ᠨᠠᠷᠠᠡᠪᠤᠯᠠᠭ ᠰᠤᠮᠤᠨ ᠤ ᠨᠠᠷᠠᠳᠤ ᠭᠠᠴᠠᠭᠠᠨ ᠤ ᠮᠠᠯᠴᠢᠨ ᠯᠢ ᠰᠢᠨ ᠨᠢᠳᠤᠨᠤᠨ ︽ᠮᠠᠯᠴᠢᠨ ᠤ ᠬᠡᠰᠢᠭ | ᠲᠡᠵᠢᠬᠡᠨ ᠦᠷᠡᠵᠢᠬᠦᠯᠬᠦ ᠬᠡᠷ ᠪᠦᠯᠢ ᠶᠢᠨ ᠮᠠᠯᠵᠢᠯ ᠤᠨ ᠲᠠᠯᠠᠪᠠᠢ︾ ᠶᠢᠨ 200 ᠭᠠᠷᠤᠢ ᠬᠤᠨᠢᠨ ᠳᠤ ᠪᠠᠨ ᠢᠬᠡᠷ᠎ᠡ | ᠲᠦᠯ ᠤᠨ ᠭᠠᠷ ᠬᠡᠬᠡᠯᠳᠤᠬᠦᠯᠬᠡ ᠬᠢᠬᠡᠳ ᠤᠳᠤ ᠪᠤᠯᠳᠠᠯ᠎ᠠ 122 ᠢᠬᠡᠷ᠎ᠡ ᠬᠤᠷᠠᠭ᠎ᠠ ᠲᠤᠰᠴᠤ᠂ ᠢᠬᠡᠷ᠎ᠠ | ᠲᠦᠯᠯᠡᠭᠰᠡᠨ ᠨᠤᠷᠮ᠎ᠠ ᠨᠢ 60% ᠳᠤ ᠬᠦᠷᠦᠭᠰᠡᠨ ᠪᠠᠶᠢᠨ᠎ᠠ᠃ | ᠰᠢᠨ᠎ᠠ ᠮᠡᠷᠬᠡᠵᠢᠯ ᠰᠤᠷᠤᠯᠴᠠᠵᠤ ᠢᠬᠡᠷ᠎ᠡ ᠲᠦᠯ ᠲᠤᠰᠬᠤ ᠪᠤᠯᠵᠠᠢ | ᠨᠠᠷᠠᠡᠪᠤᠯᠠᠭ ᠰᠤᠮᠤᠨ ᠤ ᠨᠠᠷᠡᠳᠤ ᠭᠠᠴᠠᠭᠠᠨ ᠤ ᠮᠠᠯᠴᠢᠨ ᠯᠢ ᠰᠢᠨ ︽ᠮᠠᠯᠴᠢᠨ ᠤ ᠬᠡᠰᠢᠭ ᠲᠡᠵᠢᠬᠡᠨ | ᠦᠷᠡᠵᠢᠬᠦᠯᠬᠦ ᠬᠡᠷ ᠪᠦᠯᠢ ᠶᠢᠨ ᠮᠠᠯᠵᠢᠯ ᠤᠨ ᠲᠠᠯᠠᠪᠠᠢ︾ ᠢᠶᠠᠨ ᠡᠵᠡᠩᠨᠡᠬᠦ ᠳᠤ ᠪᠠᠨ ᠦᠢᠷ᠎ᠡ ᠶᠢᠨ ᠵᠢᠯ ᠤᠳ ᠲᠤ | ᠭᠠᠷ ᠬᠡᠬᠡᠯᠳᠤᠬᠦᠯᠬᠡ ᠶᠢᠨ ᠮᠠᠷᠬᠡᠵᠢᠯ ᠢ ᠰᠤᠷᠴᠤ ᠡᠵᠡᠮᠰᠢᠨ᠂ ᠮᠠᠯ ᠰᠦᠷᠦᠭ ᠤᠨ ᠪᠦᠳᠤᠴᠠ ᠳᠤ ᠪᠠᠨ | ᠲᠤᠬᠢᠷᠠᠭᠤᠯᠤᠯᠳᠠ ᠬᠢᠵᠤ᠂ ︽ᠴᠦᠬᠡᠨ ᠮᠠᠯᠵᠢᠵᠤ ᠴᠢᠨᠡᠷᠯᠢᠭ᠋ ᠮᠠᠯᠵᠢᠬᠤ︾ ᠪᠠᠷ ᠴᠢᠷᠮᠠᠶᠢᠨ᠂ ᠬᠤᠨᠢᠨ ᠤ ᠭᠠᠷ | ᠬᠡᠬᠡᠯᠳᠤᠬᠦᠯᠬᠡ ᠶᠢᠨ ᠮᠡᠷᠬᠡᠵᠢᠯ ᠰᠤᠷᠤᠯᠴᠠᠬᠤ ᠪᠠᠷ ᠤᠯᠠᠨ ᠭᠠᠵᠡᠷ ᠢᠶᠠᠷ ᠶᠠᠪᠤᠵᠤ᠂ ᠠᠩᠬᠠᠨ ᠤ ᠲᠤᠷᠰᠢᠴᠠ ᠳᠤ ᠪᠠᠨ | ᠨᠠᠯᠢᠶᠠᠳ ᠠᠮᠵᠢᠯᠳᠠ ᠤᠯᠤᠭᠰᠡᠨ ᠪᠠᠶᠢᠨ᠎ᠠ᠃ ᠲᠡᠬᠦᠨ ᠤ ᠠᠪᠤ ᠨᠢ ᠤᠯᠠᠨ ᠵᠢᠯ ᠤᠨ ᠲᠤᠷᠰᠢ ᠭᠠᠷ ᠬᠡᠬᠡᠯᠳᠤᠬᠦᠯᠬᠡ | ᠬᠢᠵᠤ ᠪᠠᠶᠢᠭᠰᠡᠨ ᠲᠤᠷᠰᠢᠯᠭ᠎ᠠ ᠲᠠᠢ ᠪᠠᠶᠢᠭᠰᠨᠨ ᠤ ᠰᠠᠭᠤᠷᠢᠨ ᠲᠡᠬᠡᠷ᠎ᠠ᠂ ᠯᠢ ᠰᠢᠨ ᠪᠠᠰᠠ ᠭᠠᠷ ᠬᠡᠬᠡᠯᠳᠤᠬᠦᠯᠬᠡ ᠶᠢᠨ | ᠮᠡᠷᠬᠡᠵᠢᠯᠳᠠᠨ ᠲᠠᠢ ᠬᠠᠮᠳᠤᠷᠠᠨ ᠠᠵᠢᠯᠯᠠᠬᠤ ᠪᠠᠷ ᠲᠠᠮᠵᠢᠨ ᠨᠠᠯᠢᠶᠠᠳ ᠪᠤᠯᠪᠠᠰᠤᠷᠠᠩᠭᠤᠢ ᠮᠠᠷᠬᠡᠵᠢᠯ ᠲᠤᠷᠰᠢᠯᠭ᠎ᠠ ᠶᠢ | ᠬᠤᠷᠠᠮᠳᠤᠭᠤᠯᠵᠤ ᠪᠢᠯᠠ᠃ ᠡᠳᠡᠬᠡᠷ ᠲᠠᠪᠠᠭᠤᠯᠢᠭ ᠲᠠᠯ᠎ᠠ ᠪᠠ ᠦᠪᠡᠷ ᠤᠨ ᠴᠢᠷᠮᠠᠶᠢᠯᠭ᠎ᠠ ᠳᠤ ᠪᠠᠨ ᠲᠦᠰᠢᠭᠯᠡᠨ | ᠤᠷᠢᠶᠠᠩᠬᠠᠨ ᠬᠤᠨᠢᠨ ᠳᠤ ᠪᠠᠨ ᠭᠠᠷ ᠬᠡᠬᠡᠯᠳᠤᠬᠦᠯᠬᠡ ᠬᠢᠵᠤ᠂ ᠬᠤᠨᠢᠨ ᠤ ᠡᠬᠦᠯᠳᠡᠷ ᠢᠶᠠᠨ ᠰᠠᠶᠢᠵᠢᠷᠠᠭᠤᠯᠬᠤ ᠳᠤ | ᠰᠠᠭᠤᠷᠢ ᠲᠠᠯᠪᠢᠭᠰᠡᠨ ᠶᠤᠮ᠃ ᠲᠡᠷᠡ ᠬᠤᠶᠡᠷ ᠵᠢᠯ ᠲᠠᠷᠠᠭᠠᠯᠠᠨ ᠬᠤᠨᠢᠨ ᠳᠤ ᠪᠠᠨ ᠭᠠᠷ ᠬᠡᠬᠡᠯᠳᠤᠬᠦᠯᠬᠡ ᠬᠢᠵᠤ᠂ | 250 ᠭᠠᠷᠤᠢ ᠢᠬᠡᠷ᠎ᠡ ᠲᠦᠯ ᠮᠠᠡᠳᠤ ᠲᠤᠰᠴᠤ᠂ ᠬᠡᠬᠡᠯᠳᠤᠬᠦᠯᠬᠡ ᠶᠢᠨ ᠮᠡᠷᠬᠡᠵᠢᠯ ᠨᠢ ᠴᠤ ᠠᠭᠠᠵᠢᠮ ᠢᠶᠠᠷ | ᠪᠤᠯᠪᠠᠰᠤᠷᠤᠩᠭᠤᠢ ᠪᠤᠯᠤᠭᠰᠡᠨ ᠪᠠᠶᠢᠯ᠎ᠠ᠃ | ᠡᠳᠡᠨ ᠤ ᠬᠢᠨ ᠤᠤᠯ ᠳᠤ ᠪᠠᠨ ᠦᠷ᠎ᠠ ᠶᠢᠨ ᠮᠠᠯ ᠦᠷᠡᠵᠢᠬᠦᠯᠤᠨ ᠪᠤᠶᠢᠵᠢᠭᠤᠯᠬᠤ ᠰᠠᠭᠤᠷᠢᠨ ᠭᠠᠵᠡᠷ ᠲᠤ | ᠪᠠᠨ 300 ᠭᠠᠷᠤᠢ ᠬᠤᠴᠠ ᠮᠠᠯᠵᠢᠵᠤ ᠪᠠᠶᠢᠵᠠᠢ᠃ ᠦᠢᠷ᠎ᠠ ᠶᠢᠨ ᠬᠡᠳᠤᠨ ᠵᠢᠯ ᠳᠤ ᠮᠠᠯ ᠪᠠᠯᠴᠢᠬᠡᠷ ᠤᠨ ᠲᠠᠩᠴᠠᠬᠦᠷᠢ | ᠪᠠᠳᠤᠯᠠᠬᠤ ᠵᠤᠷᠢᠯᠭ᠎ᠠ ᠪᠠᠷ ︽ᠴᠦᠬᠡᠨ ᠮᠠᠯᠵᠢᠵᠤ ᠴᠢᠨᠡᠷᠯᠢᠭ᠋ ᠮᠠᠯᠵᠢᠬᠤ︾ ᠵᠠᠮ ᠢᠶᠠᠷ ᠵᠠᠮᠨᠠᠵᠤ᠂ ᠬᠤᠴᠠᠨ ᠤ ᠲᠤᠭ᠎ᠠ | ᠲᠤᠯᠤᠭᠠᠢ ᠪᠠᠨ ᠪᠠᠭᠠᠰᠬᠠᠭᠰᠡᠨ ᠪᠠᠶᠢᠨ᠎ᠠ᠃ | ᠴᠦᠬᠡᠨ ᠮᠠᠯᠵᠢᠨ ᠴᠢᠨᠡᠷᠯᠢᠭ᠋ ᠮᠠᠯᠵᠢᠵᠤ᠂ ᠦᠷ᠎ᠠ ᠠᠰᠢᠭ ᠦᠡᠳᠤᠷ ᠪᠤᠯᠵᠠᠢ | ᠬᠤᠨᠢᠨ ᠳᠤ ᠪᠠᠨ ᠭᠠᠷ ᠬᠡᠬᠡᠯᠳᠤᠬᠦᠯᠬᠡ ᠬᠢᠪᠡᠯ ᠬᠤᠴᠠ ᠶᠢᠨ ᠶᠠᠰᠤ ᠴᠢᠨᠡᠷ ᠢ ᠪᠠᠳᠤᠯᠠᠵᠤ ᠴᠢᠳᠠᠬᠤ | ᠮᠦᠷᠳᠡᠬᠡᠨ ︽ᠴᠦᠬᠡᠨ ᠮᠠᠯᠵᠢᠵᠤ ᠴᠢᠨᠡᠷᠯᠢᠭ᠋ ᠮᠠᠯᠵᠢᠬᠤ︾ ᠶᠢ ᠪᠠᠶᠡᠯᠡᠬᠦᠯᠵᠤ ᠴᠢᠳᠠᠪᠠᠯ ᠠᠮᠢ ᠠᠬᠤᠢ ᠶᠢ ᠬᠠᠮᠠᠭᠠᠯᠠᠬᠤ | ᠵᠤᠷᠢᠯᠳᠠ ᠳᠤ ᠴᠤ ᠬᠦᠷᠴᠤ ᠴᠢᠳᠠᠬᠤ ᠪᠤᠯᠬᠤᠷ ᠬᠤᠤᠰ ᠦᠷ᠎ᠡ ᠠᠰᠢᠭ ᠬᠦᠷᠳᠡᠵᠤ ᠴᠢᠳᠠᠨ᠎ᠠ ᠬᠡᠮᠡᠨ ᠯᠢ ᠰᠢᠨ | ᠦᠵᠡᠳᠡᠭ᠃ ᠡᠶᠢᠡᠬᠦ ᠭᠠᠷ ᠬᠡᠬᠡᠯᠳᠤᠬᠦᠯᠬᠡ ᠬᠢᠬᠦ ᠳᠤ᠂ ᠨᠢᠬᠡ ᠬᠤᠴᠠᠨ ᠤ ᠦᠷ᠎ᠠ ᠶᠢᠨ ᠰᠢᠩᠬᠡᠨ ᠢᠶᠠᠷ ᠡᠳᠤᠷ ᠲᠤ | ᠪᠠᠷᠤᠭ 65 ᠬᠤᠨᠢ ᠶᠢ ᠬᠡᠬᠡᠯᠳᠤᠬᠦᠯᠵᠤ ᠴᠢᠳᠠᠳᠠᠭ᠂ ᠡᠨ᠋ᠨ ᠨᠢ ᠴᠢᠨᠡᠷ ᠰᠠᠶᠢᠳᠡᠢ ᠬᠤᠴᠠᠨ ᠤ ᠠᠰᠢᠭᠯᠠᠮᠵᠢ ᠪᠠ | ᠬᠡᠬᠡᠯᠳᠤᠬᠦᠯᠬᠡ ᠶᠢᠨ ᠦᠷ᠎ᠠ ᠠᠰᠢᠭ ᠢ ᠲᠡᠬᠡᠭᠰᠢᠯᠡᠬᠦᠯᠵᠤ᠂ ᠤᠯᠠᠨ ᠲᠤᠭᠠᠨ ᠤ ᠬᠤᠴᠠ ᠮᠠᠯᠵᠢᠬᠤ ᠵᠠᠷᠤᠳᠠᠯ ᠢ | ᠠᠷᠪᠢᠯᠠᠵᠤ᠂ ᠴᠢᠨᠡᠷ ᠴᠢᠡᠰᠠᠭ᠎ᠠ ᠪᠠ ᠬᠡᠬᠡᠯᠳᠤᠬᠦᠯᠬᠡ ᠶᠢᠨ ᠨᠤᠷᠮ᠎ᠠ ᠶᠢ ᠲᠡᠬᠡᠭᠰᠢᠯᠡᠬᠦᠯᠦᠭᠰᠡᠨ ᠢᠶᠠᠷ ᠡᠬᠦᠯᠳᠡᠷ | ᠪᠤᠶᠢᠵᠢᠭᠤᠯᠬᠤ ᠬᠤᠷᠳᠤᠴᠠ᠂ ᠬᠤᠨᠢᠨ ᠰᠦᠷᠦᠭ ᠤᠨ ᠤᠳᠤᠮᠰᠢᠯ ᠤᠨ ᠠᠬᠢᠴᠠ ᠶᠢ ᠲᠦᠷᠬᠡᠳᠬᠡᠨ᠂ ᠡᠯ᠎ᠠ ᠲᠦᠷᠤᠯ | ᠤᠨ ᠡᠪᠡᠳᠴᠢᠨ ᠬᠢᠵᠢᠭ ᠲᠡᠯᠬᠡᠷᠡᠬᠦ ᠶᠢ ᠪᠦᠳᠤᠮᠵᠢᠳᠡᠢ ᠰᠡᠷᠬᠡᠶᠢᠯᠡᠬᠦ ᠤᠯᠠᠨ ᠲᠠᠯ᠎ᠠ ᠶᠢᠨ ᠠᠰᠢᠭ ᠢ ᠬᠦᠷᠳᠡᠵᠤ | ᠴᠢᠳᠠᠵᠠᠢ᠃ | ᠲᠡᠵᠢᠬᠡᠯ ᠨᠦᠬᠦᠪᠤᠷᠢᠯᠡᠵᠤ᠂ ᠡᠬᠡ ᠮᠠᠯ ᠪᠠ ᠢᠬᠡᠷ᠎ᠠ ᠲᠦᠯ ᠤᠨ ᠰᠢᠮ᠎ᠠ ᠲᠡᠵᠢᠬᠡᠯ ᠢ ᠪᠠᠳᠤᠯᠠᠳᠠᠭ | ᠭᠠᠷ ᠬᠡᠬᠡᠯᠳᠤᠬᠦᠯᠬᠡ ᠪᠠᠷ ᠲᠠᠮᠵᠢᠨ ᠢᠬᠡᠷ᠎ᠡ ᠲᠦᠯ ᠲᠤᠰᠬᠤ ᠨᠢ ᠡᠬᠡ ᠮᠠᠯ ᠵᠢᠴᠢ ᠬᠤᠷᠠᠭ᠎ᠠ ᠶᠢᠨ ᠲᠠᠷᠭᠤ | ᠬᠦᠴᠤ ᠪᠠ ᠪᠤᠶᠢᠵᠢᠯᠳᠠ ᠶᠢ ᠵᠤᠬᠢᠬᠤ ᠬᠡᠮᠵᠢᠶ᠎ᠠ ᠪᠠᠷ ᠨᠦᠯᠤᠬᠡᠯᠡᠬᠦ ᠨᠢ ᠲᠠᠮᠵᠢᠭ ᠦᠬᠡᠢ᠃ ᠡᠶᠢᠡᠬᠦ ᠯᠢ ᠰᠢᠨ 12 | ᠰᠠᠷ᠎ᠠ ᠶᠢᠨ ᠲᠤᠮᠳᠠᠴᠢ ᠠᠴᠠ ᠡᠬᠢᠯᠡᠨ ᠡᠬᠡ ᠮᠠᠯ ᠳᠤ ᠪᠠᠨ ᠲᠡᠵᠢᠬᠡᠯ ᠨᠦᠬᠦᠪᠤᠷᠢᠯᠡᠵᠤ᠂ ᠭᠠᠭᠴᠠ ᠬᠤᠷᠠᠭ᠎ᠠ ᠲᠠᠢ | ᠬᠤᠨᠢᠨ ᠳᠤ ᠪᠠᠨ ᠡᠳᠤᠷ ᠲᠤ 6 ᠯᠠᠩ ᠤᠨ ᠪᠠᠷᠢᠮᠵᠢᠶ᠎ᠠ ᠪᠠᠷ ᠢᠬᠡᠷ᠎ᠡ ᠬᠤᠷᠠᠭ᠎ᠠ ᠲᠠᠢ ᠬᠤᠨᠢᠨ ᠳᠤ ᠪᠠᠨ ᠡᠳᠤᠷ ᠲᠤ | 1 ᠵᠢᠩ 2 ᠯᠠᠩ ᠤᠨ ᠪᠠᠷᠢᠮᠵᠢᠶ᠎ᠠ ᠪᠠᠷ ᠨᠦᠬᠦᠪᠤᠷᠢᠯᠡᠵᠤ᠂ 5 ᠰᠠᠷ᠎ᠠ ᠦᠩᠬᠡᠷᠡᠳᠡᠯᠠ ᠲᠡᠵᠢᠬᠡᠬᠦ ᠶᠤᠮ ᠪᠠᠶᠢᠨ᠎ᠠ᠃ | ᠲᠦᠯ ᠮᠠᠯ ᠳᠤ ᠪᠠᠨ ᠡᠳᠤᠷ ᠲᠤ ᠬᠤᠷᠠᠭ᠎ᠠ ᠪᠦᠷᠢ ᠳᠤ 1 ᠯᠠᠩ ᠪᠤᠷᠳᠤᠭ᠎ᠠ ᠨᠦᠬᠦᠪᠤᠷᠢᠯᠡᠨ᠂ ᠬᠤᠷᠠᠭᠠᠨ ᠤ ᠬᠦᠡᠳᠤ | ᠨᠢ 30 ᠵᠢᠩ ᠬᠦᠷᠬᠦ ᠳᠤ ᠲᠡᠵᠢᠬᠡᠯ ᠤᠨ ᠬᠡᠮᠵᠢᠶ᠎ᠠ ᠶᠢ ᠨᠡᠮᠡᠵᠤ᠂ ᠬᠤᠷᠠᠭ᠎ᠠ ᠪᠦᠷᠢ ᠳᠤ ᠨᠠᠮᠠᠵᠤ᠂ ᠬᠤᠷᠠᠭ᠎ᠠ ᠪᠦᠷᠢ | ᠳᠤ ᠡᠳᠤᠷ ᠲᠤ 3 ᠯᠠᠩ ᠪᠤᠷᠳᠤᠭ᠎ᠠ ᠦᠭᠳᠡᠭ ᠶᠤᠮ ᠪᠠᠶᠢᠨ᠎ᠠ᠃ ᠢᠩᠬᠢᠬᠡᠳ ᠢᠷᠡᠬᠦ ᠳᠤ ᠡᠬᠡ ᠮᠠᠯ ᠤᠨ ᠲᠠᠷᠭᠤ | ᠬᠦᠴᠤ ᠶᠢ ᠪᠠᠳᠤᠯᠠᠵᠤ᠂ ᠬᠤᠷᠠᠭ᠎ᠠ ᠶᠢᠨ ᠪᠤᠶᠢᠵᠢᠯᠳᠠ ᠶᠢᠨ ᠶᠠᠪᠤᠴᠠ ᠳᠤ ᠬᠡᠷᠡᠭᠰᠡᠬᠦ ᠰᠢᠮ᠎ᠠ ᠲᠡᠵᠢᠬᠡᠯ ᠢ ᠬᠠᠩᠭᠠᠵᠤ | ᠴᠢᠳᠠᠳᠠᠭ᠃ | ᠮᠠᠯᠴᠢᠳ ᠢᠶᠠᠨ ᠲᠠᠶᠢᠴᠢᠯᠠᠨ᠂ ᠮᠠᠯ ᠠᠵᠤ ᠠᠬᠤᠢ ᠶᠢᠨ ︽ᠴᠢᠨᠡᠷ ᠰᠠᠶᠢᠳᠡᠢ︾ ᠬᠦᠭᠵᠢᠯᠳᠠ ᠶᠢ ᠠᠬᠢᠭᠤᠯᠪᠠ | ᠯᠢ ᠰᠢᠨ ᠤ ᠤᠷᠢᠶᠠᠩᠬᠠᠨ ᠬᠤᠨᠢᠨ ᠳᠤ ᠪᠠᠨ ᠭᠠᠷ ᠬᠡᠬᠡᠯᠳᠤᠬᠦᠯᠬᠡ ᠬᠢᠵᠤ᠂ ᠢᠬᠡᠷ᠎ᠡ ᠲᠦᠯ ᠲᠤᠰᠤᠭᠰᠡᠨ | ᠠᠮᠵᠢᠯᠳᠠ ᠲᠠᠢ ᠲᠤᠷᠰᠢᠴᠠ ᠨᠢ ᠡᠷᠬᠢᠨ ᠲᠤᠭᠤᠷᠢᠨ ᠤ ᠮᠠᠯᠴᠢᠳ ᠲᠤ ᠪᠠᠨ ᠲᠠᠭᠤᠷᠢᠶᠠᠯ ᠪᠤᠯᠵᠤ᠂ ᠲᠡᠬᠦᠨ ᠠᠴᠠ | ᠲᠤᠷᠰᠢᠯᠭ᠎ᠠ ᠰᠤᠷᠤᠯᠴᠠᠬᠤ ᠮᠠᠯᠴᠢᠳ ᠤᠯᠠᠰᠢᠷᠠᠭᠰᠡᠨ ᠮᠦᠷᠳᠡᠬᠡᠨ ᠬᠤᠨᠢᠨ ᠤ ᠭᠠᠷ ᠬᠡᠬᠡᠯᠳᠤᠬᠦᠯᠬᠡ ᠶᠢ ᠲᠤᠷᠰᠢᠨ | ᠦᠢᠯᠡᠳᠤᠯᠬᠡᠵᠢᠬᠦᠯᠵᠤ ᠮᠡᠳᠡᠭᠳᠡᠮ᠎ᠠ ᠦᠷ᠎ᠡ ᠪᠦᠳᠤᠮᠵᠢ ᠤᠯᠬᠤ ᠪᠤᠯᠤᠯ᠎ᠠ᠃ ᠭᠠᠷ ᠬᠡᠬᠡᠯᠳᠤᠬᠦᠯᠬᠡ ᠬᠢᠬᠦ ᠪᠠᠷ ᠲᠠᠮᠵᠢᠨ᠂ | ᠨᠢᠬᠡ ᠡᠬᠦᠯᠳᠡᠷ ᠰᠠᠶᠢᠳᠡᠢ ᠤᠷᠢᠶᠠᠩᠬᠠᠨ ᠬᠤᠨᠢ ᠠᠴᠠ ᠬᠤᠶᠡᠷ ᠵᠢᠯ ᠳᠤ ᠭᠤᠷᠪᠠ ᠤᠳᠠᠭ᠎ᠠ ᠲᠦᠯ ᠲᠤᠰᠬᠤ ᠪᠤᠯᠤᠮᠵᠢ | ᠲᠠᠢ ᠪᠠᠶᠢᠵᠤ᠂ ᠬᠤᠨᠢ ᠶᠢ ᠡᠷᠳᠡ ᠵᠠᠷᠤᠴᠠᠭᠤᠯᠬᠤ ᠶᠢ ᠪᠦᠳᠤᠮᠵᠢᠳᠡᠢ ᠠᠬᠢᠭᠤᠯᠵᠤ᠂ ᠮᠠᠯᠴᠢᠳ ᠤᠨ ᠤᠷᠤᠯᠭ᠎ᠠ ᠶᠢ | ᠨᠡᠮᠡᠭᠳᠡᠬᠦᠯᠵᠤ᠂ ᠮᠠᠯ ᠠᠵᠤ ᠠᠬᠤᠢ ᠶᠢᠨ ᠴᠢᠨᠡᠷ ᠰᠠᠶᠢᠳᠡᠢ ᠬᠦᠭᠵᠢᠯᠳᠠ ᠶᠢ ᠠᠬᠢᠭᠤᠯᠬᠤ ᠪᠤᠯᠤᠨ᠎ᠠ᠃ |