ᠠᠳᠤᠭᠤᠨ ᠤ ᠠᠵᠤ ᠦᠢᠯᠡᠰ ᠢ ᠬᠦᠭᠵᠢᠬᠦᠯᠵᠤ᠂ ᠠᠳᠤᠭᠤᠨ ᠤ ᠠᠰᠢᠭ ᠰᠢᠮ᠎ᠠ ᠶᠢ ᠭᠠᠳᠠᠭᠰᠢ | ᠪᠤᠷᠤᠯᠠᠭᠤᠯᠵᠤ᠂ ᠤᠷᠤᠨ ᠨᠤᠳᠤᠭ ᠤᠨ ᠢᠶᠠᠨ ᠰᠢᠯᠢᠳᠡᠭ ᠡᠬᠦᠯᠳᠡᠷ ᠤᠨ ᠠᠳᠤᠭᠤ ᠶᠢ ᠭᠠᠳᠠᠭᠰᠢ ᠤᠬᠠᠭᠤᠯᠬᠤ ᠲᠠᠯ᠎ᠠ | ᠳᠤ ᠰᠢᠯᠢ ᠶᠢᠨ ᠭᠤᠤᠯ ᠠᠶᠢᠮᠠᠭ ᠤᠯᠠᠨ ᠲᠠᠯ᠎ᠠ ᠠᠴᠠ ᠠᠵᠢᠯᠯᠠᠵᠤ ᠪᠠᠶᠢᠳᠠᠭ᠃ ᠮᠠᠨ ᠤ ᠠᠶᠢᠮᠠᠭ ᠤᠨ ᠤᠷᠤᠨ | ᠨᠤᠳᠤᠭ ᠤᠨ ᠰᠢᠯᠢᠳᠡᠭ ᠡᠬᠦᠯᠳᠡᠷ ᠤᠨ ᠠᠳᠤᠭᠤ ᠪᠤᠯᠬᠤ ᠠᠪᠠᠭ᠎ᠠ ᠶᠢᠨ ᠰᠠᠩᠰᠠᠨ ᠬᠠᠷ᠎ᠠ ᠠᠳᠤᠭᠤ ᠶᠢ ᠶᠠᠷᠢᠬᠤ ᠪᠠᠷ | ᠤᠯᠠᠨ ᠬᠦᠮᠤᠨ ᠰᠠᠶᠢᠨ ᠮᠡᠳᠡᠳᠡᠭ᠃ ᠪᠠᠶ᠎ᠠ ᠴᠤᠭᠴᠠ ᠨᠢ ᠲᠠᠰ ᠬᠠᠷ᠎ᠠ ᠦᠩᠬᠡ ᠲᠠᠢ ᠲᠤᠰ ᠲᠦᠷᠤᠯ ᠤᠨ ᠠᠳᠤᠭᠤ | ᠨᠢ ᠠᠪᠠᠭ᠎ᠠ ᠨᠤᠳᠤᠭ ᠤᠨ ᠬᠤᠶᠢᠳᠤ ᠪᠠᠶ᠎ᠠ ᠶᠢᠨ ᠬᠠᠬᠢᠷ ᠬᠦᠢᠳᠡᠨ ᠠᠭᠤᠷ ᠠᠮᠢᠰᠬᠤᠯ ᠳᠤ ᠵᠤᠬᠢᠴᠠᠭᠰᠡᠨ ᠤᠷᠤᠨ | ᠨᠤᠳᠤᠭ ᠤᠨ ᠠᠳᠤᠭᠤᠨ ᠤ ᠡᠬᠦᠯᠳᠡᠷ ᠪᠤᠯᠬᠤ ᠶᠤᠮ᠃ ᠨᠤᠳᠤᠭ ᠤᠨ ᠠᠷᠡᠳ ᠨᠢ ᠦᠶ᠎ᠠ ᠶᠢᠨ ᠦᠶ᠎ᠠ ᠳᠤ ᠰᠠᠩᠰᠠᠨ | ᠬᠠᠷ᠎ᠠ ᠠᠳᠤᠭᠤ ᠪᠠᠨ ᠮᠠᠯᠵᠢᠨ᠂ ᠲᠡᠬᠦᠨ ᠤ ᠪᠠᠨ ᠠᠰᠢᠭ ᠰᠢᠮ᠎ᠠ ᠶᠢ ᠬᠦᠷᠳᠡᠭᠰᠡᠬᠡᠷ ᠢᠷᠡᠵᠤ᠂ ᠤᠳᠤ ᠪᠤᠯᠬᠤ ᠳᠤ | ᠰᠠᠩᠰᠠᠨ ᠬᠠᠷ᠎ᠠ ᠠᠳᠤᠭᠤ ᠪᠠᠨ ᠠᠵᠤ ᠦᠢᠯᠡᠰ ᠪᠤᠯᠭᠠᠨ ᠬᠦᠭᠵᠢᠬᠦᠯᠵᠤ᠂ ᠤᠷᠤᠨ ᠨᠤᠳᠤᠭ ᠤᠨ ᠢᠶᠠᠨ ᠨᠢᠬᠡᠨ | ᠨᠠᠷᠠᠳᠤ ᠲᠡᠮᠳᠡᠭ ᠪᠤᠯᠭᠠᠨ ᠭᠠᠳᠠᠭᠰᠢ ᠤᠬᠠᠭᠤᠯᠵᠤ ᠪᠠᠶᠢᠭ᠎ᠠ ᠶᠤᠮ᠃ | ᠠᠪᠠᠭ᠎ᠠ ᠬᠤᠰᠢᠭᠤᠨ ᠤ ᠵᠢᠷᠭᠠᠯᠠᠩᠳᠤ ᠰᠤᠮᠤᠨ ᠤ ᠬᠠᠶᠢᠷᠬᠠᠨ ᠭᠠᠴᠠᠭᠠᠨ ᠤ ᠨᠠᠰᠤᠡᠪᠠᠭᠠᠳᠤᠷ ᠪᠤᠯ ᠰᠠᠩᠰᠠᠨ | ᠬᠠᠷ᠎ᠠ ᠠᠳᠤᠭᠤ ᠮᠠᠯᠵᠢᠵᠤ᠂ ᠬᠠᠷ᠎ᠠ ᠠᠳᠤᠭᠤᠨ ᠤ ᠪᠠᠨ ᠠᠰᠢᠭ ᠰᠢᠮ᠎ᠠ ᠶᠢ ᠬᠦᠷᠳᠡᠵᠤ ᠠᠰᠢᠭᠯᠠᠵᠤ ᠶᠠᠪᠤᠭ᠎ᠠ ᠮᠠᠯᠴᠢᠨ | ᠤ ᠨᠢᠬᠡᠨ ᠶᠤᠮ᠃ ᠲᠠᠷᠠᠪᠠᠷ 2014 ᠤᠨ ᠠᠴᠠ ᠠᠳᠤᠭᠤᠨ ᠰᠦᠷᠦᠭ ᠢᠶᠠᠨ ᠪᠦᠬᠦᠨ ᠢ ᠰᠠᠩᠰᠠᠨ ᠬᠠᠷ᠎ᠠ ᠠᠳᠤᠭᠤ | ᠪᠤᠯᠭᠠᠨ ᠮᠠᠯᠵᠢᠭᠰᠡᠨ ᠬᠡᠳᠡᠭ᠃ ᠦᠩᠬᠡᠷᠡᠬᠦ ᠡᠪᠤᠯ ᠨᠠᠰᠤᠡᠪᠠᠭᠠᠳᠤᠷ ᠤᠨ ᠬᠢᠨ 200 ᠭᠠᠷᠤᠢ ᠬᠠᠷ᠎ᠠ ᠠᠳᠤᠭᠤ | ᠡᠪᠤᠯᠵᠢᠬᠦᠯᠵᠤ ᠪᠢᠯᠠ᠃ ᠨᠠᠰᠤᠡᠪᠠᠭᠠᠳᠤᠷ᠄ ︽ᠮᠠᠨ ᠤ ᠠᠪᠤ ᠲᠡᠬᠡᠳᠤ ᠶᠢᠨ ᠦᠶ᠎ᠠ ᠠᠴᠠ ᠪᠠᠨ ᠪᠦᠷ ᠠᠳᠤᠭᠤ | ᠮᠠᠯᠵᠢᠭᠰᠠᠭᠠᠷ ᠢᠷᠡᠭᠰᠡᠨ ᠶᠤᠮ᠃ ᠬᠡᠪᠡᠴᠤ ᠲᠡᠷᠡ ᠦᠶ᠎ᠠ ᠳᠤ ᠶᠠᠭ ᠪᠦᠬᠦᠨ ᠢᠶᠠᠷ ᠢᠶᠠᠨ ᠬᠠᠷ᠎ᠠ ᠵᠢᠰᠤᠮ ᠤᠨ ᠠᠳᠤᠭᠤ | ᠮᠠᠯᠵᠢᠵᠤ ᠪᠠᠶᠢᠭᠰᠡᠨ ᠦᠬᠡᠢ᠃ ᠪᠢ ᠪᠤᠯ ᠠᠳᠤᠭᠤᠨ ᠳᠤ ᠬᠠᠶᠢᠷᠠᠳᠡᠢ ᠬᠦᠮᠤᠨ ᠪᠤᠯᠬᠤᠷ ᠠᠳᠤᠭᠤ ᠪᠠᠨ ᠰᠠᠶᠢᠳᠤᠷ | ᠮᠠᠯᠵᠢᠶ᠎ᠠ᠂ ᠤᠷᠤᠨ ᠨᠤᠳᠤᠭ ᠤᠨ ᠢᠶᠠᠨ ᠰᠢᠯᠢᠳᠡᠭ ᠡᠬᠦᠯᠳᠡᠷ ᠤᠨ ᠠᠳᠤᠭᠤ ᠪᠠᠨ ᠬᠠᠶᠢᠷᠠᠯᠠᠨ ᠬᠠᠮᠭᠠᠯᠠᠶᠠ ᠬᠡᠵᠤ | 2014 ᠤᠨ ᠳᠤ ᠴᠠᠩᠬᠡᠯᠪᠤᠯᠠᠭ ᠠᠴᠠ 40 ᠬᠠᠷ᠎ᠠ ᠬᠡᠬᠦᠦ ᠬᠤᠳᠠᠯᠳᠤᠨ ᠠᠪᠤᠭᠰᠡᠨ ᠶᠤᠮ︾ ᠬᠡᠵᠤ ᠶᠠᠷᠢᠯ᠎ᠠ᠃ | ᠨᠠᠰᠤᠡᠪᠠᠭᠠᠳᠤᠷ ᠤᠨ ᠬᠢᠨ 2016 ᠤᠨ ᠳᠤ ᠬᠡᠬᠦᠦ ᠪᠠᠷᠢᠵᠤ ᠴᠡᠭᠡ ᠭᠠᠷᠭᠠᠵᠤ ᠪᠤᠷᠤᠯᠠᠭᠤᠯᠵᠤ ᠡᠬᠢᠯᠡᠵᠡᠢ᠃ | ︽ᠠᠩᠬ᠎ᠠ ᠠᠷᠪᠠᠨ ᠬᠡᠳᠤᠨ ᠬᠡᠬᠦᠦ ᠪᠠᠨ ᠰᠠᠭᠠᠬᠤ ᠳᠤ ᠴᠤᠯ ᠬᠦᠮᠤᠨ ᠤ ᠬᠦᠴᠤ ᠪᠠᠷ ᠰᠠᠭᠠᠵᠤ ᠪᠠᠶᠢᠭᠰᠡᠨ᠃ ᠲᠡᠷᠡ | ᠦᠶ᠎ᠠ ᠳᠤ ᠬᠠᠩᠭᠠᠯᠭ᠎ᠠ ᠨᠢ ᠬᠡᠷᠡᠭᠴᠡᠬᠡᠨ ᠳᠤ ᠬᠦᠷᠬᠦ ᠦᠬᠡᠢ ᠪᠠᠶᠢᠳᠠᠯ ᠴᠤ ᠭᠠᠷᠴᠤ ᠪᠠᠶᠢᠭᠰᠡᠨ᠂ ᠰᠠᠬᠦᠯᠠᠷ ᠨᠢ | ᠰᠠᠭᠠᠬᠤ ᠬᠡᠬᠦᠦ ᠤᠯᠠᠨ ᠪᠤᠯᠵᠤ᠂ ᠲᠤᠰᠬᠠᠢ ᠬᠡᠬᠦᠦ ᠰᠠᠭᠠᠬᠤ ᠫᠸᠡᠭ ᠪᠠᠶᠢᠭᠤᠯᠵᠤ᠂ ᠵᠢᠶᠠᠰᠠ ᠭᠠᠩᠨᠠᠨ ᠮᠠᠰᠢᠨ ᠢᠶᠠᠷ | ᠬᠡᠬᠦᠦ ᠰᠠᠭᠠᠵᠤ ᠡᠬᠢᠯᠡᠭᠰᠡᠨ ᠶᠤᠮ᠃ ᠡᠨ᠋ᠨ ᠨᠢ ᠨᠢᠬᠡ ᠳᠤ ᠬᠦᠮᠤᠨ ᠤ ᠬᠦᠴᠤᠨ ᠳᠤ ᠠᠷᠪᠢᠳᠡᠢ᠂ ᠨᠦᠬᠦᠬᠡ ᠲᠠᠯ᠎ᠠ | ᠪᠠᠷ ᠴᠠᠭ ᠲᠤ ᠴᠤ ᠠᠷᠪᠢᠳᠡᠢ᠃ ᠲᠤᠬᠠᠢ ᠶᠢᠨ ᠦᠶ᠎ᠠ ᠳᠤ ᠬᠤᠰᠢᠭᠤᠨ ᠲᠦᠪ ᠤᠷᠤᠭᠤ ᠬᠦᠷᠬᠡᠵᠤ ᠪᠤᠷᠤᠯᠠᠭᠤᠯᠵᠤ | ᠪᠠᠶᠢᠭᠰᠡᠨ ᠶᠤᠮ︾ ᠬᠡᠵᠤ ᠨᠠᠰᠤᠡᠪᠠᠭᠠᠳᠤᠷ ᠶᠠᠷᠢᠨ᠎ᠠ᠃ | 2018 ᠤᠨ ᠳᠤ ᠨᠠᠰᠤᠡᠪᠠᠭᠠᠳᠤᠷ 6 ᠡᠷᠤᠬᠡ ᠲᠠᠢ ᠬᠤᠯᠪᠤᠭᠠᠯᠠᠵᠤ ︽ᠪᠠᠶᠢᠭᠠᠯᠢ ᠴᠡᠭᠡ︾ ᠬᠤᠷᠰᠢᠶᠠᠵᠢᠯ | ᠢᠶᠠᠨ ᠪᠠᠶᠢᠭᠤᠯᠵᠤ᠂ ᠬᠠᠮᠳᠤᠪᠠᠷ ᠴᠡᠭᠡ ᠪᠠᠨ ᠰᠠᠭᠠᠵᠤ ᠪᠤᠷᠤᠯᠠᠭᠤᠯᠵᠤ ᠡᠬᠢᠯᠡᠭᠰᠡᠨ ᠢᠶᠠᠷ ᠡᠷᠤᠬᠡ ᠪᠤᠯᠭᠠᠨ ᠡᠬᠡᠯᠵᠢᠯᠠᠨ | ᠬᠤᠰᠢᠭᠤᠨ ᠲᠦᠪ ᠲᠡᠭᠡᠨ ᠴᠡᠭᠡ ᠪᠠᠨ ᠬᠦᠷᠬᠡᠳᠡᠭ ᠬᠡᠯ᠎ᠠ᠃ ︽ᠤᠯᠠᠨ ᠤ ᠬᠦᠴᠤᠨ ᠳᠤ ᠤᠪᠤᠭ᠎ᠠ ᠪᠤᠰᠤᠨ᠎ᠠ︾ | ᠬᠡᠳᠡᠭᠴᠢᠯᠡᠨ ᠬᠠᠮᠳᠤᠷᠠᠵᠤ ᠬᠤᠷᠰᠢᠭᠰᠡᠨ ᠤ ᠲᠠᠷᠠᠭ᠎ᠠ ᠴᠡᠭᠡ ᠶᠢᠨ ᠭᠠᠷᠤᠯᠳᠠ ᠴᠤ ᠨᠡᠮᠡᠭᠳᠡᠨ᠂ ᠡᠮᠨᠡᠯᠬᠡ ᠶᠢᠨ | ᠬᠤᠷᠢᠶᠠᠨ ᠤ ᠴᠡᠭᠡ ᠰᠤᠪᠢᠯᠠᠯᠳᠠ ᠳᠤ ᠬᠡᠷᠡᠭᠰᠡᠬᠦ ᠴᠡᠭᠡ ᠵᠡᠷᠬᠡ ᠶᠡᠭᠡ ᠬᠡᠮᠵᠢᠶᠠᠨ ᠤ ᠵᠠᠬᠢᠶᠠᠯᠠᠭ᠎ᠠ ᠨᠤᠭᠤᠳ ᠢ ᠲᠤᠰᠬᠤ | ᠪᠤᠯᠤᠭᠰᠡᠨ ᠪᠠᠶᠢᠨ᠎ᠠ᠃ ᠲᠠᠷᠠᠭ᠎ᠠ ᠵᠢᠯ ᠨᠢ ᠲᠤᠰᠬᠠᠢ ᠲᠠᠸᠠᠷ ᠤᠨ ᠲᠡᠮᠳᠡᠭ ᠲᠠᠩᠰᠠᠯᠠᠭᠤᠯᠵᠤ᠂ ᠴᠡᠭᠡ ᠪᠠᠨ ᠨᠠᠩ | ᠰᠠᠶᠢᠨ ᠪᠤᠷᠤᠯᠠᠭᠤᠯᠬᠤ ᠪᠠᠷ ᠲᠤᠰᠬᠠᠢ ᠪᠤᠭᠤᠳᠠᠯ ᠪᠠᠭᠯᠠᠭ᠎ᠠ ᠬᠢᠯᠬᠡᠵᠤ᠂ ᠬᠡᠬᠦᠦ ᠪᠠᠨ ᠪᠠᠰᠠ ᠡᠪᠤᠯ ᠰᠠᠭᠠᠵᠤ᠂ ᠵᠢᠯ | ᠤᠨ ᠲᠦᠷᠪᠡᠨ ᠤᠯᠠᠷᠢᠯ ᠢᠶᠠᠷ ᠴᠡᠭᠡ ᠭᠠᠷᠭᠠᠵᠤ ᠡᠬᠢᠯᠡᠭᠰᠡᠨ ᠢᠶᠠᠷ ᠪᠠᠷᠠᠬᠤ ᠦᠬᠡᠢ ᠬᠤᠰᠢᠭᠤᠨ ᠲᠦᠪ ᠲᠡᠭᠡᠨ ᠴᠡᠭᠡ | ᠶᠢᠨ ᠲᠡᠯᠬᠡᠬᠦᠷ ᠡᠷᠬᠢᠯᠡᠨ ᠠᠵᠢᠯᠯᠠᠭᠤᠯᠵᠤ ᠪᠢᠯᠠ᠃ ᠨᠠᠰᠤᠡᠪᠠᠭᠠᠳᠤᠷ᠄ ︽ᠡᠪᠤᠯ ᠤᠨ ᠤᠯᠠᠷᠢᠯ ᠳᠤ ᠬᠡᠬᠦᠦ ᠪᠠᠨ | ᠪᠠᠯᠴᠢᠬᠡᠷ ᠲᠤ ᠭᠠᠷᠭᠠᠬᠤ ᠦᠬᠡᠢ ᠲᠠᠵᠢᠬᠡᠳᠡᠭ ᠪᠤᠯᠬᠤᠷ ᠡᠪᠤᠯ ᠤᠨ ᠤᠯᠠᠷᠢᠯ ᠤᠨ ᠴᠡᠭᠡ ᠶᠢᠨ ᠦᠨ᠎ᠠ ᠬᠠᠩᠰᠢ ᠴᠤ | ᠦᠨᠠᠳᠡᠢ᠃ ᠡᠨ᠋ᠨ ᠨᠢ ᠠᠳᠤᠭᠤᠨ ᠤ ᠪᠠᠨ ᠠᠰᠢᠭ ᠰᠢᠮ᠎ᠠ ᠶᠢ ᠵᠢᠯ ᠤᠨ ᠲᠦᠷᠪᠡᠨ ᠤᠯᠠᠷᠢᠯ ᠢᠶᠠᠷ ᠠᠰᠢᠭᠯᠠᠵᠤ ᠲᠠᠶᠢᠯᠬᠦ | ᠪᠠᠷ ᠪᠠᠷᠠᠬᠤ ᠦᠬᠡᠢ ᠪᠠᠯᠴᠢᠬᠡᠷ ᠢᠶᠠᠨ ᠴᠤ ᠭᠠᠮᠨᠠᠴᠢᠬᠠᠨᠠ︾ ᠬᠡᠮᠡᠨ ᠶᠠᠷᠢᠯ᠎ᠠ᠃ | ᠦᠩᠬᠡᠷᠡᠭᠰᠡᠨ ᠳᠤ ᠬᠤᠷᠰᠢᠶᠠᠵᠢᠯ ᠢᠶᠠᠷ ᠢᠶᠠᠨ ᠪᠠᠭ᠎ᠠ ᠬᠡᠯᠪᠡᠷᠢ ᠶᠢᠨ ᠦᠨᠢᠶ᠎ᠠ ᠰᠠᠭᠠᠳᠠᠭ ᠮᠠᠰᠢᠨ ᠢᠶᠠᠷ ᠬᠡᠬᠦᠦ | ᠪᠠᠨ ᠰᠠᠭᠠᠳᠠᠭ ᠪᠠᠶᠢᠭᠰᠡᠨ ᠪᠤᠯ 2022 ᠤᠨ ᠠᠴᠠ ᠲᠤᠮᠤ ᠬᠡᠯᠪᠡᠷᠢ ᠶᠢᠨ ᠬᠡᠬᠦᠦ ᠰᠠᠭᠠᠬᠤ ᠮᠠᠰᠢᠨ ᠤᠷᠤᠭᠤᠯᠵᠤ | ᠬᠡᠬᠦᠦ ᠪᠠᠨ ᠰᠠᠭᠠᠬᠤ ᠪᠤᠯᠤᠭᠰᠡᠨ ᠢᠶᠠᠷ ᠬᠦᠮᠤᠨ ᠤ ᠬᠦᠴᠤᠨ ᠳᠤ ᠠᠷᠪᠢᠳᠡᠢ ᠪᠤᠯᠤᠭᠰᠡᠨ ᠮᠦᠷᠳᠡᠬᠡᠨ ᠴᠠᠭ ᠲᠤ ᠴᠤ | ᠠᠷᠪᠢᠳᠡᠢ ᠪᠤᠯᠤᠭᠰᠡᠨ ᠪᠠᠶᠢᠨ᠎ᠠ᠃ ᠦᠢᠯᠠᠭᠠᠭᠰᠡᠨ ᠢᠶᠠᠷ᠂ ᠲᠤᠰ ᠮᠠᠰᠢᠨ ᠨᠢ ᠨᠢᠬᠡ ᠤᠳᠠᠭ᠎ᠠ ᠳᠤ 30 ᠬᠡᠬᠦᠦ ᠶᠢ | ᠰᠠᠭᠠᠵᠤ᠂ ᠲᠠᠪᠢᠭᠠᠳ ᠬᠡᠬᠦᠦ ᠶᠢ 20 ᠮᠢᠨᠦ᠋ᠲ ᠲᠤ ᠰᠠᠭᠠᠴᠢᠬᠠᠳᠠᠭ ᠪᠠᠶᠢᠨ᠎ᠠ᠃ ᠤᠳᠤ ᠬᠤᠷᠰᠢᠶᠠᠵᠢᠯ ᠢᠶᠠᠷ ᠢᠶᠠᠨ | 600 ᠤᠷᠴᠢᠮ ᠠᠳᠤᠭᠤ ᠲᠠᠢ ᠪᠤᠯᠤᠨ ᠦᠷᠬᠡᠵᠢᠵᠡᠢ᠃ ᠠᠳᠤᠭᠤᠨ ᠤ ᠠᠵᠤ ᠦᠢᠯᠡᠰ ᠢᠶᠠᠨ ᠨᠠᠩ ᠰᠠᠶᠢᠨ | ᠬᠦᠭᠵᠢᠬᠦᠯᠬᠦ ᠪᠠᠷ ᠨᠠᠰᠤᠡᠪᠠᠭᠠᠳᠤᠷ ᠬᠤᠷᠰᠢᠶᠠᠵᠢᠯ ᠢᠶᠠᠨ ᠦᠢᠯᠡᠳᠪᠤᠷᠢ ᠪᠤᠯᠭᠠᠨ ᠦᠷᠬᠡᠳᠬᠡᠨ ᠠᠵᠢᠯᠯᠠᠭᠤᠯᠵᠤ᠂ | 100 ᠲᠦᠮᠡᠨ ᠲᠦᠬᠦᠷᠢᠭ ᠤᠨ ᠪᠡᠯᠡ ᠮᠦᠩᠬᠦ ᠵᠠᠷᠤᠴᠠᠭᠤᠯᠵᠤ ᠮᠠᠰᠢᠨ ᠲᠦᠬᠦᠬᠡᠷᠤᠮᠵᠢ᠂ ᠦᠢᠯᠡᠳᠪᠤᠷᠢ ᠶᠢᠨ | ᠲᠠᠰᠤᠭ᠂ ᠬᠦᠢᠳᠡᠨ ᠬᠦᠮᠤᠷᠬᠡ ᠵᠠᠷᠬᠡ ᠪᠠᠶᠢᠭᠤᠯᠵᠤ᠂ ᠦᠨᠤ ᠵᠢᠯ ᠳᠤ ᠠᠰᠢᠭᠯᠠᠯᠳᠠ ᠳᠤ ᠤᠷᠤᠭᠤᠯᠬᠤ ᠪᠠᠷ ᠪᠤᠢ᠃ | ᠤᠯᠠᠨ ᠤ ᠮᠠᠳᠡᠬᠡᠵᠢ ᠪᠠᠷ ᠠᠪᠠᠭ᠎ᠠ ᠬᠠᠷ᠎ᠠ ᠠᠳᠤᠭᠤ᠂ ᠬᠡᠰᠢᠭᠳᠡᠨ ᠤ ᠲᠠᠮᠤᠷ ᠲᠤᠭᠤᠷᠠᠶᠢᠳᠤ ᠠᠳᠤᠭᠤ᠂ | ᠤᠷᠳᠤᠰ ᠤᠨ ᠦᠤᠰᠢᠨ ᠠᠳᠤᠭᠤ᠂ ᠦᠵᠤᠮᠤᠴᠢᠨ ᠴᠠᠭᠠᠨ ᠠᠳᠤᠭᠤ ᠪᠤᠯ ᠦᠪᠤᠷ ᠮᠤᠩᠭᠤᠯ ᠤᠨ ᠨᠠᠷᠠᠳᠤ ᠲᠦᠷᠪᠡᠨ | ᠡᠬᠦᠯᠳᠡᠷ ᠤᠨ ᠠᠳᠤᠭᠤ ᠪᠤᠯᠬᠤ ᠶᠤᠮ᠃ 2.75 ᠲᠦᠮᠡᠨ ᠬᠠᠪᠳᠠᠭᠠᠢ ᠲᠦᠷᠪᠡᠯᠵᠢᠨ ᠮᠧᠲᠷ ᠨᠤᠳᠤᠭ ᠲᠠᠪᠢᠰᠬᠡᠷ | ᠲᠠᠢ ᠠᠪᠠᠭ᠎ᠠ ᠨᠤᠳᠤᠭ 2.64 ᠲᠦᠮᠡᠨ ᠠᠳᠤᠭᠤ ᠮᠠᠯᠵᠢᠵᠤ᠂ ᠡᠬᠦᠨ ᠳᠤ 8400 ᠬᠠᠷ᠎ᠠ ᠠᠳᠤᠭᠤ ᠪᠠᠶᠢᠳᠠᠭ᠃ | 2009 ᠤᠨ ᠤ 10 ᠰᠠᠷ᠎ᠠ ᠳᠤ᠂ ᠠᠪᠠᠭ᠎ᠠ ᠬᠠᠷ᠎ᠠ ᠠᠳᠤᠭᠤ ᠬᠡᠮᠡᠬᠦ ᠡᠬᠦᠯᠳᠡᠷ ᠨᠢ ᠲᠤᠮᠳᠠᠳᠤ ᠤᠯᠤᠰ ᠤᠨ | ᠰᠢᠯᠢᠳᠡᠭ ᠡᠬᠦᠯᠳᠡᠷ ᠤᠨ ᠮᠠᠯ ᠲᠡᠵᠢᠬᠡᠪᠤᠷᠢ ᠶᠢᠨ ᠤᠳᠤᠮᠰᠢᠯ ᠤᠨ ᠡᠬᠢ ᠪᠠᠶᠠᠯᠢᠭ ᠢᠶᠠᠷ ᠲᠤᠭᠳᠠᠭᠠᠭᠳᠠᠵᠠᠢ᠃ ᠠᠪᠠᠭ᠎ᠠ | ᠬᠤᠰᠢᠭᠤ ᠤᠷᠢᠳ ᠬᠤᠵᠢᠳ ᠲᠤᠮᠳᠠᠳᠤ ᠤᠯᠤᠰ ᠤᠨ ᠦᠡᠳᠤᠰᠤᠳᠠᠨ ᠤ ᠠᠷᠠᠯᠵᠢᠶ᠎ᠠ ᠶᠢ ᠠᠬᠢᠭᠤᠯᠬᠤ ᠬᠤᠷᠡᠯ᠂ | ᠲᠤᠮᠳᠠᠳᠤ ᠤᠯᠤᠰ ᠤᠨ ᠤᠡᠴᠠᠯᠢᠭᠳᠤ ᠠᠵᠤ ᠦᠢᠯᠡᠰ ᠤᠨ ᠨᠤᠳᠤᠭ ᠤᠨ ᠬᠢᠨᠡᠨ ᠲᠤᠭᠳᠠᠭᠠᠬᠤ ᠵᠦᠪᠯᠡᠯ ᠠᠴᠠ ︽ | ᠲᠤᠮᠳᠠᠳᠤ ᠤᠯᠤᠰ ᠤᠨ ᠬᠠᠷ᠎ᠠ ᠠᠳᠤᠭᠤᠨ ᠰᠤᠶᠤᠯ ᠤᠨ ᠦᠯᠤᠬᠡᠢ︾᠂ ︽ᠲᠤᠮᠳᠠᠳᠤ ᠤᠯᠤᠰ ᠤᠨ ᠴᠡᠭᠡ ᠶᠢᠨ | ᠦᠯᠤᠬᠡᠢ︾ ᠵᠡᠷᠬᠡ ᠨᠠᠷᠠᠶᠢᠳᠤᠯ ᠢ ᠤᠯᠤᠭᠰᠠᠨ ᠪᠠᠶᠢᠨ᠎ᠠ᠃ ᠦᠢᠯᠠᠭᠠᠭᠰᠡᠨ ᠢᠶᠠᠷ᠂ ᠤᠳᠤ ᠪᠦᠬᠦ ᠬᠤᠰᠢᠭᠤᠨ ᠤ | ᠠᠳᠤᠭᠤ ᠮᠠᠯᠵᠢᠵᠤ ᠪᠠᠶᠢᠭ᠎ᠠ ᠡᠷᠤᠬᠡ 857 ᠳᠤ ᠬᠦᠷᠴᠤ᠂ ᠡᠬᠦᠨ ᠳᠤ 206 ᠡᠷᠤᠬᠡ ᠨᠢ ᠠᠪᠠᠭ᠎ᠠ ᠬᠠᠷ᠎ᠠ ᠠᠳᠤᠭᠤ | ᠮᠠᠯᠵᠢᠵᠤ᠂ 11 ᠬᠠᠷ᠎ᠠ ᠠᠳᠤᠭᠤ ᠶᠢᠨ ᠪᠠᠷᠢᠮᠵᠢᠶᠠᠵᠢᠭᠰᠡᠨ ᠲᠡᠵᠢᠬᠡᠨ ᠦᠷᠡᠵᠢᠬᠦᠯᠬᠦ ᠰᠠᠭᠤᠷᠢᠨ ᠭᠠᠵᠡᠷ᠂ 15 | ᠠᠪᠠᠭ᠎ᠠ ᠬᠠᠷ᠎ᠠ ᠠᠳᠤᠭᠤᠨ ᠤ ᠭᠤᠤᠯᠳᠠᠯᠭᠠᠳᠤ ᠰᠦᠷᠦᠭ ᠪᠠᠶᠢᠵᠤ᠂ ᠡᠬᠦᠨ ᠠᠴᠠ ᠭᠠᠳᠠᠨ᠎ᠠ ᠠᠪᠠᠭ᠎ᠠ ᠬᠠᠷ᠎ᠠ ᠠᠳᠤᠭᠤ | ᠪᠠᠨ ᠬᠠᠮᠠᠭᠠᠯᠠᠬᠤ ᠪᠠᠷ ᠦᠷ᠎ᠠ ᠶᠢᠨ ᠮᠠᠯ ᠤᠨ ᠲᠠᠯᠠᠪᠠᠢ ᠪᠠᠶᠢᠭᠤᠯᠵᠤ᠂ 100 ᠭᠠᠷᠤᠢ ᠠᠪᠠᠭ᠎ᠠ ᠬᠠᠷ᠎ᠠ ᠠᠳᠤᠭᠤ | ᠮᠠᠯᠵᠢᠵᠤ᠂ 2022 ᠤᠨ ᠪᠤᠯᠤᠨ 2023 ᠤᠨ ᠳᠤ ᠨᠠᠶᠢᠳᠠ ᠲᠦᠮᠡ ᠭᠠᠷᠤᠢ ᠰᠢᠷᠬᠡᠭ ᠠᠪᠠᠭ᠎ᠠ ᠬᠠᠷ᠎ᠠ ᠠᠳᠤᠭᠤ | ᠶᠢᠨ ᠦᠷ᠎ᠠ ᠶᠢ ᠠᠪᠴᠤ ᠬᠠᠳᠠᠭᠠᠯᠠᠵᠤ᠂ ᠡᠬᠦᠯᠳᠡᠷ ᠢ ᠬᠠᠮᠠᠭᠠᠯᠠᠬᠤ ᠠᠵᠢᠯ ᠢᠶᠠᠨ ᠶᠠᠪᠤᠭᠳᠠᠭᠤᠯᠵᠤ ᠪᠠᠶᠢᠭ᠎ᠠ ᠶᠤᠮ᠃ | ᠦᠢᠷ᠎ᠠ ᠶᠢᠨ ᠵᠢᠯ ᠳᠤ᠂ ᠠᠪᠠᠭ᠎ᠠ ᠬᠤᠰᠢᠭᠤ ᠠᠳᠤᠭᠤᠨ ᠤ ᠠᠵᠤ ᠦᠢᠯᠡᠰ ᠤᠨ ᠤᠯᠠᠨ ᠡᠰᠢᠵᠢᠬᠦᠯᠦᠭᠰᠡᠨ | ᠬᠦᠭᠵᠢᠯᠳᠠ ᠶᠢ ᠲᠦᠯᠬᠢᠨ ᠠᠬᠢᠭᠤᠯᠵᠤ᠂ ᠬᠦᠳᠡᠭᠡ ᠲᠤᠰᠬᠤᠨ ᠢ ᠬᠦᠭᠵᠢᠬᠦᠯᠤᠨ ᠮᠠᠡᠳᠤᠭᠤᠯᠬᠤ ᠠᠬᠢᠴᠠ ᠶᠢ | ᠲᠦᠷᠬᠡᠳᠬᠡᠬᠦ ᠪᠠᠷ ᠰᠢᠨ᠎ᠠ ᠰᠦᠪᠡᠭᠴᠢᠯᠡᠯᠳᠡ ᠢᠶᠠᠨ ᠪᠤᠯᠭᠠᠵᠤ ᠪᠤᠢ᠃ ᠠᠪᠠᠭ᠎ᠠ ᠬᠤᠰᠢᠭᠤ ᠤᠡᠴᠠᠯᠢᠭᠳᠤ ᠠᠳᠤᠭᠤᠨ ᠤ | ᠠᠵᠤ ᠦᠢᠯᠡᠰ᠂ ᠮᠠᠯᠴᠢᠳ ᠤᠨ ᠤᠷᠤᠯᠭ᠎ᠠ ᠶᠢ ᠨᠡᠮᠡᠭᠳᠡᠬᠦᠯᠬᠦ ᠵᠠᠮ ᠢ ᠦᠷᠬᠡᠳᠬᠡᠬᠦ᠂ ᠤᠷᠤᠨ ᠨᠤᠳᠤᠭ ᠤᠨ ᠨᠠᠷᠠᠳᠤ | ᠲᠡᠮᠳᠡᠭ ᠤᠨ ᠠᠯᠳᠠᠷᠰᠢᠯ ᠢ ᠲᠡᠬᠡᠭᠰᠢᠯᠡᠬᠦᠯᠬᠦ᠂ ᠠᠵᠤ ᠦᠢᠯᠡᠰ ᠤᠨ ᠬᠡᠯᠬᠢᠶᠠᠵᠢᠯ ᠢ ᠤᠷᠳᠤᠳᠬᠠᠬᠤ ᠵᠠᠷᠬᠡ ᠲᠠᠯ᠎ᠠ ᠳᠤ | ᠶᠡᠭᠡ ᠬᠡᠮᠵᠢᠶᠠᠨ ᠤ ᠪᠡᠯᠡᠳᠬᠡᠯ ᠠᠵᠢᠯ ᠬᠢᠵᠤ᠂ ᠠᠪᠠᠭ᠎ᠠ ᠴᠡᠭᠡ ᠶᠢᠨ ᠨᠠᠷᠠᠳᠤ ᠲᠡᠮᠳᠡᠭ ᠢ ᠭᠠᠳᠠᠭᠰᠢ ᠤᠬᠠᠭᠤᠯᠵᠤ᠂ | ᠤᠯᠤᠰ ᠲᠠᠶᠠᠭᠠᠷ ᠲᠤ ᠠᠯᠳᠠᠷᠰᠢᠭᠤᠯᠬᠤ ᠶᠢ ᠲᠦᠯᠬᠢᠨ ᠠᠬᠢᠭᠤᠯᠵᠤ᠂ ᠴᠡᠭᠡ ᠶᠢᠨ ᠨᠠᠷᠠᠳᠤ ᠲᠡᠮᠳᠡᠭ ᠤᠨ ᠨᠠᠷᠠ | ᠠᠯᠳᠠᠷᠰᠢᠯ ᠢ ᠤᠯᠠᠮ ᠨᠢᠬᠡ ᠠᠯᠬᠤᠮ ᠲᠡᠬᠡᠭᠰᠢᠯᠡᠬᠦᠯᠪᠡ᠃ | ᠠᠪᠠᠭ᠎ᠠ ᠴᠡᠭᠡ ᠬᠡᠵᠤ ᠶᠠᠭ ᠠᠪᠠᠭ᠎ᠠ ᠬᠠᠷ᠎ᠠ ᠠᠳᠤᠭᠤᠨ ᠤ ᠠᠰᠢᠭ ᠰᠢᠮ᠎ᠠ ᠶᠢ ᠬᠠᠮᠤᠷᠤᠭᠰᠡᠨ ᠰᠢᠮᠠᠳᠤ | ᠤᠮᠳᠠᠭᠠᠨ ᠪᠤᠯᠤᠨ᠎ᠠ᠃ ᠠᠪᠠᠭ᠎ᠠ ᠴᠡᠭᠡ ᠨᠢ ᠴᠠᠭᠠᠨ ᠢᠳᠡᠬᠡᠨ ᠤ ᠲᠦᠷᠤᠯ ᠳᠤ ᠪᠠᠭᠳᠠᠨ᠂ ᠰᠢᠮ᠎ᠠ ᠲᠡᠵᠢᠬᠡᠯ ᠤᠨ | ᠬᠡᠮᠵᠢᠶ᠎ᠠ ᠮᠠᠰᠢ ᠦᠡᠳᠤᠷ ᠪᠠᠶᠢᠵᠤ᠂ ᠪᠠᠶ᠎ᠠ ᠰᠤᠪᠢᠯᠠᠬᠤ᠂ ᠬᠤᠳᠤᠭᠤᠳᠤ ᠬᠡᠳᠡᠰᠤᠨ ᠤ ᠠᠵᠢᠯᠯᠠᠭ᠎ᠠ ᠶᠢ | ᠰᠠᠶᠢᠵᠢᠷᠠᠭᠤᠯᠬᠤ᠂ ᠦᠯᠤ ᠬᠠᠯᠳᠠᠭᠠᠬᠤ ᠴᠢᠳᠠᠪᠤᠷᠢ ᠶᠢ ᠲᠡᠬᠡᠭᠰᠢᠯᠡᠬᠦᠯᠬᠦ ᠵᠡᠷᠬᠡ ᠤᠯᠠᠨ ᠵᠥᠢᠯ ᠤᠨ ᠠᠰᠢᠭᠳᠡᠢ ᠲᠠᠯ᠎ᠠ | ᠪᠠᠶᠢᠳᠠᠭ᠃ ᠡᠶᠢᠡᠬᠦ ᠠᠪᠠᠭ᠎ᠠ ᠴᠡᠭᠡ ᠨᠢ ᠬᠡᠷᠡᠭᠯᠡᠭᠴᠢᠳ ᠤᠨ ᠲᠤᠮᠳᠠ ᠴᠤ ᠶᠡᠭᠡ ᠰᠠᠶᠢᠨ ᠨᠦᠯᠤᠬᠡ ᠲᠤᠰᠬᠠᠯ ᠲᠠᠢ | ᠪᠠᠶᠢᠵᠤ᠂ ᠱᠠᠩᠬᠠᠢ᠂ ᠭᠤᠸᠠᠩᠵᠸᠤ ᠵᠡᠷᠬᠡ ᠭᠠᠵᠡᠷ ᠤᠷᠤᠨ ᠳᠤ ᠬᠦᠷᠳᠡᠯ᠎ᠠ ᠪᠤᠷᠤᠯᠠᠭᠤᠯᠤᠭᠳᠠᠵᠤ ᠪᠠᠶᠢᠳᠠᠭ᠃ | ᠠᠪᠠᠭ᠎ᠠ ᠬᠤᠰᠢᠭᠤ ᠰᠦ ᠶᠢᠨ ᠠᠵᠤ ᠦᠢᠯᠡᠰ ᠢ ᠬᠦᠭᠵᠢᠬᠦᠯᠬᠦ ᠲᠦᠷᠤᠯ ᠵᠥᠢᠯ ᠢᠶᠠᠷ ᠴᠡᠭᠡ ᠭᠠᠷᠭᠠᠵᠤ ᠪᠠᠶᠢᠭ᠎ᠠ | ᠮᠠᠯᠵᠢᠬᠤ ᠡᠷᠤᠬᠡ᠂ ᠭᠠᠷ ᠦᠢᠯᠡᠳᠬᠡᠯ ᠤᠨ ᠭᠠᠵᠡᠷ ᠤᠨ ᠰᠠᠭᠤᠷᠢ ᠪᠦᠳᠤᠬᠡᠨ ᠪᠠᠶᠢᠭᠤᠯᠤᠯᠳᠠ ᠳᠤ ᠲᠡᠮᠵᠢᠯᠬᠡ | ᠦᠵᠡᠬᠦᠯᠵᠤ᠂ ᠤᠳᠤ ᠪᠤᠯᠳᠠᠯ᠎ᠠ ᠪᠦᠬᠦ ᠬᠤᠰᠢᠭᠤᠨ ᠳᠤ 2 ᠴᠡᠭᠡ ᠢᠰᠬᠡᠬᠦ ᠠᠵᠤ ᠠᠬᠤᠶᠢᠯᠡᠯ᠂ 5 ᠴᠡᠭᠡ ᠢᠰᠬᠡᠬᠦ | ᠭᠠᠷ ᠦᠢᠯᠡᠳᠬᠡᠯ ᠤᠨ ᠭᠠᠵᠡᠷ ᠲᠠᠢ ᠪᠤᠯᠵᠤ᠂ ᠴᠡᠭᠡ ᠶᠢᠨ ᠵᠢᠯ ᠤᠨ ᠭᠠᠷᠭᠠᠯᠳᠠ 320 ᠲᠤᠨ ᠢ ᠲᠠᠪᠠᠭᠰᠡᠨ | ᠪᠠᠶᠢᠨ᠎ᠠ᠃ | ᠠᠪᠠᠭ᠎ᠠ ᠬᠤᠰᠢᠭᠤ ᠰᠢᠡᠵᠢᠯᠡᠬᠦ ᠮᠠᠷᠬᠡᠵᠢᠯ ᠢᠶᠠᠷ ᠠᠳᠤᠭᠤᠨ ᠤ ᠠᠰᠢᠭ ᠰᠢᠮ᠎ᠠ ᠶᠢ ᠨᠠᠩ ᠦᠡᠳᠤᠷ ᠬᠡᠮᠵᠢᠶ᠎ᠠ | ᠪᠠᠷ ᠠᠰᠢᠭᠯᠠᠵᠤ᠂ ᠰᠢᠡᠵᠢᠯᠡᠬᠦ ᠮᠡᠷᠬᠡᠵᠢᠯ ᠤᠨ ᠰᠤᠳᠤᠯᠭᠠᠨ ᠤ ᠪᠡᠯᠡ ᠤᠷᠤᠭᠤᠯᠤᠯᠳᠠ ᠪᠤᠯᠤᠨ ᠲᠦᠷᠤ ᠶᠢᠨ | ᠪᠤᠳᠤᠯᠭ᠎ᠠ ᠶᠢᠨ ᠲᠡᠮᠵᠢᠯᠬᠡ ᠶᠢ ᠢᠳᠡᠪᠬᠢᠳᠡᠢ ᠲᠡᠬᠡᠭᠰᠢᠯᠡᠬᠦᠯᠵᠤ᠂ ᠤᠯᠠᠨ ᠲᠠᠯ᠎ᠠ ᠠᠴᠠ ᠴᠡᠭᠡ ᠶᠢᠨ ᠠᠵᠤ ᠦᠢᠯᠡᠰ ᠤᠨ | ᠬᠦᠭᠵᠢᠯᠳᠠ ᠶᠢ ᠠᠬᠢᠭᠤᠯᠵᠤ ᠪᠠᠶᠢᠨ᠎ᠠ᠃ ᠠᠪᠠᠭ᠎ᠠ ᠬᠤᠰᠢᠭᠤᠨ ᠤ ᠪᠠᠯᠬᠦᠳᠡᠢ ᠪᠠᠯᠭᠠᠰᠤᠨ ᠳᠤ ᠪᠠᠶᠢᠷᠢᠯᠠᠵᠤ ᠪᠠᠶᠢᠭ᠎ᠠ | ᠦᠪᠤᠷ ᠮᠤᠩᠭᠤᠯ ᠤᠨ ᠢᠰᠭᠡ ᠠᠮᠢᠳᠤ ᠪᠤᠳᠠᠰ ᠤᠨ ᠰᠢᠡᠵᠢᠯᠡᠬᠦ ᠮᠡᠷᠬᠡᠵᠢᠯ ᠤᠨ ᠬᠢᠵᠠᠭᠠᠷᠳᠤ ᠺᠤᠮᠫᠠᠨᠢ ᠨᠢ ᠠᠳᠤᠭᠤᠨ | ᠤ ᠠᠰᠢᠭ ᠰᠢᠮ᠎ᠠ ᠪᠤᠯᠬᠤ ᠴᠡᠭᠡ ᠶᠢ ᠤᠯᠠᠮ ᠨᠠᠷᠢᠯᠢᠭᠵᠢᠭᠤᠯᠤᠨ ᠴᠠᠭᠠᠨ ᠢᠳᠡᠬᠡᠨ ᠤ ᠤᠬᠢ ᠰᠠᠶᠢᠨ ᠰᠦᠨ ᠢᠰᠤᠯ | ᠤᠨ ᠦᠷᠢᠯ ᠪᠤᠯᠤᠨ ᠴᠠᠭᠠᠨ ᠢᠳᠡᠬᠡᠨ ᠤ ᠤᠬᠢ ᠰᠠᠶᠢᠨ ᠰᠦᠨ ᠢᠰᠤᠯ ᠤᠨ ᠨᠤᠡᠳᠠᠭ ᠬᠡᠮᠡᠨ ᠬᠤᠶᠡᠷ ᠲᠦᠷᠤᠯ ᠤᠨ | ᠪᠦᠳᠤᠬᠡᠭᠳᠡᠬᠦᠨ ᠢᠶᠠᠨ ᠦᠢᠯᠡᠳᠪᠤᠷᠢᠯᠡᠨ ᠪᠤᠷᠤᠯᠠᠭᠤᠯᠵᠤ ᠪᠠᠶᠢᠳᠠᠭ᠂ ᠴᠡᠭᠡ ᠪᠤᠯ ᠰᠠᠭᠠᠮ᠎ᠠ ᠶᠢ ᠢᠰᠬᠡᠵᠤ ᠭᠠᠷᠭᠠᠳᠠᠭ᠂ | ᠬᠡᠬᠦ ᠳᠤ ᠬᠡᠬᠦᠦ ᠰᠠᠭᠠᠬᠤ ᠴᠠᠭ ᠬᠤᠭᠤᠴᠠᠭ᠎ᠠ ᠤᠬᠤᠷ᠂ ᠬᠠᠳᠠᠭᠠᠯᠠᠬᠤ ᠲᠠᠯ᠎ᠠ ᠳᠤ ᠪᠠᠭ᠎ᠠ ᠪᠤᠰᠤ ᠲᠦᠬᠦᠮ ᠦᠬᠡᠢ | ᠪᠠᠶᠢᠭ᠎ᠠ ᠪᠠᠶᠢᠳᠠᠯ ᠳᠤ ᠢᠰᠭᠡ ᠠᠮᠢᠳᠤ ᠪᠤᠳᠠᠰ ᠤᠨ ᠰᠢᠡᠵᠢᠯᠡᠬᠦ ᠮᠠᠷᠬᠡᠵᠢᠯ ᠤᠨ ᠬᠢᠵᠠᠭᠠᠷᠳᠤ ᠺᠤᠮᠫᠠᠨᠢ ᠨᠢ ᠬᠠᠳᠠᠭᠠᠯᠠᠵᠤ | ᠂ ᠠᠪᠴᠤ ᠶᠠᠪᠤᠬᠤ ᠳᠤ ᠲᠦᠬᠦᠮ᠂ ᠬᠠᠳᠠᠭᠠᠯᠠᠬᠤ ᠴᠠᠭ ᠨᠢ ᠤᠷᠳᠤ ᠵᠡᠷᠬᠡ ᠲᠠᠪᠠᠭᠤᠯᠢᠭ ᠲᠠᠢ ᠴᠡᠭᠡ ᠶᠢᠨ ᠦᠷᠢᠯ | ᠪᠤᠯᠤᠨ ᠴᠡᠭᠡ ᠶᠢᠨ ᠨᠤᠡᠳᠠᠭ ᠢ ᠦᠢᠯᠡᠳᠪᠤᠷᠢᠯᠡᠵᠤ᠂ ᠡᠨ᠋ᠨ ᠨᠢ ᠤᠯᠠᠮᠵᠢᠯᠠᠯᠳᠤ ᠦᠡᠳᠤᠰᠤᠳᠠᠨ ᠤ ᠢᠳᠡᠬᠡᠨ ᠤᠮᠳᠠᠭᠠᠨ | ᠤ ᠨᠢᠬᠡᠨ ᠪᠤᠯᠬᠤ ᠴᠡᠭᠡ ᠶᠢ ᠦᠷᠬᠡᠨ ᠲᠡᠯᠬᠡᠷ ᠢᠶᠠᠷ ᠤᠬᠠᠭᠤᠯᠤᠨ ᠲᠡᠯᠬᠡᠷᠡᠬᠦᠯᠵᠤ ᠴᠢᠳᠠᠭᠰᠡᠨ ᠪᠠᠶᠢᠨ᠎ᠠ᠃ | ᠤᠳᠤᠬᠠᠨ ᠳᠤ᠂ ᠠᠪᠠᠭ᠎ᠠ ᠬᠤᠰᠢᠭᠤ ᠠᠪᠠᠭ᠎ᠠ ᠬᠠᠷ᠎ᠠ ᠠᠳᠤᠭᠤ ᠶᠢ ᠦᠰᠬᠡᠨ ᠦᠷᠡᠵᠢᠬᠦᠯᠬᠦ ᠪᠠ ᠴᠡᠭᠡ ᠶᠢᠨ | ᠠᠵᠤ ᠦᠢᠯᠡᠰ ᠢ ᠬᠦᠭᠵᠢᠬᠦᠯᠬᠦ ᠶᠢ ᠴᠢᠩᠭᠠᠳᠬᠠᠬᠤ ᠶᠢᠨ ᠵᠡᠷᠬᠡ ᠪᠠᠷ ᠡᠮ ᠡᠮᠨᠡᠯᠬᠡ ᠡᠷᠡᠬᠦᠯ ᠮᠠᠡᠳᠤ ᠶᠢ ᠵᠢᠭᠤᠯᠴᠢᠯᠡᠯ | ᠤᠨ ᠪᠦᠳᠤᠬᠡᠭᠳᠡᠬᠦᠨ ᠲᠠᠢ ᠤᠶᠠᠯᠳᠤᠭᠤᠯᠵᠤ᠂ ᠨᠠᠶᠢᠷ ᠨᠠᠭᠠᠳᠤᠮ ᠤᠨ ᠵᠠᠩ ᠦᠢᠯᠡ ᠶᠢᠨ ᠰᠤᠶᠤᠯ ᠪᠠ ᠭᠠᠵᠡᠷ | ᠤᠷᠤᠨ ᠤ ᠤᠡᠴᠠᠯᠢᠭ ᠲᠠᠢ ᠢᠳᠡᠬᠡᠨ ᠤᠮᠳᠠᠭᠠᠨ ᠤ ᠰᠤᠶᠤᠯ ᠲᠠᠢ ᠤᠶᠠᠯᠳᠤᠭᠤᠯᠵᠤ᠂ ᠤᠯᠠᠨ ᠲᠦᠷᠤᠯ ᠤᠨ | ᠠᠳᠤᠭᠤᠨ ᠤ ᠤᠷᠤᠯᠳᠤᠭᠠᠨ ᠢ ᠲᠠᠭᠠᠭᠠᠴᠢᠯᠠᠨ ᠡᠷᠬᠢᠯᠡᠵᠤ᠂ ᠤᠯᠠᠨ ᠲᠠᠯ᠎ᠠ ᠠᠴᠠ ᠠᠳᠤᠭᠤᠨ ᠤ ᠠᠵᠤ ᠦᠢᠯᠡᠰ ᠤᠨ | ᠬᠦᠭᠵᠢᠯᠳᠠ ᠶᠢ ᠠᠬᠢᠭᠤᠯᠵᠤ᠂ ︽ᠠᠪᠠᠭ᠎ᠠ ᠬᠠᠷ᠎ᠠ ᠠᠳᠤᠭᠤ︾ ᠪᠠᠷ ᠤᠡᠴᠠᠯᠢᠭ ᠪᠤᠯᠭᠠᠭᠰᠡᠨ ᠠᠵᠤ ᠦᠢᠯᠡᠰ ᠤᠨ | ᠰᠢᠨ᠎ᠠ ᠨᠠᠷᠠ ᠶᠢᠨ ᠬᠠᠭᠤᠳᠠᠰᠤ ᠶᠢ ᠴᠢᠷᠮᠠᠶᠢᠨ ᠪᠢᠴᠢᠭᠯᠡᠨ᠎ᠠ᠃ | | |