ᠰᠢᠯᠢ ᠶᠢᠨ ᠭᠤᠣᠯ ᠠᠶᠢᠮᠠᠭ ᠤᠨ ᠠᠪᠠᠭ᠎ᠠ ᠬᠤᠰᠢᠭᠤᠨ ᠤ ᠨᠠᠷᠠᠨᠪᠣᠯᠠᠭ ᠰᠣᠮᠣᠨ ᠤ ᠡᠷᠳᠡᠨᠢᠠᠣᠪᠣᠭᠠ | ᠭᠠᠴᠠᠭ᠎ᠠ ᠪᠠᠷ ᠨᠤᠳᠣᠭᠲᠠᠢ ᠮᠦᠳᠡᠨ ᠭᠡᠵᠦ ᠣᠯᠠᠮᠵᠢᠯᠠᠯᠲᠤ ᠴᠡᠭᠡ ᠶᠢᠨ ᠰᠤᠶᠤᠯ ᠤᠨ ᠤᠷᠤᠨ ᠤ ᠲᠡᠰ ᠤᠨ ᠪᠤᠳᠠᠰ ᠤᠨ | ᠪᠤᠰᠤ ᠰᠤᠶᠤᠯ ᠤᠨ ᠥᠪ ᠤᠨ ᠦᠪᠯᠡᠨ ᠣᠯᠠᠮᠵᠢᠯᠠᠭᠴᠢ ᠪᠠᠶᠢᠵᠤ᠂ ᠠᠪᠠᠭ᠎ᠠ ᠬᠠᠷ᠎ᠠ ᠠᠳᠤᠭᠤᠨ ᠤ ᠴᠡᠭᠡ ᠶᠢ ᠢᠰᠭᠡᠵᠦ | ᠣᠯᠠᠮᠵᠢᠯᠠᠬᠤ ᠲᠠᠯ᠎ᠠ ᠪᠦᠷᠢ ᠶᠢᠨ ᠠᠵᠢᠯ ᠳᠤ ᠭᠠᠷᠮᠠᠭᠠᠢ ᠵᠢᠳᠭᠦᠯ ᠲᠠᠢ ᠶᠠᠪᠤᠭ᠎ᠠ ᠬᠦᠮᠦᠨ ᠪᠣᠯᠬᠤ ᠶᠤᠮ᠃ | ᠮᠦᠳᠡᠨ ᠤ ᠬᠢ ᠭᠡᠵᠦ ᠣᠣᠯ ᠠᠴᠠ ᠪᠠᠨ ᠭᠡᠭᠦᠦ ᠪᠠᠷᠢᠵᠤ ᠴᠡᠭᠡ ᠢᠰᠭᠡᠵᠦ ᠪᠠᠶᠢᠭᠰᠠᠨ ᠣᠯᠠᠮᠵᠢᠯᠠᠯ ᠲᠠᠢ ᠠᠶᠢᠯ | ᠪᠤᠯᠤᠨ᠎ᠠ᠃ ᠪᠠᠭ᠎ᠠ ᠠᠴᠠ ᠪᠠᠨ ᠭᠡᠭᠦᠦ ᠰᠠᠭᠠᠵᠤ ᠴᠡᠭᠡ ᠢᠰᠭᠡᠬᠦ ᠠᠵᠢᠯ ᠳᠤ ᠭᠠᠷᠰᠢᠵᠤ ᠦᠰᠦᠭᠰᠡᠨ ᠲᠡᠷᠡ ᠪᠠᠷ ᠴᠡᠭᠡ | ᠢᠰᠭᠡᠬᠦ ᠠᠵᠢᠯ ᠳᠤ ᠣᠨᠴᠠ ᠶᠢᠨ ᠪᠠᠭ᠋ᠠᠲᠠᠢ ᠪᠠᠶᠢᠳᠠᠭ᠃ ᠶᠡᠷᠦᠨᠢ ᠠᠪᠠᠭ᠎ᠠ ᠠᠪᠠᠭ᠋ᠠᠨᠠᠷ ᠭᠡᠵᠦ ᠣᠣᠯ ᠠᠴᠠ ᠪᠠᠨ ᠴᠡᠭᠡ | ᠰᠠᠶᠢᠲᠠᠢ ᠨᠣᠳᠤᠭ ᠪᠠᠶᠢᠵᠤ᠂ ᠣᠳᠣ ᠴᠦ ᠭᠡᠰᠡᠨ ᠠᠪᠠᠭ᠎ᠠ ᠶᠢᠨ ᠬᠠᠷ᠎ᠠ ᠠᠳᠤᠭᠤᠨ ᠤ ᠴᠡᠭᠡ ᠭᠡᠵᠦ ᠶᠡᠭᠡ ᠠᠯᠳᠠᠷ ᠲᠠᠢ | ᠪᠠᠶᠢᠳᠠᠭ᠃ ᠦᠩᠭᠡᠷᠡᠭᠴᠢ ᠵᠠᠭᠤᠨ ᠤ ᠶᠡᠷᠡᠭᠡᠳ ᠣᠨ ᠤ ᠥᠶ᠎ᠡ ᠳᠤ ᠠᠪᠠᠭ᠎ᠠ ᠨᠣᠳᠤᠭ ᠢᠶᠠᠷ ᠴᠡᠭᠡ ᠢᠰᠭᠡᠵᠦ | ᠪᠤᠷᠤᠯᠠᠭᠤᠯᠳᠠᠭ ᠬᠦᠮᠦᠨ ᠠᠷᠠᠢ ᠴᠦᠬᠡᠨ ᠪᠠᠶᠢᠵᠤ᠂ ᠣᠯᠠᠩᠭᠢ ᠠᠶᠢᠯ ᠨᠢ ᠵᠦᠪᠬᠡᠨ ᠦᠪᠡᠷ ᠤᠨ ᠬᠢ ᠬᠡᠷᠡᠭᠯᠡᠭᠡᠨ ᠢᠶᠠᠨ | ᠪᠠᠲᠤᠯᠠᠬᠤ ᠠᠴᠠ ᠪᠢᠰᠢ ᠭᠠᠳᠠᠭᠰᠢ ᠪᠤᠷᠤᠯᠠᠭᠤᠯᠳᠠᠭ ᠦᠭᠡᠢ ᠪᠠᠶᠢᠵᠠᠢ᠃ 1993 ᠣᠨ ᠠᠴᠠ ᠡᠬᠢᠯᠡᠨ ᠮᠦᠳᠡᠨ | ᠠᠵᠢᠯ ᠤᠨ ᠢᠶᠠᠨ ᠵᠠᠪ ᠰᠡᠯᠡᠭᠦᠦ ᠶᠢ ᠠᠰᠢᠭᠯᠠᠵᠤ ᠭᠡᠭᠦᠦ ᠰᠠᠭᠠᠵᠤ ᠴᠡᠭᠡ ᠢᠰᠭᠡᠵᠦ ᠭᠠᠳᠠᠭᠰᠢ ᠪᠠᠭ᠎ᠠ ᠰᠠᠭ᠎ᠠ ᠪᠠᠷ | ᠪᠤᠷᠤᠯᠠᠭᠤᠯᠵᠤ ᠪᠠᠶᠢᠭᠰᠠᠨ ᠢᠶᠠᠨ ᠰᠡᠭᠦᠯᠡᠷ ᠨᠢ 2005 ᠣᠨ ᠪᠣᠯᠬᠤ ᠪᠠᠷ ᠬᠤᠰᠢᠭᠤᠨ ᠲᠦᠪ ᠤᠨ ᠢᠶᠠᠨ | ᠬᠠᠵᠠᠭᠤ ᠳᠤ ᠵᠤᠭᠠᠴᠠᠯ ᠤᠨ ᠭᠠᠵᠠᠷ ᠭᠠᠷᠭᠠᠵᠤ ᠴᠡᠭᠡ ᠶᠢ ᠦᠷᠭᠡᠨ ᠢᠶᠠᠷ ᠪᠤᠷᠤᠯᠠᠭᠤᠯᠬᠤ ᠪᠣᠯᠵᠠᠢ᠃ ᠳᠠᠬᠢᠭᠠᠳ | 2018 ᠣᠨ ᠳᠤ ᠵᠤᠰᠠᠯᠠᠩ ᠳᠤ ᠪᠠᠨ ︽ᠴᠡᠭᠡ ᠶᠢᠨ ᠰᠤᠶᠤᠯ ᠤᠨ ᠰᠠᠭᠤᠷᠢᠨ ᠭᠠᠵᠠᠷ︾ ᠭᠠᠷᠭᠠᠵᠤ᠂ ᠬᠡᠣᠬᠡᠳ | ᠰᠤᠷᠤᠭᠴᠢᠳ ᠲᠤ ᠦᠵᠡᠭᠦᠯᠦᠯᠭᠡ ᠶᠢᠨ ᠬᠢᠴᠢᠶᠡᠯ ᠤᠷᠤᠬᠤ ᠠᠴᠠ ᠭᠠᠳᠠᠨ᠎ᠠ ᠪᠠᠰᠠ ᠲᠤᠰᠬᠠᠢ ᠮᠡᠷᠭᠡᠵᠢᠯᠲᠡᠨ᠂ | ᠰᠤᠳᠤᠯᠭᠠᠲᠠᠳ ᠤᠨ ᠪᠠᠶᠡᠴᠢᠯᠡᠨ ᠣᠶᠢᠯᠠᠭᠠᠳᠠᠭ ᠭᠠᠵᠠᠷ ᠪᠣᠯᠭᠠᠵᠤ ᠨᠡᠷ᠎ᠡ ᠨᠦᠯᠦᠭᠡ ᠪᠠᠨ ᠣᠯᠠᠮ ᠦᠷᠭᠡᠳᠬᠡᠭᠰᠡᠨ | ᠪᠠᠶᠢᠨ᠎ᠠ᠃ 2019 ᠣᠨ ᠳᠤ ᠲᠡᠳᠡᠨᠡᠶᠢᠬᠢ ︽ᠥᠪ ᠴᠡᠭᠡ︾ ᠭᠡᠰᠡᠨ ᠲᠠᠸᠠᠷ ᠤᠨ ᠲᠡᠮᠳᠡᠭ ᠢᠶᠠᠨ ᠳᠠᠩᠰᠠᠯᠠᠭᠤᠯᠵᠤ᠂ | 2023 ᠣᠨ ᠳᠤ ᠲᠡᠭᠡᠲᠦ ᠱᠠᠳᠤᠨ ᠤ ᠳᠡᠮᠵᠢᠯᠭᠡ ᠲᠠᠢ ᠪᠠᠷ ᠬᠤᠰᠢᠭᠤᠨ ᠲᠦᠪ ᠪᠡᠯᠭᠦᠳᠡᠢ ᠪᠠᠯᠭᠠᠰᠣᠨ ᠳᠤ | ᠴᠡᠭᠡ ᠶᠢᠨ ᠦᠢᠯᠡᠳᠪᠤᠷᠢ ᠪᠠᠶᠢᠭᠤᠯᠵᠤ᠂ ᠴᠡᠭᠡ ᠦᠢᠯᠡᠳᠪᠤᠷᠢᠯᠡᠬᠦ ᠬᠡᠪᠴᠢᠶ᠎ᠡ᠂ ᠪᠡᠷᠢᠮᠵᠢᠶ᠎ᠠ ᠪᠠᠨ ᠪᠦᠷ ᠲᠡᠰ | ᠳᠡᠪᠰᠢᠭᠦᠯᠦᠭᠰᠡᠨ ᠪᠠᠶᠢᠨ᠎ᠠ᠃ ︽ᠥᠪ ᠴᠡᠭᠡ︾ ᠶᠢᠨ ᠨᠡᠷ᠎ᠡ ᠨᠦᠯᠦᠭᠡ ᠦᠷᠭᠡᠳᠬᠦ ᠶᠢ ᠳᠠᠭᠠᠯᠳᠤᠨ ᠣᠶᠢᠷ᠎ᠠ ᠶᠢᠨ | ᠵᠢᠯ ᠠᠴᠠ ᠲᠡᠳᠡ ᠣᠶᠢᠷ᠎ᠠ ᠬᠠᠪᠢ ᠶᠢᠨ ᠮᠠᠯᠴᠢᠳ ᠢ ᠳᠠᠶᠢᠴᠢᠯᠠᠵᠤ ᠴᠡᠭᠡ ᠰᠦ ᠰᠠᠭᠠᠯᠢ ᠶᠢᠨ ᠨᠡᠶᠢᠭᠡᠮᠯᠢᠭ | ᠪᠠᠶᠢᠭᠤᠯᠵᠤ᠂ ᠬᠠᠮᠳᠤᠪᠠᠷ ᠤᠷᠤᠯᠭ᠎ᠠ ᠡᠭᠦᠳᠬᠦ ᠰᠢᠨ᠎ᠡ ᠵᠠᠮ ᠢ ᠬᠠᠶᠢᠭᠰᠠᠨ ᠢᠶᠠᠷ ᠣᠳᠣ ᠲᠡᠳᠡᠨᠡᠶᠢᠬᠢ ᠵᠢᠯ ᠤᠨ ᠪᠠᠷᠤᠭ | 4 ᠲᠦᠮᠡᠨ ᠵᠢᠩ ᠴᠡᠭᠡ ᠢᠰᠭᠡᠵᠦ ᠪᠤᠷᠤᠯᠠᠭᠤᠯᠵᠤ ᠪᠣᠢ᠃ |