠴᠢ ᠮᠦᠳᠠᠨ ᠤ ᠡᠷᠬᠢᠯᠡᠭᠰᠡᠨ ᠴᠡᠭᠡ ᠶᠢᠨ ᠰᠣᠶᠤᠯ ᠤᠨ ᠰᠤᠳᠤᠯᠤᠨ ᠰᠤᠷᠤᠯᠴᠠᠬᠤ ᠬᠢᠴᠢᠶᠡᠯ ᠠᠪᠠᠭ᠎ᠠ ᠬᠤᠰᠢᠭᠤᠨ ᠤ ᠥᠪ ᠴᠡᠭᠡ ᠰᠢᠨᠵᠢᠯᠡᠭᠡ ᠮᠡᠷᠭᠡᠵᠢᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢᠨ ᠰᠤᠳᠤᠯᠤᠨ ᠰᠤᠷᠤᠯᠴᠠᠬᠤ ᠥᠷᠦᠭᠡᠨ ᠳᠤ ᠠᠮᠵᠢᠯᠲᠠ ᠲᠠᠢ  ᠶᠠᠪᠤᠭᠳᠠᠯ᠎ᠠ᠃      ᠲᠤᠰ ᠤᠳᠠᠭᠠᠨ ᠤ ᠬᠢᠴᠢᠶᠡᠯ ᠳᠤ᠂ ᠴᠡᠭᠡ ᠶᠢᠨ ᠰᠤᠶᠤᠯ ᠳᠤ ᠰᠤᠨᠢᠷᠬᠠᠯᠳᠠᠢ ᠰᠤᠷᠤᠭᠴᠢ ᠭᠡᠷ ᠤᠨ ᠠᠬᠠᠮᠠᠳ ᠨᠡᠶᠢᠲᠡ ᠠᠷᠪᠠᠨ ᠲᠠᠪᠤᠨ ᠬᠦᠮᠦᠨ ᠤᠷᠤᠯᠴᠠᠵᠤ᠂  ᠴᠡᠭᠡ ᠶᠢᠨ ᠰᠤᠶᠤᠯ ᠤᠨ ᠤᠯᠠᠮᠵᠢᠯᠠᠯᠲᠤ ᠶᠣᠰᠣ ᠵᠠᠩᠰᠢᠯ ᠪᠠ ᠤᠳᠤᠬᠢᠴᠢᠯᠠᠭᠰᠠᠨ ᠦᠢᠯᠡᠳᠪᠦᠷᠢᠯᠡᠯ ᠤᠨ ᠪᠠᠶᠢᠳᠠᠯ ᠢ ᠬᠠᠮᠲᠤᠪᠠᠷ ᠰᠤᠳᠤᠯᠤᠨ ᠰᠤᠷᠤᠯᠴᠠᠭᠰᠠᠨ ᠪᠠᠶᠢᠨ᠎ᠠ᠃    ᠬᠢᠴᠢᠶᠡᠯ ᠤᠨ ᠡᠬᠢᠯᠡᠯᠲᠡ ᠳᠤ᠂ ᠥᠪ ᠴᠡᠭᠡ ᠰᠢᠨᠵᠢᠯᠡᠭᠡ ᠮᠡᠷᠭᠡᠵᠢᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢᠨ ᠵ᠊ · ᠥᠯᠵᠡᠶᠢᠪᠠᠲᠤ ᠠᠴᠠ ᠤᠯᠠᠨ ᠵᠢᠯ ᠤᠨ ᠳᠤᠷᠰᠢᠳᠠ ᠡᠯ᠎ᠡ ᠠᠶᠢᠮᠠᠭ ᠬᠤᠲᠠ ᠬᠤᠰᠢᠭᠤ ᠰᠢᠶᠠᠨ ᠢᠶᠠᠷ ᠲᠤᠭᠤᠷᠢᠨ ᠬᠢᠴᠢᠶᠡᠯ ᠡᠷᠬᠢᠯᠡᠭᠰᠡᠨ ᠦᠩᠭᠡᠷᠡᠯᠳᠡ ᠪᠠ ᠺᠤᠮᠫᠠᠨᠢ ᠪᠠᠶᠢᠭᠤᠯᠬᠤ ᠠᠴᠠ ᠡᠮᠦᠨ᠎ᠡ ᠬᠤᠶᠢᠨᠠᠬᠢ ᠬᠡᠳᠦᠨ ᠵᠢᠯ ᠤᠨ ᠳᠤᠷᠰᠢᠳᠠ ᠮᠦᠳᠠᠨ ᠤ ᠬᠢᠭᠰᠡᠨ ᠪᠤᠳᠠᠲᠠᠢ ᠠᠵᠢᠯᠯᠠᠭ᠎ᠠ ᠨᠤᠭᠤᠳ ᠲᠤ ᠲᠠᠨᠢᠯᠴᠠᠭᠤᠯᠭ᠎ᠠ ᠬᠢᠵᠡᠢ᠃    ᠡᠨᠡ ᠤᠳᠠᠭᠠᠨ ᠤ ᠬᠢᠴᠢᠶᠡᠯ ᠢᠶᠠᠷ᠂ ᠮᠦᠳᠠᠨ ᠠᠴᠠ ᠴᠡᠭᠡ ᠶᠢᠨ ᠰᠤᠶᠤᠯ ᠲᠠᠢ ᠬᠤᠯᠪᠤᠭᠳᠠᠬᠤ ᠤᠯᠠᠮᠵᠢᠯᠠᠯᠲᠤ ᠪᠠᠭᠠᠵᠢ ᠬᠡᠷᠡᠭᠰᠡᠯ ᠢ ᠲᠠᠨᠢᠯᠴᠠᠭᠤᠯᠵᠤ᠂ ᠬᠡᠷᠡᠭᠯᠡᠬᠦ ᠠᠷᠭ᠎ᠠ ᠪᠠᠷᠢᠯ ᠵᠢᠴᠢ ᠤᠯᠠᠮᠵᠢᠯᠠᠯᠲᠤ ᠴᠡᠭᠡ ᠶᠢᠨ ᠰᠣᠶᠤᠯ ᠤᠨ ᠬᠦᠭᠵᠢᠯᠳᠡ ᠶᠢᠨ ᠳᠤᠮᠳᠠ ᠡᠳᠡᠭᠡᠷ ᠪᠠᠭᠠᠵᠢ ᠬᠡᠷᠡᠭᠰᠡᠯ ᠤᠨ ᠬᠡᠷᠬᠢᠨ ᠬᠠᠳᠠᠭᠠᠯᠠᠭᠳᠠᠨ ᠦᠯᠡᠳᠡᠭᠰᠡᠨ ᠲᠤᠬᠠᠢ ᠲᠠᠶᠢᠯᠪᠤᠷᠢᠯᠠᠨ ᠶᠠᠷᠢᠵᠤ᠂ ᠰᠤᠷᠤᠭᠴᠢᠳ ᠲᠤ ᠴᠡᠭᠡ ᠬᠡᠮᠨᠡᠵᠦ ᠠᠬᠠᠮᠠᠳ ᠲᠤᠮᠤᠭᠠᠲᠠᠨ ᠳᠤ ᠪᠠᠨ ᠡᠷᠭᠦᠵᠦ ᠪᠠᠷᠢᠬᠤ ᠶᠣᠰᠣ ᠶᠢ ᠵᠢᠭᠠᠵᠡᠢ᠃    ᠡᠬᠦᠨ ᠤ ᠬᠠᠮᠳᠦ ᠥᠪ ᠴᠡᠭᠡ ᠰᠢᠨᠵᠢᠯᠡᠭᠡ ᠮᠡᠷᠭᠡᠵᠢᠯ ᠤᠨ ᠬᠢᠵᠠᠭᠠᠷᠲᠤ ᠬᠠᠷᠢᠭᠤᠴᠠᠯᠭᠠᠲᠤ ᠺᠤᠮᠫᠠᠨᠢ ᠶᠢᠨ ᠡᠵᠡᠩᠨᠡᠭᠴᠢ ᠮᠦᠷᠲᠡᠭᠡᠨ ᠴᠡᠭᠡ ᠡᠬᠡᠰᠢᠭᠦᠯᠬᠦ ᠵᠢᠵᠢᠭ ᠦᠢᠯᠡᠳᠬᠡᠯ ᠤᠨ ᠭᠠᠵᠠᠷ ᠤᠨ ᠡᠵᠡᠨᠳᠡᠨ ᠪᠤᠯᠤᠭᠰᠠᠨ ᠤ ᠬᠤᠪᠢ  ᠳᠤ ᠮᠦᠳᠡᠨ ᠠᠴᠠ ᠤᠳᠤᠬᠢᠴᠢᠯᠠᠭᠰᠠᠨ ᠦᠢᠯᠡᠳᠬᠡᠯ ᠤᠨ ᠭᠠᠵᠠᠷ ᠲᠤ ᠴᠡᠭᠡ ᠶᠢ ᠶᠠᠭᠠᠬᠢᠵᠤ ᠡᠬᠡᠰᠢᠭᠦᠯᠵᠦ᠂ ᠰᠠᠪᠠᠯᠠᠨ ᠪᠤᠷᠤᠯᠠᠭᠤᠯᠳᠠᠭ ᠶᠠᠪᠤᠴᠠ ᠶᠢ  ᠪᠡᠶ᠎ᠡ ᠪᠠᠷ ᠢᠶᠠᠨ ᠬᠢᠵᠦ  ᠦᠵᠡᠬᠦᠯᠦᠭᠰᠡᠨ ᠨᠢ ᠡᠨᠡᠬᠦ ᠬᠢᠴᠢᠶᠡᠯ ᠢ ᠨᠡᠩ ᠠᠮᠢᠳᠤᠯᠢᠭ ᠪᠤᠯᠭᠠᠭᠰᠠᠨ ᠶᠤᠮ᠃    ᠤᠶᠢᠯᠠᠠᠭᠠᠭᠰᠠᠨ ᠢᠶᠠᠷ᠂ ᠥᠨᠥ ᠵᠢᠯ ᠮᠦᠳᠡᠨ ᠤ ᠴᠡᠭᠡ ᠡᠭᠡᠰᠢᠬᠦᠯᠬᠦ ᠵᠢᠵᠢᠭ ᠦᠢᠯᠡᠳᠬᠡᠯ ᠤᠨ ᠭᠠᠵᠠᠷ ᠨᠢ ᠭᠤᠷᠪᠠᠨ ᠡᠷᠦᠬᠡ ᠲᠠᠢ ᠭᠡᠷ᠎ᠡ ᠲᠤᠭᠳᠠᠵᠤ᠂ ᠡᠳᠦᠷ ᠪᠦᠷᠢ ᠭᠤᠷᠪᠠᠨ ᠵᠠᠭᠤ ᠰᠢᠬᠠᠭᠤ ᠵᠢᠩ ᠴᠡᠭᠡ ᠤᠷᠤᠭᠤᠯᠵᠤ ᠡᠬᠡᠰᠢᠭᠦᠯᠦᠨ ᠦᠢᠯᠡᠳᠴᠦ ᠪᠠᠶᠢᠭ᠎ᠠ ᠶᠤᠮ ᠪᠠᠶᠢᠨ᠎ᠠ᠃    ᠡᠬᠦᠨ ᠠᠴᠠ ᠭᠠᠳᠠᠨ᠎ᠠ ᠬᠢᠴᠢᠶᠡᠯ ᠳᠤ ᠤᠷᠤᠯᠴᠠᠭᠰᠠᠨ ᠠᠬᠠᠮᠠᠳ ᠨᠠᠰᠤᠲᠠᠨ ᠠᠴᠠ ᠪᠠᠰᠠ ᠰᠤᠷᠤᠭᠴᠢᠳ ᠲᠤ ᠬᠠᠨᠳᠤᠭᠤᠯᠤᠨ᠂ ᠠᠪᠠᠭ᠎ᠠ ᠨᠤᠲᠤᠭ ᠤᠨ ᠣᠨᠴᠠ ᠪᠠᠶᠢᠳᠠᠭ ᠳᠡᠮᠪᠡᠭᠡ ᠲᠣᠭᠯᠠᠭᠠᠮ ᠢ ᠲᠣᠭᠯᠠᠵᠤ᠂ ᠰᠤᠷᠤᠭᠴᠢᠳ ᠤᠨ ᠰᠤᠨᠢᠷᠬᠠᠯ  ᠢ ᠳᠠᠲᠠᠭᠰᠠᠨ ᠪᠠᠶᠢᠨ᠎ᠠ᠃ ᠳᠡᠮᠪᠡᠭᠡ ᠭᠡᠳᠡᠭ ᠪᠣᠯ ᠠᠪᠠᠭ᠎ᠠ ᠠᠪᠠᠭ᠋ᠠᠨᠠᠷ ᠨᠤᠲᠤᠭ ᠲᠤ ᠣᠨᠴᠠ ᠪᠠᠶᠢᠳᠠᠭ ᠨᠢᠭᠡ ᠵᠦᠢᠯ ᠤᠨ ᠬᠤᠶᠠᠷ ᠬᠦᠮᠦᠨ ᠬᠠᠮᠲᠤ ᠵᠢᠮᠡᠯᠴᠡᠳᠡᠭ᠂ ᠲᠢᠭ ᠠᠴᠠ ᠠᠷᠪᠠ ᠬᠦᠷᠲᠡᠯᠡᠬᠢ ᠲᠤᠭ᠎ᠠ ᠶᠢ ᠠᠶ᠎ᠠ ᠳ᠋ᠠᠩ  ᠳᠤ ᠪᠠᠨ ᠲᠠᠭᠠᠷᠠᠭᠤᠯᠵᠤ᠂ ︽ᠨᠢᠭᠡ︾ ᠶᠢ ᠭᠠᠩᠭᠠᠩ ᠭᠠᠭᠴᠠ ᠡ᠂ ︽ᠬᠤᠶᠠᠷ︾ ᠢ ᠡᠷᠬᠡᠨ ᠬᠤᠶᠠᠷ ᠡ᠂ ︽ᠭᠤᠷᠪᠠ︾ ᠶᠢ ᠭᠠᠤᠯᠢᠨ ᠤ ᠭᠤᠷᠪᠠ ᠡ ᠪᠤᠶᠤ ᠰᠤᠪᠤᠷᠭ᠎ᠠ ᠭᠤᠷᠪᠠ ᠡ᠂ ︽ᠳᠥᠷᠪᠡ︾ ᠶᠢ ᠳᠡᠭᠰᠢ ᠳᠥᠷᠪᠡ ᠡ ᠪᠤᠶᠤ ᠰᠡᠪᠡᠬᠡᠨ ᠳᠥᠷᠪᠡ ᠡ᠂ ︽ᠲᠠᠪᠤ︾ ᠶᠢ ᠲᠠᠯ᠎ᠠ ᠶᠢᠨ ᠲᠠᠪᠤ ᠡ ᠪᠤᠶᠤ ᠠᠵᠠ ᠶᠢᠨ ᠲᠠᠪᠤ ᠡ᠂ ᠲᠠᠷᠢᠬᠢᠨ ᠲᠠᠪᠤ  ᠡ᠂ ︽ᠵᠢᠷᠭᠤᠭ᠎ᠠ︾ ᠶᠢ ᠵᠤᠤᠵᠠᠢ ᠵᠢᠷᠭᠤᠭ᠎ᠠ ᠡ ᠪᠤᠶᠤ ᠲᠠᠩᠨᠠᠢ ᠵᠢᠷᠭᠤᠭ᠎ᠠ ᠡ᠂ ︽ᠳᠣᠯᠤᠭ᠎ᠠ︾ ᠶᠢ ᠳᠣᠬᠢᠭᠤᠷ ᠳᠣᠯᠤᠭ᠎ᠠ ᠡ ᠪᠤᠶᠤ ᠪᠤᠷᠬᠠᠨ ᠳᠣᠯᠤᠭ᠎ᠠ ᠡ᠂ ᠳᠡᠭᠵᠢᠨ ᠳᠣᠯᠤᠭ᠎ᠠ ᠡ᠂ ︽ᠨᠠᠢᠮᠨ︾ ᠶᠢ ᠭᠠᠷᠬᠠᠨ ᠨᠠᠢᠮᠨ ᠡ ᠪᠤᠶᠤ ᠭᠠᠨᠵᠤᠭᠠᠨ ᠨᠠᠢᠮᠨ ᠡ᠂ ᠨᠠᠶᠢᠷᠲᠠᠢ ᠨᠠᠢᠮᠨ ᠡ᠂ ︽ᠶᠢᠰᠦ︾ ᠶᠢ ᠳᠡᠭᠡᠭᠡ ᠶᠢᠰᠦ ᠡ᠂ ︽ᠠᠷᠪᠠ︾ ᠶᠢ ᠳᠡᠯᠭᠡᠭᠡᠳ ᠠᠷᠪᠠ ᠡ ᠪᠤᠶᠤ ᠳᠡᠯᠭᠡᠷ ᠬᠠᠩᠭᠠᠢ ᠡ᠂ ︽ᠲᠢᠭ︾ ᠢ ᠪᠠᠶᠢᠳᠠᠭ ᠦᠭᠡᠢ ᠨᠢ ᠲᠠᠭᠠᠷᠠᠵᠠᠢ᠂ ᠬᠡᠨ ᠳᠡᠭᠡᠨ ᠴᠤ ᠥᠭᠪᠡ ᠬᠦ᠋ ᠬᠦᠢ︕ ᠭᠡᠵᠦ ᠴᠡᠴᠡ ᠪᠣᠯᠢᠶᠠᠯᠳᠤᠨ  ᠨᠠᠭᠠᠳᠳᠠᠭ  ᠂ ᠬᠡᠨ ᠨᠢ ᠬᠤᠶᠠᠷ ᠬᠥᠮᠦᠨ ᠤ ᠭᠠᠷᠭᠠᠭᠰᠠᠨ ᠬᠤᠷᠤᠭᠤᠨ  ᠤ ᠨᠡᠶᠢᠯᠡᠪᠦᠷᠢ ᠲᠤᠭ᠎ᠠ ᠶᠢ ᠲᠠᠭᠠᠷᠠᠭᠤᠯᠵᠤ ᠳᠡᠶᠢᠯᠪᠡᠯ ᠲᠡᠷᠡ ᠨᠢ ᠬᠤᠨᠵᠢᠵᠤ᠂ ᠬᠤᠨᠵᠢᠭᠰᠠᠨ ᠲᠠᠯ᠎ᠠ ᠨᠢ ︽ᠮᠢᠨᠤᠬᠢ ᠪᠣᠯᠵᠠᠢ︕︾ ᠭᠡᠵᠦ᠂ ᠬᠤᠨᠵᠢᠭᠳᠠᠭᠰᠠᠨ ᠲᠠᠯ᠎ᠠ ᠨᠢ ︽ᠲᠠᠨ ᠤ ᠬᠢ ᠪᠣᠯᠵᠠᠢ︕︾ ᠭᠡᠵᠦ᠂ ᠡᠨᠡ ᠮᠡᠲᠦ ᠪᠠᠷ ᠨᠡᠶᠢᠯᠡᠪᠦᠷᠢ ᠲᠤᠭ᠎ᠠ ᠶᠢ ᠭᠤᠷᠪᠠ ᠳᠠᠷᠠᠭᠠᠯᠠᠨ ᠲᠠᠭᠠᠷᠠᠭᠤᠯᠵᠤ ᠳᠡᠶᠢᠯᠬᠦ ᠦᠭᠡᠢ ᠪᠣᠯᠪᠠᠯ ᠴᠡᠭᠡ ᠤᠤᠭᠤᠵᠤ ᠲᠤᠷᠭᠠᠭᠳᠠᠳᠠᠭ  ᠃ ᠬᠡᠷᠪᠡ ᠬᠤᠶᠠᠷ ᠲᠠᠯ᠎ᠠ ᠪᠠᠷ ᠢᠶᠠᠨ ᠠᠳᠠᠯᠢᠬᠠᠨ ᠲᠤᠭ᠎ᠠ ᠲᠠᠭᠠᠷᠠᠭᠤᠯᠵᠤ ᠬᠠᠶᠢᠨᠴᠠᠭᠰᠠᠨ ᠪᠣᠯ ︽ᠬᠡᠨ ᠳᠡᠭᠡᠨ ᠴᠤ ᠦᠭᠡᠢ ᠡ︕︾ ᠭᠡᠵᠦ᠂ ᠬᠤᠶᠠᠷ ᠲᠠᠯ᠎ᠠ ᠪᠠᠷ ᠢᠶᠠᠨ ᠪᠦᠷ ᠲᠠᠭᠠᠷᠠᠭᠤᠯᠵᠤ ᠳᠡᠶᠢᠯᠦᠭᠰᠡᠨ ᠦᠭᠡᠢ ᠪᠣᠯᠪᠠᠯ ︽ᠪᠠᠶᠢᠳᠠᠭ ᠦᠭᠡᠢ ᠨᠢ ᠲᠠᠭᠠᠷᠠᠵᠠᠢ ᠡ︾ ᠭᠡᠵᠦ ᠡᠪ ᠲᠠᠢ ᠲᠣᠭᠯᠠᠳᠠᠭ  ᠤᠬᠠᠭᠠᠨ ᠰᠤᠷᠢᠬᠤ ᠲᠤᠭᠯᠠᠭᠠᠮ ᠶᠤᠮ᠃    ︽ᠦᠨᠦᠳᠦᠷ ᠪᠣᠯ ᠪᠢᠳᠡᠨ ᠤ ᠨᠢᠭᠡᠳᠦᠭᠡᠷ ᠤᠳᠠᠭᠠᠨ ᠤ ᠰᠤᠳᠤᠯᠤᠨ ᠰᠤᠷᠤᠯᠴᠠᠬᠤ ᠬᠢᠴᠢᠶᠡᠯ᠂ ᠳᠠᠷᠠᠭᠠᠴᠢ ᠶᠢᠨ ᠠᠯᠬᠤᠮ ᠳᠤ ᠪᠠᠨ ᠬᠤᠰᠢᠭᠤᠨ ᠤ ᠡᠯ᠎ᠡ ᠴᠡᠴᠡᠷᠯᠢᠭ ᠪᠠᠭ᠎ᠠ ᠰᠤᠷᠭᠠᠭᠤᠯᠢ ᠲᠠᠢ ᠬᠠᠮᠲᠤᠷᠠᠨ ᠴᠡᠭᠡ ᠶᠢᠨ ᠰᠣᠶᠤᠯ ᠤᠨ ᠰᠤᠳᠤᠯᠤᠨ ᠰᠤᠷᠣᠯᠴᠠᠬᠤ ᠬᠢᠴᠢᠶᠡᠯ ᠡᠷᠬᠢᠯᠡᠬᠦ ᠤᠳᠠᠭ᠎ᠠ ᠪᠠᠨ ᠤᠯᠠᠰᠢᠷᠠᠭᠤᠯᠵᠦ᠂ ᠴᠡᠭᠡ ᠡᠬᠡᠰᠢᠭᠦᠯᠬᠦ ᠤᠷ᠎ᠠ ᠮᠡᠷᠭᠡᠵᠢᠯ ᠪᠠ ᠴᠡᠭᠡ ᠶᠢᠨ ᠰᠤᠶᠤᠯ ᠲᠠᠢ ᠬᠤᠯᠪᠤᠭᠳᠠᠭᠰᠠᠨ ᠤᠯᠠᠮᠵᠢᠯᠠᠯᠲᠤ ᠶᠣᠰᠤ ᠵᠠᠩᠰᠢᠯ ᠢ ᠬᠤᠶᠢᠴᠢ ᠦᠶ᠎ᠡ ᠳᠤ ᠪᠠᠨ ᠨᠡᠩ ᠰᠠᠶᠢᠨ ᠣᠶᠢᠯᠠᠭᠠᠭᠤᠯᠬᠤ  ᠰᠠᠨᠠᠭᠠᠳᠠᠢ︾ ᠭᠡᠵᠦ ᠮᠦᠳᠡᠨ ᠬᠤᠶᠢᠰᠢᠳᠡ ᠶᠢᠨ ᠬᠠᠷᠠᠯᠳᠠ ᠪᠠᠨ ᠪᠠᠶᠠᠷᠳᠠᠶᠢᠬᠠᠨ ᠤᠴᠢᠷᠯᠠᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号