︽ᠬᠠᠷ᠎ᠠ ᠠᠬ᠎ᠠ︾ ᠬᠡᠮᠡᠨ ᠨᠣᠳᠤᠭ ᠤᠨ ᠲᠦᠮᠡᠨ ᠤ ᠳᠤᠮᠳᠠ ᠪᠠᠨ ᠨᠡᠷᠡᠰᠢᠭᠰᠡᠨ ᠲᠡᠭᠦᠨ ᠠᠴᠠ᠄ ︽ᠲᠠᠨ ᠢ | ᠶᠠᠭᠠᠬᠢᠭᠠᠳ ︿ᠬᠠᠷ᠎ᠠ ᠠᠬ᠎ᠠ﹀ ᠭᠡᠵᠦ ᠳᠠᠭᠤᠳᠠᠬᠤ ᠪᠣᠯᠣᠭᠰᠠᠨ ᠶᠤᠮ︖︾ ᠭᠡᠬᠦ ᠳᠤ ︽ᠬᠠᠷ᠎ᠠ ᠶᠤᠮ ᠴᠢᠨᠢ︾ | ᠭᠡᠳ ᠭᠡᠨᠡᠭ ᠴᠦ ᠦᠭᠡᠢ ᠢᠨᠢᠶᠡᠴᠢᠬᠡᠭᠰᠡᠨ᠂ ᠬᠠᠷᠠᠪᠠᠰᠣ ᠭᠦᠭᠵᠢᠯᠲᠡᠢ᠂ ᠬᠠᠷ᠎ᠠ ᠪᠤᠷᠤ ᠠᠵᠢᠯ ᠳᠤ ᠰᠠᠶᠢᠨ ᠡᠨᠡ | ᠬᠦᠮᠦᠨ ᠢ ᠰᠤᠶᠤᠯᠴᠤᠭᠲᠤ ᠭᠡᠳᠡᠭ᠃ ᠣᠳᠣ ᠲᠡᠷᠡ ᠮᠠᠨᠢ ᠤᠰᠤ ᠬᠦᠷᠭᠡᠬᠦ᠂ ᠬᠤᠭᠤᠯᠠ ᠬᠦᠷᠭᠡᠬᠦ ᠠᠵᠢᠯ ᠬᠢᠵᠦ | ᠪᠠᠯᠭᠠᠰᠣᠨ ᠤ ᠠᠯᠪᠠᠨ ᠪᠠᠶᠢᠭᠤᠯᠭ᠎ᠠ᠂ ᠠᠶᠢᠯ ᠡᠷᠦᠬᠡ ᠪᠠᠷ ᠰᠦᠯᠵᠢᠯᠳᠦᠨ᠎ᠡ᠃ | ︽ᠬᠠᠷ᠎ᠠ ᠠᠬ᠎ᠠ︾ ᠶᠢ ᠣᠯᠠᠨ ᠬᠦᠮᠦᠨ ᠲᠠᠨᠢᠬᠤ ᠪᠣᠯᠣᠭᠰᠠᠨ ᠨᠢ ᠲᠡᠭᠦᠨ ᠤ ᠣᠯᠠᠨ ᠲᠦᠷᠦᠯ ᠤᠨ ᠠᠵᠢᠯ | ᠬᠢᠵᠦ ᠦᠩᠭᠡᠷᠡᠭᠰᠡᠨ ᠲᠠᠢ ᠨᠢᠭᠲᠠ ᠬᠤᠯᠪᠣᠭ᠎ᠠ ᠲᠠᠢ ᠪᠠᠶᠢᠵᠤ᠂ ᠬᠡᠵᠢᠶᠡᠳᠡ ᠬᠦᠳᠡᠯᠮᠦᠷᠢᠯᠡᠵᠦ ᠪᠠᠶᠢᠳᠠᠭ ᠢ ᠨᠢ | ᠨᠣᠳᠤᠭ ᠤᠨ ᠲᠦᠮᠡᠨ ᠨᠢ ᠠᠮᠠ ᠳᠠᠮᠵᠢᠨ ᠱᠠᠭᠰᠢᠵᠤ ᠪᠠᠶᠢᠳᠠᠭ ᠪᠢᠯᠡ᠃ | ᠬᠠᠶᠢᠷ᠎ᠠ ᠪᠢᠯᠬᠠᠭᠰᠠᠨ ᠬᠠᠯᠠᠭᠤᠨ ᠪᠦᠯᠢ | ᠰᠤᠶᠤᠯᠴᠤᠭᠲᠤ ᠶᠢᠨ ᠬᠡᠷᠭᠡᠢ ᠰᠧᠷᠠᠤᠳᠤ ᠨᠢ ᠭᠡᠷ ᠲᠤ ᠪᠠᠨ ᠪᠠᠭ᠎ᠠ ᠰᠠᠭ᠎ᠠ ᠶᠠᠭᠤᠮ᠎ᠠ ᠤᠶᠤᠵᠤ | ᠪᠣᠷᠣᠯᠠᠭᠤᠯᠳᠠᠭ᠃ ︽ᠮᠠᠨ ᠤ ᠬᠡᠷᠭᠡᠢ ᠶᠢᠨ ᠠᠵᠢᠯ ᠬᠦᠨᠳᠤ ᠰᠢᠦ᠂ ᠬᠦᠦ ᠪᠢᠳᠡ ᠬᠤᠶᠠᠷ ᠤᠨ ᠬᠤᠭᠤᠯᠠ | ᠤᠮᠳᠠ ᠠᠴᠠ ᠡᠬᠢᠯᠡᠭᠡᠳ ᠭᠡᠷ ᠤᠨ ᠪᠦᠬᠦ ᠠᠵᠢᠯ ᠢ ᠬᠢᠨ᠎ᠡ︾ ᠬᠡᠮᠡᠨ ᠰᠤᠶᠤᠯᠴᠤᠭᠲᠤ ᠤᠴᠢᠷᠯᠠᠨ᠎ᠠ᠃ ᠭᠡᠷ ᠤᠨ ᠠᠵᠢᠯ | ᠭᠡᠵᠦ ᠬᠢᠭᠰᠡᠨ ᠬᠡᠮᠡᠷ ᠲᠤᠳᠤ ᠵᠦᠢᠯ ᠬᠠᠷᠠᠭᠳᠠᠬᠤ ᠦᠭᠡᠢ ᠴᠦ ᠬᠢᠭᠡᠳ ᠪᠠᠷᠠᠳᠠᠭ ᠦᠭᠡᠢ ᠦᠷᠭᠦᠯᠵᠢᠯᠡᠭᠰᠡᠨ ᠠᠵᠢᠯ | ᠭᠡᠳᠡᠭ ᠢ ᠡᠶᠢᠨᠬᠦ ᠲᠤᠪᠴᠢᠬᠠᠨ ᠬᠢᠷᠢᠨ᠎ᠡ ᠬᠠᠯᠠᠮᠵᠢᠳᠠᠶᠢᠬᠠᠨ ᠶᠠᠷᠢᠭᠰᠠᠨ ᠠᠴᠠ ᠲᠡᠳᠡᠨ ᠤ ᠬᠤᠭᠤᠷᠤᠨᠳᠤᠬᠢ | ᠣᠶᠢᠯᠠᠭᠠᠯᠴᠠᠯ ᠲᠤᠳᠤᠬᠠᠨ ᠬᠠᠷᠠᠭᠳᠠᠨ᠎ᠠ᠃ | ᠶᠡᠭᠡ ᠬᠦᠦ ᠠᠮᠤᠭᠤᠯᠠᠩ ᠨᠢ 2009 ᠣᠨ ᠳᠤ ᠦᠨᠳᠦᠷ ᠳᠤᠮᠳᠠ ᠪᠠᠨ ᠲᠡᠭᠦᠰᠦᠭᠡᠳ ᠪᠡᠭᠡᠵᠢᠩ ᠤᠨ | ᠵᠡᠪᠰᠡᠭᠲᠦ ᠴᠠᠭᠳᠠᠭ᠎ᠠ ᠶᠢᠨ ᠴᠡᠷᠢᠭ ᠠᠩᠭᠢ ᠳᠤ 4 ᠵᠢᠯ ᠤᠨ ᠴᠡᠷᠢᠭ ᠤᠨ ᠠᠯᠪᠠ ᠬᠠᠭᠠᠵᠤ᠂ ᠴᠡᠷᠢᠭ ᠠᠴᠠ ᠪᠠᠨ | ᠬᠠᠯᠠᠭᠳᠠᠭᠠᠳ ᠪᠡᠭᠡᠵᠢᠩ ᠤᠨ ᠳ᠋ᠦᠩ ᠴᠧᠩ ᠲᠤᠭᠤᠷᠢᠭ ᠤᠨ ᠰᠢᠭᠦᠭᠦ ᠬᠤᠷᠢᠶᠠᠨ ᠳᠤ ᠠᠵᠢᠯᠠᠯᠵᠤ ᠪᠠᠶᠢᠭᠰᠠᠨ ᠢᠶᠠᠨ | ᠤᠳᠤ ᠰᠧᠨ ᠴᠢᠶᠠᠩ ᠮᠦᠩᠭᠦᠨ ᠭᠦᠢᠯᠭᠡᠭᠡᠨ ᠤ ᠺᠤᠮᠫᠠᠨᠢ ᠳᠤ ᠮᠦᠩᠭᠦᠨ ᠭᠦᠢᠯᠭᠡᠭᠡᠨ ᠤ ᠠᠵᠢᠯ ᠬᠢᠵᠦ᠂ ᠬᠦᠦ ᠪᠡᠷᠢ | ᠨᠢ ᠵᠠᠮ ᠬᠠᠷᠢᠯᠴᠠᠭᠠᠨ ᠤ ᠴᠠᠭᠳᠠᠭ᠎ᠠ ᠪᠠᠷ ᠠᠵᠢᠯᠯᠠᠨ᠂ ᠨᠢᠭᠡ ᠬᠦᠦ ᠲᠠᠢ ᠠᠮᠠ ᠪᠦᠯᠢ ᠭᠤᠷᠪᠠᠭᠤᠯᠠ ᠪᠡᠭᠡᠵᠢᠩ | ᠬᠤᠲᠠ ᠳᠤ ᠠᠵᠢᠯᠯᠠᠵᠤ ᠠᠮᠢᠳᠤᠷᠠᠵᠤ ᠪᠠᠶᠢᠭ᠎ᠠ᠃ | ᠪᠠᠭ᠎ᠠ ᠬᠦᠦ ᠰᠦᠮᠪᠤᠷ ᠨᠢ ᠠᠳᠡ ᠠᠪᠤ ᠡᠵᠢ ᠳᠤ ᠪᠠᠨ ᠬᠠᠪᠰᠤᠷᠬᠤ ᠶᠢᠨ ᠵᠡᠷᠭᠡ ᠬᠠᠮᠪᠤ ᠰᠦᠮ᠎ᠡ ᠶᠢᠨ ᠡᠷᠬᠢᠯᠡᠭᠴᠢ | ᠨᠤᠮᠢᠨ ᠮᠠᠮᠠ ᠠᠴᠠ ᠲᠦᠪᠡᠳ ᠪᠢᠴᠢᠭ ᠰᠤᠷᠤᠯᠴᠠᠨ᠂ ᠵᠠᠪ ᠴᠢᠯᠦᠭᠡ ᠪᠠᠷ ᠢᠶᠠᠨ ᠪᠦᠬᠡ ᠶᠢᠨ ᠰᠤᠷᠢᠭᠠᠨ ᠳᠤ | ᠤᠷᠤᠯᠴᠠᠳᠠᠭ᠃ ᠮᠦᠨᠴᠦ ᠪᠠᠭ᠎ᠠ ᠬᠦᠦ ᠨᠢ ᠦᠩᠭᠡᠷᠡᠭᠰᠡᠨ ᠳᠤ ᠮᠦᠰᠦᠨ ᠳᠡᠰᠢᠯᠲᠡ ᠶᠢᠨ ᠤᠷᠤᠯᠳᠤᠭᠠᠨ | ᠳᠡᠮᠡᠴᠡᠭᠡᠨ ᠳᠤ ᠣᠯᠠᠨᠲᠠ ᠶᠠᠪᠤᠵᠤ ᠠᠯᠲᠠ ᠮᠦᠩᠭᠦᠨ ᠮᠧᠳᠠᠯ ᠢᠶᠠᠷ ᠡᠩᠭᠡᠷ ᠮᠢᠯᠢᠶᠠᠯᠭᠠᠵᠤ ᠪᠠᠶᠢᠭᠰᠠᠨ ᠬᠢᠯᠠᠯᠵᠠᠮ᠎ᠠ | ᠠᠮᠵᠢᠯᠲᠠ ᠲᠠᠢ ᠶᠤᠮ᠃ | ᠣᠯᠠᠨ ᠲᠦᠷᠦᠯ ᠤᠨ ᠠᠵᠢᠯ ᠬᠢᠳᠡᠭ ᠪᠣᠯᠣᠭᠰᠠᠨ ᠤ ᠤᠴᠢᠷ | ᠰᠤᠶᠤᠯᠴᠤᠭᠲᠤ ᠰᠢᠯᠣᠭᠤᠨ ᠬᠦᠬᠡ ᠬᠤᠰᠢᠭᠤᠨ ᠤ ᠵᠢᠭᠠᠰᠤᠲᠠᠢ ᠰᠣᠮᠣ ᠪᠠᠷ ᠨᠣᠳᠣᠭᠲᠠᠢ᠃ 2000 | ᠣᠨ ᠳᠤ ᠠᠪᠠᠭ᠎ᠠ ᠬᠤᠰᠢᠭᠤᠨ ᠤ ᠴᠠᠭᠠᠨᠨᠠᠭᠤᠷ ᠪᠠᠯᠠᠭᠠᠰᠣᠨ ᠤ ᠪᠠᠶᠠᠨᠨᠠᠭᠤᠷ ᠭᠠᠴᠠᠭᠠᠨ ᠳᠤ ᠠᠶᠢᠯ ᠪᠦᠯᠢ ᠪᠠᠨ | ᠪᠣᠰᠬᠠᠵᠤ᠂ ᠠᠪᠠᠭ᠎ᠠ ᠨᠣᠳᠤᠭ ᠲᠤ ᠠᠮᠢᠳᠤᠷᠠᠯ ᠦᠷᠡᠯᠡᠭᠦᠯᠬᠦ ᠪᠣᠯᠵᠠᠢ᠃ ᠡᠶᠢᠨᠬᠦ ᠬᠤᠶᠠᠷ ᠰᠠᠶᠢᠬᠠᠨ ᠬᠦᠦ ᠲᠠᠢ ᠪᠠᠨ | ᠠᠮᠠ ᠪᠦᠯᠢ ᠲᠦᠷᠪᠡᠭᠦᠯᠡ ᠬᠦᠳᠡᠭᠡ ᠨᠣᠳᠤᠭ ᠲᠤ ᠪᠠᠨ ᠠᠵᠠ ᠵᠢᠷᠭᠠᠯ ᠲᠠᠢ ᠠᠮᠢᠳᠤᠷᠠᠵᠤ ᠪᠠᠶᠢᠳᠠᠯ᠎ᠠ 2007 | ᠣᠨ ᠳᠤ ᠬᠡᠨᠡᠳᠲᠡ ᠬᠡᠷᠭᠡᠢ ᠶᠢᠨ ᠬᠢᠨᠢ ᠪᠡᠶ᠎ᠡ ᠨᠢ ᠮᠠᠭᠤᠳᠠᠵᠤ᠂ ᠮᠦᠨᠴᠦ ᠪᠠᠭ᠎ᠠ ᠬᠦᠦ ᠨᠢ ᠴᠡᠴᠡᠷᠯᠢᠭ ᠲᠤ ᠰᠠᠭᠤᠬᠤ | ᠨᠠᠰᠤᠨ ᠳᠤ ᠬᠦᠷᠦᠭᠰᠡᠨ ᠠᠴᠠ ᠠᠮᠢᠳᠤᠷᠠᠯ ᠳᠤᠨᠢ ᠠᠷᠭ᠎ᠠ ᠦᠭᠡᠢ ᠶᠡᠭᠡ ᠰᠤᠩᠭᠤᠯᠲᠠ ᠳᠤᠬᠢᠶᠠᠵᠤ ᠪᠢᠯᠡ᠃ ᠬᠠᠨᠢ | ᠨᠦᠬᠦᠷ ᠲᠦᠰᠢᠯᠴᠡᠨ᠂ ᠬᠠᠮᠲᠤ ᠪᠠᠶᠢᠶ᠎ᠠ ᠬᠡᠮᠡᠨ ᠰᠤᠴᠢᠮᠠᠭ ᠰᠢᠢᠳᠦᠭᠰᠡᠨ ᠶᠤᠮ ᠪᠣᠯᠬᠤᠷ ᠮᠠᠯ ᠬᠤᠢ ᠪᠠᠨ ᠠᠶᠢᠯ ᠳᠤ | ᠨᠠᠶᠢᠳᠠᠭᠠᠳ ᠶᠠᠭᠠᠷᠠᠣᠬᠠᠨ ᠬᠤᠰᠢᠭᠤ ᠤᠷᠤᠵᠠᠢ᠃ ᠳᠠᠷᠠᠭ᠎ᠠ ᠬᠠᠪᠤᠷ ᠠᠴᠠ ᠨᠢ ᠰᠠᠶ᠋ᠢ ᠨᠣᠳᠤᠭ ᠢᠶᠠᠨ | ᠲᠦᠷᠢᠶᠡᠰᠦᠯᠡᠭᠦᠯᠦᠭᠡᠳ ᠮᠠᠯ ᠢᠶᠠᠨ ᠳᠠᠭᠠᠭᠤᠯᠣᠨ ᠳᠠᠭᠠᠭᠠᠯᠭᠠᠭᠰᠠᠨ ᠪᠠᠶᠢᠨ᠎ᠠ᠃ | ᠲᠡᠭᠡᠭᠡᠳ ᠯᠡ ᠬᠤᠰᠢᠭᠤ ᠤᠷᠤᠭᠰᠠᠨ ᠤ ᠪᠠᠨ ᠳᠠᠷᠠᠭ᠎ᠠ ᠠᠮᠢᠳᠤᠷᠠᠯ ᠢᠶᠠᠨ ᠦᠭᠡᠳᠡ ᠳᠠᠳᠠᠬᠤ ᠬᠡᠮᠡᠨ | ᠦᠪᠡᠷ ᠤᠨ ᠢᠶᠠᠨ ᠴᠢᠳᠠᠬᠤ ᠶᠢᠨ ᠬᠢᠷᠢ ᠪᠠᠷ ᠠᠵᠢᠯ ᠡᠷᠢᠵᠦ ᠬᠢᠵᠡᠢ᠃ ᠢᠩᠭᠢᠭᠡᠳ ᠯᠡ ︽ᠲᠤᠯᠭ᠎ᠠ ᠴᠠᠢ ᠶᠢᠨ | ᠭᠠᠵᠠᠷ︾ ᠲᠤ ᠴᠠᠢ ᠴᠢᠨᠠᠵᠤ ᠠᠩᠬᠠᠨ ᠤ ᠬᠦᠯᠦᠰᠦᠨ ᠠᠵᠢᠯ ᠢᠶᠠᠨ ᠡᠬᠢᠯᠡᠭᠦᠯᠦᠭᠰᠡᠨ᠂ ᠳᠠᠷᠠᠭ᠎ᠠ ᠨᠢ ᠰᠣᠪᠣᠳ | ᠬᠤᠭᠤᠯᠠᠨ ᠭᠡᠷ ᠲᠤ ᠭᠤᠯᠢᠷ ᠤᠨ ᠠᠵᠢᠯ ᠬᠢᠵᠦ ᠦᠩᠭᠡᠷᠡᠪᠡ᠃ ᠪᠠᠷᠢᠯᠭ᠎ᠠ ᠲᠡᠭᠡᠷ᠎ᠡ ᠬᠦᠴᠦᠨ ᠤ ᠠᠵᠢᠯ ᠬᠢᠵᠦ᠂ | ᠡᠳᠦᠷ ᠤᠨ 60 ᠲᠦᠭᠦᠷᠢᠭ ᠤᠨ ᠬᠦᠯᠦᠰᠦᠨ ᠮᠦᠩᠭᠦ ᠪᠠᠨ ᠴᠦ ᠠᠪᠴᠦ ᠴᠢᠳᠠᠭᠰᠠᠨ ᠦᠭᠡᠢ ᠣᠳᠠᠭ᠎ᠠ ᠲᠠᠢ᠃ ︽ | ᠲᠡᠷᠡ ᠥᠶ᠎ᠡ ᠳᠤ ᠦᠪᠡᠷ ᠤᠨ ᠬᠦᠳᠡᠯᠮᠦᠷᠢ ᠶᠢᠨ ᠬᠠᠷᠢᠭᠤ ᠪᠠᠨ ᠴᠦ ᠡᠷᠢᠵᠦ ᠠᠪᠬᠤ ᠶᠢ ᠮᠡᠳᠡᠬᠦ ᠦᠭᠡᠢ᠂ ᠵᠠ᠂ | ᠪᠣᠯᠵᠠᠢ ᠬᠡᠳ ᠯᠡ ᠦᠩᠭᠡᠷᠡᠵᠦ ᠪᠠᠶᠢᠵᠤ ᠰᠢᠦ︾ ᠬᠡᠮᠡᠨ ᠠᠩᠬ᠎ᠠ ᠬᠦᠯᠦᠰᠦᠨ ᠠᠵᠢᠯ ᠬᠢᠬᠦ ᠥᠶ᠎ᠡ ᠶᠢᠨ ᠬᠦᠴᠢᠷᠳᠡᠯ | ᠪᠡᠷᠭᠡᠳᠡᠯ ᠢᠶᠠᠨ ᠲᠡᠷᠡ ᠶᠠᠷᠢᠨ᠎ᠠ᠃ ᠭᠡᠬᠦ ᠳᠤ ᠲᠡᠷᠡ ᠵᠤᠷᠢᠭ ᠮᠤᠬᠤᠵᠤ ᠤᠬᠤᠷᠢᠵᠤ ᠰᠠᠭᠤᠭ᠎ᠠ ᠦᠭᠡᠢ ᠣᠯᠳᠠᠭᠰᠠᠨ | ᠬᠢᠷᠢ ᠳᠤ ᠪᠠᠨ ᠠᠷᠰᠠᠷ ᠠᠵᠢᠯ ᠭᠡᠵᠦ ᠭᠤᠯᠤᠯ ᠦᠭᠡᠢ ᠬᠢᠭᠰᠡᠭᠡᠷ ᠪᠠᠷᠢᠮᠲᠠᠯᠠᠭᠰᠠᠭᠠᠷ ᠢᠷᠡᠭᠰᠡᠨ ᠨᠢ ᠪᠠᠭ᠋ᠠᠳᠤᠭᠤᠰᠢᠳᠠᠢ᠃ | ᠨᠢᠭᠡ ᠣᠳᠠᠭ᠎ᠠ ᠱᠦᠢᠨᠢ ᠪᠠᠭᠤᠯᠭᠠᠵᠤ ᠪᠠᠶᠢᠭᠠᠳ ᠬᠦᠮᠦᠨ ᠤ ᠬᠦᠴᠦᠨ ᠤ ᠡᠬᠢ ᠪᠠᠶᠠᠯᠢᠭ ᠪᠠ ᠨᠠᠶᠢᠭᠡᠮ ᠤᠨ | ᠪᠠᠲᠤᠯᠠᠭ᠎ᠠ ᠶᠢᠨ ᠲᠤᠪᠴᠢᠶᠠᠨ ᠤ ᠨᠢᠭᠡ ᠠᠬ᠎ᠠ ᠲᠠᠢ ᠲᠠᠭᠠᠷᠠᠯᠳᠤᠵᠠᠢ᠃ ᠲᠡᠷᠡ ᠬᠦᠮᠦᠨ ᠲᠡᠭᠦᠨ ᠤ ᠨᠢᠭᠡ ᠡᠳᠦᠷ ᠤᠨ | 110 ᠲᠤᠨ ᠱᠦᠢᠨᠢ ᠪᠠᠭᠤᠯᠭᠠᠭᠰᠠᠨ ᠢ ᠬᠠᠷᠠᠭᠠᠳ ᠪᠢᠰᠢᠷᠡᠵᠡᠢ᠃ ᠲᠡᠷᠡ ᠠᠬ᠎ᠠ ᠶᠢᠨ ᠲᠠᠨᠢᠯᠴᠠᠭᠤᠯᠭ᠎ᠠ ᠪᠠᠷ 2008 | ᠣᠨ ᠳᠤ ᠣᠰᠤ ᠬᠦᠷᠭᠡᠬᠦ ᠠᠵᠢᠯ ᠢ ᠲᠤᠰᠴᠠᠢ᠃ ︽ᠲᠡᠷᠡ ᠠᠬ᠎ᠠ ᠶᠢᠨ ᠰᠠᠶᠢᠨ ᠢᠶᠠᠷ ᠡᠨᠡ ᠣᠰᠤ ᠬᠦᠷᠭᠡᠬᠦ ᠠᠵᠢᠯ ᠢ | ᠤᠯᠤᠭᠰᠠᠨ᠂ ᠲᠤᠬᠠᠢ ᠶᠢᠨ ᠥᠶ᠎ᠡ ᠳᠤ ᠰᠠᠷ᠎ᠠ ᠶᠢᠨ 1700 ᠲᠦᠭᠦᠷᠢᠭ ᠤᠨ ᠴᠠᠯᠢᠩ ᠲᠠᠢ ᠪᠠᠶᠢᠵᠤ᠂ ᠡᠮᠦᠨ᠎ᠡ ᠨᠢ | ᠬᠢᠵᠦ ᠦᠩᠭᠡᠷᠡᠭᠰᠡᠨ ᠠᠯᠢ ᠴᠦ ᠠᠵᠢᠯ ᠠᠴᠠ ᠦᠨᠳᠦᠷ ᠴᠠᠯᠢᠩ ᠪᠠᠶᠢᠭᠰᠠᠨ ᠰᠢᠦ᠃ ᠲᠡᠷᠡ ᠥᠶ᠎ᠡ ᠳᠤ ᠡᠳᠦᠷ | ᠪᠣᠯᠭᠠᠨ ᠲᠡᠪᠣᠨ ᠰᠤᠷᠭᠠᠭᠤᠯᠢ ᠳᠤ 1000 ᠭᠠᠷᠤᠢ ᠰᠠᠪᠠ ᠣᠰᠤ ᠬᠦᠷᠭᠡᠳᠡᠭ︾ ᠬᠡᠮᠡᠨ ᠰᠤᠶᠤᠯᠴᠤᠭᠲᠤ | ᠡᠷᠬᠢᠴᠡᠭᠦᠯᠦᠨᠡ᠃ ᠲᠡᠭᠡᠭᠡᠳ ᠡᠨᠡ ᠠᠵᠢᠯ ᠢᠶᠠᠨ 2008 ᠣᠨ ᠠᠴᠠ 2017 ᠣᠨ ᠬᠦᠷᠳᠡᠯ᠎ᠡ | ᠦᠷᠭᠦᠯᠵᠢᠯᠡᠭᠦᠯᠵᠡᠢ᠃ | ᠰᠡᠭᠦᠯᠡᠷ ᠨᠢ ᠤᠨᠴᠠᠭᠠᠢ ᠰᠢᠯᠳᠠᠭᠠᠨ ᠠᠴᠠ ᠪᠣᠯᠵᠤ᠂ ᠤᠰᠤ ᠬᠦᠷᠭᠡᠬᠦ ᠠᠵᠢᠯ ᠳᠠᠭᠠᠨ 6 ᠵᠢᠯ ᠲᠠᠰᠣᠯᠳᠠᠭᠤᠯᠵᠤ᠂ | ᠭᠤᠣᠯ ᠳᠤᠨᠢ ︽ᠬᠠᠷ᠎ᠠ ᠠᠬ᠎ᠠ ᠲᠡᠷᠭᠡ ᠣᠭᠢᠶᠠᠬᠤ ᠭᠠᠵᠠᠷ︾ ᠪᠠᠨ ᠨᠡᠭᠡᠭᠡᠨ᠂ ᠬᠡᠷᠭᠡᠢ ᠲᠠᠢ ᠪᠠᠨ ᠬᠤᠶᠠᠭᠤᠯᠠ ᠲᠡᠷᠭᠡ | ᠣᠬᠢᠶᠠᠵᠠᠢ᠂ ᠪᠠᠭ᠎ᠠ ᠬᠦᠦ ᠨᠢ ᠴᠦ ᠨᠡᠯᠢᠶᠡᠳ ᠲᠤᠮᠤ ᠪᠣᠯᠣᠭᠰᠠᠨ ᠠᠴᠠ ᠵᠠᠪ ᠴᠢᠯᠦᠭᠡ ᠪᠠᠷ ᠢᠶᠠᠨ ᠠᠪᠤ ᠡᠵᠢ ᠳᠤ ᠪᠠᠨ | ᠬᠠᠮᠵᠢᠳᠠᠭ᠃ ᠭᠡᠪᠡᠴᠦ ᠬᠢᠵᠢᠭ ᠤᠨ ᠰᠢᠯᠳᠠᠭᠠᠨ ᠠᠴᠠ ᠪᠣᠯᠵᠤ ᠠᠷᠭ᠎ᠠ ᠦᠭᠡᠢ ᠡᠭᠦᠳᠡᠨ ᠢᠶᠠᠨ ᠬᠠᠭᠠᠵᠠᠢ᠃ | ᠬᠦᠳᠡᠯᠮᠦᠷᠢ ᠶᠢᠨ ᠪᠠᠭ᠋ᠠᠳᠣᠯ ᠲᠠᠢ ᠦᠨᠦᠳᠦᠷ ᠤᠨ ᠠᠮᠢᠳᠤᠷᠠᠯ | ᠤᠳᠤ ᠲᠡᠷᠡᠪᠡᠷ ᠬᠤᠭᠤᠯᠠ ᠬᠦᠷᠭᠡᠬᠦ ᠠᠵᠢᠯ ᠬᠢᠬᠦ ᠶᠢᠨ ᠵᠡᠷᠭᠡ ᠦᠨᠤ ᠵᠢᠯ ᠠᠴᠠ ᠣᠣᠯ ᠠᠴᠠ ᠪᠠᠨ ᠲᠡᠰᠣᠯ | ᠪᠣᠯᠣᠭᠰᠠᠨ ᠤᠰᠤ ᠬᠦᠷᠭᠡᠬᠦ ᠠᠵᠢᠯ ᠢᠶᠠᠨ ᠳᠠᠬᠢᠵᠤ ᠭᠠᠷᠳᠠᠨ ᠬᠢᠵᠡᠢ᠃ ᠭᠡᠬᠦ ᠳᠤ ᠪᠠᠨ ᠣᠣᠯ ᠤᠨ ᠰᠢᠭ ᠬᠦᠴᠦ | ᠶᠠᠪᠤᠬᠤ ᠲᠡᠳᠦᠢ ᠯᠡ ᠪᠢᠰᠢ᠂ ᠬᠠᠷᠢᠨ ︽ᠬᠠᠷ᠎ᠠ ᠨᠢᠳᠦᠨ ᠪᠤᠯᠠᠭ ᠤᠨ ᠤᠰᠤ︾ ᠬᠦᠷᠭᠡᠬᠦ ᠦᠢᠯᠡᠴᠢᠯᠡᠭᠡᠨ ᠤ | ᠬᠠᠭᠠᠰ ᠢ ᠨᠢ ᠳᠠᠭᠠᠭᠠᠴᠢᠯᠠᠵᠤ ᠠᠪᠤᠭᠠᠳ ᠬᠦᠷᠭᠡᠬᠦ ᠶᠢᠨ ᠵᠡᠷᠭᠡ ᠪᠠᠰᠠ ᠨᠢᠭᠡ ᠬᠦᠷᠭᠡᠯᠲᠡ ᠶᠢᠨ ᠠᠵᠢᠯᠲᠠᠨ ᠬᠡᠷᠡᠭᠯᠡᠵᠦ | ᠪᠠᠶᠢᠭ᠎ᠠ ᠠᠵᠢ᠃ ︽ᠡ ᠯᠡ ᠮᠠ︾ ᠶᠢᠨ ᠬᠤᠭᠤᠯᠠ ᠬᠦᠷᠭᠡᠬᠦ ᠳᠠᠩᠰᠠ ᠴᠦᠬᠡᠨ ᠪᠣᠯᠬᠤᠷ ᠬᠤᠶᠠᠷ ᠠᠵᠢᠯ | ᠳᠠᠪᠬᠤᠴᠠᠬᠤ ᠨᠢ ᠴᠦᠬᠡᠨ ᠪᠠᠶᠢᠵᠤ᠂ ᠠᠷᠭ᠎ᠠ ᠦᠭᠡᠢ ᠳᠠᠪᠬᠤᠴᠠᠬᠤ ᠦᠶᠡᠰ ᠪᠠᠭ᠎ᠠ ᠬᠦᠦ ᠨᠢ ᠬᠠᠮᠵᠢᠳᠠᠭ᠃ | ᠢᠩᠭᠢᠭᠡᠳ ᠯᠡ ᠰᠠᠷ᠎ᠠ ᠶᠢᠨ 1 ᠲᠦᠮᠡᠨ ᠲᠦᠭᠦᠷᠢᠭ ᠤᠨ ᠴᠡᠪᠡᠷ ᠤᠷᠤᠯᠭ᠎ᠠ ᠡᠭᠦᠳᠬᠦ ᠪᠣᠯᠵᠠᠢ᠃ | ᠡᠭᠦᠨ ᠠᠴᠠ ᠭᠠᠳᠠᠨ᠎ᠠ ᠬᠡᠷᠭᠡᠢ ᠨᠢ ᠨᠢᠭᠡ ᠣᠳᠠᠭ᠎ᠠ ︽ᠬᠤᠶᠠᠭᠤᠯᠠ ᠨᠢᠭᠡ ᠳᠠᠭᠤᠯᠠᠴᠢᠬᠠᠶᠠ︾ ᠭᠡᠭᠦᠯᠡᠷ ᠪᠠᠭ᠎ᠠ | ᠲᠠᠲᠠᠭᠠᠯᠵᠠᠵᠤ ᠠᠪᠤᠭᠰᠠᠨ ᠢᠶᠠᠨ ᠵᠣᠨ ᠪᠣᠯᠭᠠᠨ ᠠᠭᠤᠳᠠᠮ ᠲᠠᠯᠠᠪᠠᠢ ᠲᠡᠭᠡᠷ᠎ᠡ ᠭᠠᠷᠭᠠᠳᠠᠭ ᠰᠣᠮᠣ ᠪᠠᠯᠭᠠᠰᠤᠨ ᠤ | ᠲᠤᠭᠯᠠᠯᠲᠠ ᠲᠡᠭᠡᠷ᠎ᠡ ᠠᠩᠬ᠎ᠠ ᠲᠠᠭᠤᠯᠠᠨ᠂ ᠣᠯᠠᠨ ᠳᠤ ᠪᠠᠨ ᠲᠠᠭᠠᠰᠢᠶᠠᠭᠳᠠᠵᠤ᠂ ︽ᠪᠣᠯᠵᠤ ᠪᠠᠶᠢᠨ᠎ᠠ︾ ᠭᠡᠰᠡᠨ | ᠣᠯᠠᠨ ᠤ ᠦᠨᠡᠯᠡᠯᠲᠡ ᠲᠡᠷᠡ ᠬᠤᠶᠠᠷ ᠲᠤ ᠴᠢᠨᠠᠭᠰᠢ ᠲᠠᠭᠤᠯᠠᠬᠤ ᠵᠤᠷᠢᠭ ᠬᠠᠶᠢᠷᠠᠯᠠᠵᠠᠢ᠃ ᠳᠠᠷᠠᠭ᠎ᠠ ᠣᠳᠠᠭ᠎ᠠ ᠨᠢ | ᠪᠦᠬᠡ ᠶᠢᠨ ᠴᠤᠭᠯᠠᠭᠠᠨ ᠲᠡᠭᠡᠷ᠎ᠡ ᠤᠷᠢᠭᠲᠠᠨ ᠳᠠᠭᠤᠯᠠᠭᠰᠠᠨ ᠨᠢ ᠪᠦᠷ ᠴᠦ ᠣᠷᠮ᠎ᠠ ᠲᠠᠢ ᠪᠣᠯᠣᠯ᠎ᠠ᠂ ᠲᠡᠭᠦᠨ ᠠᠴᠠ | ᠬᠤᠶᠢᠰᠢ ᠣᠯᠠᠨ ᠳᠤ ᠪᠠᠨ ᠣᠯᠠᠮ ᠢᠶᠠᠷ ᠲᠠᠨᠢᠭᠳᠠᠵᠤ᠂ ᠬᠤᠷᠢᠮ ᠨᠠᠶᠢᠷ ᠲᠤ ᠴᠦ ᠣᠯᠠᠨᠲᠠ ᠤᠷᠢᠭᠳᠠᠨ ᠲᠠᠭᠤᠯᠠᠬᠤ | ᠪᠣᠯᠵᠠᠢ᠃ | ︽ᠨᠢᠭᠡ ᠣᠳᠠᠭ᠎ᠠ ᠬᠤᠭᠤᠯᠠᠨ ᠭᠡᠷ ᠤᠨ ᠨᠡᠭᠡᠭᠡᠯᠲᠡ ᠲᠡᠭᠡᠷ᠎ᠡ ᠳᠠᠭᠤᠯᠠᠯ᠎ᠠ᠂ ᠭᠠᠳᠠᠭ᠎ᠠ ᠵᠤᠭᠰᠤᠭᠠᠳ | ᠲᠠᠭᠤᠯᠠᠭᠠᠳ ᠪᠠᠶᠢᠬᠤ ᠴᠢᠨᠢ ᠡᠪ ᠦᠭᠡᠢ ᠴᠦ ᠶᠤᠮᠰᠢᠭ᠂ ᠶᠠᠷᠦᠨᠢ ᠤᠰᠤ ᠬᠦᠷᠭᠡᠬᠦ ᠠᠴᠠ ᠭᠡᠴᠡᠭᠦᠦ᠂ ᠶᠡᠭᠡ | ᠲᠠᠷᠤᠭᠠᠰᠤ ᠲᠠᠢ ᠰᠠᠨᠠᠭᠳᠠᠳᠠᠭ᠂ ᠪᠠᠷᠤᠭ ᠮᠡᠷᠭᠡᠵᠢᠯ ᠤᠨ ᠬᠢ ᠪᠢᠰᠢ ᠪᠣᠯᠣᠭᠠᠳ ᠲᠡᠭᠡᠳᠡᠭ ᠶᠤᠮ ᠤᠤ︾ ᠬᠡᠮᠡᠨ | ᠰᠤᠲᠤᠯᠴᠤᠭᠲᠤ ᠭᠦᠭᠵᠢᠯᠲᠡᠢ ᠶᠠᠷᠢᠨ᠎ᠠ᠃ | ᠬᠦᠳᠡᠯᠮᠦᠷᠢ ᠳᠤ ᠡᠷᠬᠢᠮ ᠲᠡᠭᠡᠲᠦ᠂ ᠡᠭᠡᠯ ᠲᠤᠤᠷᠠᠲᠤ ᠭᠡᠵᠦ ᠪᠠᠶᠢᠳᠠᠭ ᠦᠭᠡᠢ᠃ ᠵᠠᠩᠭᠢᠶᠠᠲᠤ ᠪᠦᠬᠡ᠂ | ᠬᠤᠣᠰᠯᠠᠯ ᠲᠠᠭᠤᠴᠢᠨ᠂ ᠤᠰᠤ ᠬᠦᠷᠭᠡᠭᠴᠢ᠂ ᠬᠤᠭᠤᠯᠠ ᠬᠦᠷᠭᠡᠭᠴᠢ ᠭᠡᠳ ᠣᠯᠠᠨ ᠲᠦᠷᠦᠯ ᠤᠨ ᠠᠵᠢᠯ ᠳᠤ | ᠬᠢᠯᠠᠷᠠᠭᠤᠯᠵᠤ᠂ ᠬᠦᠳᠡᠯᠮᠦᠷᠢ ᠶᠢᠨ ᠰᠠᠶᠢᠬᠠᠨ ᠢᠶᠠᠷ ᠵᠢᠷᠭᠠᠯᠲᠤ ᠠᠮᠢᠳᠤᠷᠠᠯ ᠢᠶᠠᠨ ᠴᠤᠭᠴᠠᠯᠠᠭᠠ ︽ᠬᠠᠷ᠎ᠠ ᠠᠬ᠎ᠠ︾ | ᠶᠢᠨ ᠮᠠᠨᠢ ᠠᠮᠢᠳᠤᠷᠠᠯ ᠬᠡᠵᠢᠶᠡᠳᠡ ᠦᠭᠡᠳᠡ ᠪᠠᠨ ᠪᠠᠶᠢᠬᠤ ᠨᠢ ᠳᠠᠮᠵᠢᠭ ᠦᠭᠡᠢ᠃ | |