︽ᠲᠤᠷ᠎ᠠ ᠪᠠᠬ᠎ᠠ᠂ ᠴᠢᠷᠮᠠᠶᠢᠯᠭ᠎ᠠ ᠬᠤᠶᠡᠷ ᠯᠠ ᠲᠡᠬᠦᠨ ᠢ ᠠᠯᠬᠤᠮ ᠲᠠᠪᠰᠢᠭᠤᠯᠤᠭᠰᠡᠨ ᠬᠤᠶᠡᠷ ᠵᠢᠬᠦᠷ ᠨᠢ | ᠪᠤᠯᠤᠭᠰᠡᠨ ᠪᠠᠶᠢᠨ᠎ᠠ︾ ᠡᠨ᠋ᠨ ᠪᠤᠯ ᠴᠸᠡᠭ ᠬᠠᠢ ᠹᠸᠡᠭ ᠤᠨ ᠲᠤᠬᠠᠢ ᠦᠢᠯᠠᠭᠠᠭᠰᠡᠨ ᠲᠦᠷᠦᠭᠳᠡᠯ ᠶᠤᠮ᠃ ︽ | ᠲᠤᠮᠳᠠᠳᠤ ᠤᠯᠤᠰ ᠤᠨ ᠬᠠᠳᠠᠨ ᠵᠢᠷᠤᠭ ᠤᠨ ᠲᠡᠷᠢᠬᠦᠨ ᠤ ᠬᠤᠪᠢ ᠬᠦᠮᠤᠨ︾ ᠵᠡᠷᠬᠡ ᠲᠦᠷᠤ ᠶᠢᠨ ᠢᠷᠠᠭᠤ ᠠᠯᠳᠠᠷ | ᠢ ᠵᠠᠯᠭᠠᠭ᠎ᠠ ᠪᠠᠷ ᠬᠦᠷᠳᠡᠵᠤ ᠶᠠᠪᠤᠭ᠎ᠠ ᠴᠧᠨ ᠬᠠᠢ ᠹᠸᠡᠭ 1963 ᠤᠨ ᠳᠤ ᠠᠪᠠᠭ᠎ᠠ ᠬᠤᠰᠢᠭᠤᠨ ᠳᠤ ᠲᠦᠷᠤᠵᠤ᠂ | 1981 ᠤᠨ ᠳᠤ ︽ᠲᠦᠷᠤ ᠶᠢᠨ ᠪᠤᠳᠤᠯᠭ᠎ᠠ ᠨᠠᠶᠢᠳᠠᠪᠤᠷᠢᠵᠢᠭᠤᠯᠬᠤ︾ ᠬᠠᠷᠠᠭᠠᠯᠵᠠᠯ ᠢᠶᠠᠷ ᠠᠩᠬ᠎ᠠ ᠴᠠᠩᠬᠡᠯᠪᠤᠯᠠᠭ | ᠰᠤᠮᠤᠨ ᠳᠤ ᠤᠯᠤᠰ ᠤᠨ ᠠᠯᠪᠠᠨ ᠳᠤ ᠤᠷᠤᠯᠴᠠᠭᠰᠡᠨ ᠢᠶᠠᠨ ᠮᠠᠯ ᠠᠵᠤ ᠠᠬᠤᠢ ᠶᠢᠨ ᠬᠠᠪᠰᠤᠷᠤᠭᠴᠢ᠂ ᠰᠤᠮᠤᠨ ᠤ | ᠲᠡᠳ᠋ ᠲᠠᠷᠤᠭ᠎ᠠ᠂ ᠰᠤᠮᠤᠨ ᠤ ᠨᠠᠮ ᠤᠨ ᠬᠤᠷᠢᠶᠠᠨ ᠤ ᠱᠦᠵᠢ ᠵᠠᠷᠬᠡ ᠬᠢᠯᠢ ᠨᠤᠳᠤᠭ ᠤᠨ ᠡᠯ᠎ᠠ ᠵᠥᠢᠯ ᠤᠨ ᠠᠵᠢᠯ | ᠤᠨ ᠹᠷᠤᠡᠲ ᠲᠤ ᠬᠤᠷᠢᠭᠠᠳ ᠵᠢᠯ ᠵᠢᠳᠬᠦᠭᠰᠡᠨ ᠢᠶᠠᠨ 2003 ᠤᠨ ᠠᠴᠠ ᠡᠬᠢᠯᠡᠨ ᠠᠪᠠᠭ᠎ᠠ ᠬᠤᠰᠢᠭᠤᠨ ᠤ ᠠᠮᠢ | ᠠᠬᠤᠢ ᠶᠢᠨ ᠬᠠᠮᠠᠭᠠᠯᠠᠯᠳᠠ ᠶᠢᠨ ᠠᠯᠪᠠᠨ ᠬᠡᠷ᠂ ᠬᠤᠰᠢᠭᠤ ᠤᠢ ᠰᠢᠭᠤᠢ ᠶᠢᠨ ᠲᠤᠪᠴᠢᠶ᠎ᠠ ᠵᠡᠷᠬᠡ ᠪᠠᠶᠢᠭᠤᠯᠭ᠎ᠠ | ᠨᠢᠬᠡᠴᠠ ᠪᠠᠷ ᠠᠵᠢᠯᠯᠠᠵᠤ ᠪᠠᠶᠢᠭᠰᠡᠨ ᠢᠶᠠᠨ 2010 ᠤᠨ ᠳᠤ ᠠᠪᠠᠭ᠎ᠠ ᠬᠤᠰᠢᠭᠤᠨ ᠤ ᠮᠦᠽᠸᠢ ᠶᠢᠨ ᠲᠠᠷᠤᠭ᠎ᠠ ᠪᠠᠷ | ᠠᠵᠢᠯᠯᠠᠬᠤ ᠦᠶ᠎ᠠ ᠳᠤ ᠲᠤᠷ᠎ᠠ ᠪᠠᠬ᠎ᠠ ᠨᠢ ᠲᠤᠬᠠᠶᠢᠯᠠᠭᠰᠡᠨ ᠠᠵᠢᠯ ᠲᠠᠢ ᠨᠢ ᠤᠯᠠᠮ ᠦᠢᠷᠠᠳᠤᠭᠰᠡᠨ ᠢᠶᠠᠷ ᠮᠡᠳᠡᠯᠬᠡ | ᠨᠢ ᠨᠡᠮᠡᠭᠳᠡᠨ ᠮᠠᠷᠬᠡᠵᠢᠯ ᠨᠢ ᠤᠯᠠᠮ ᠰᠢᠰᠲ᠋ᠧᠮᠵᠢᠨ ᠲᠡᠬᠦᠯᠳᠡᠷᠵᠢᠭᠰᠡᠨ ᠶᠤᠮ᠃ | ᠠᠩᠬ᠎ᠠ ᠠᠷᠪᠠᠨ ᠨᠠᠢᠮᠠᠳᠡᠢ ᠲᠠᠷᠡ ᠵᠢᠯ ᠨᠢ ᠤᠯᠤᠰ ᠤᠨ ᠠᠯᠪᠠᠨ ᠳᠤ ᠵᠢᠳᠬᠦᠬᠦ ᠨᠠᠡᠳᠢᠨ ᠲᠤᠬᠢᠶᠠᠯ | ᠲᠠᠭᠠᠷᠠᠭᠰᠡᠨ ᠢᠶᠠᠷ ᠴᠧᠨ ᠬᠠᠢ ᠹᠸᠡᠭ ᠶᠡᠭᠡ ᠰᠤᠷᠭᠠᠭᠤᠯᠢ ᠳᠤ ᠰᠢᠯᠭᠠᠭᠤᠯᠤᠭᠰᠡᠨ ᠦᠬᠡᠢ ᠪᠠᠷ ᠬᠢᠯᠢ ᠨᠤᠳᠤᠭ ᠤᠨ | ᠮᠠᠯᠴᠢᠨ ᠲᠦᠮᠡᠨ ᠳᠤ ᠪᠠᠨ ᠦᠢᠯᠡᠴᠢᠯᠡᠬᠦ᠂ ᠦᠨᠢ ᠡᠷᠳᠡᠨ ᠤ ᠬᠦᠮᠤᠨ ᠲᠦᠷᠤᠯᠬᠢᠳᠠᠨ ᠤ ᠰᠤᠶᠤᠯ ᠤᠨ ᠦᠪ ᠢ | ᠬᠠᠳᠠᠭᠠᠯᠠᠭᠰᠡᠨ ᠠᠪᠠᠭ᠎ᠠ ᠨᠤᠳᠤᠭ ᠤᠨ ᠠᠭᠤᠯᠠ ᠬᠠᠶᠢᠷᠬᠠᠨ ᠲᠠᠢ ᠨᠠᠰᠤᠨ ᠲᠤᠷᠰᠢᠳᠠ ︽ᠶᠠᠷᠢᠯᠴᠠᠬᠤ︾ ᠬᠤᠪᠢ | ᠲᠠᠪᠢᠯᠠᠩ ᠲᠠᠯᠪᠢᠭᠳᠠᠵᠠᠢ᠃ ᠲᠤᠬᠠᠢ ᠶᠢᠨ ᠦᠶ᠎ᠠ ᠶᠢᠨ ᠵᠠᠯᠠᠭᠤ ᠨᠠᠰᠤᠨ ᠤ ᠴᠧᠨ ᠬᠠᠢ ᠹᠸᠡᠭ ᠠᠤᠭ᠎ᠠ ᠶᠡᠭᠡ ᠬᠦᠰᠠᠯ | ᠵᠤᠷᠢᠯᠳᠠ ᠪᠠᠶᠢᠭ᠎ᠠ ᠦᠬᠡᠢ᠂ ᠲᠧᠯᠸᠢᠰ ᠷᠡᠳᠢᠤ᠋ ᠴᠤ ᠬᠦᠢᠴᠡᠳ ᠲᠦᠬᠡᠮᠡᠯᠵᠢᠬᠡ ᠦᠬᠡᠢ ᠪᠦᠢᠳᠠ ᠪᠦᠭᠯᠡᠬᠦᠦ ᠬᠦᠳᠡᠭᠡ | ᠨᠤᠳᠤᠭ ᠤᠨ ᠤᠷᠴᠢᠨ ᠠᠬᠤᠢ ᠳᠤ ᠦᠵᠡᠬᠦ ᠰᠤᠨᠤᠰᠬᠤ ᠨᠢ ᠬᠢᠵᠠᠭᠠᠷᠳᠡᠢ ᠪᠠᠶᠢᠭᠰᠡᠨ ᠢᠶᠠᠷ ᠵᠦᠪᠬᠡᠨ ᠬᠠᠶᠠ ᠢᠷᠡᠬᠦ | ᠰᠢᠤᠳᠠᠨ ᠲᠡᠷᠬᠡᠨ ᠠᠴᠠ ᠰᠢᠨ᠎ᠠ ᠰᠡᠪᠡᠬᠦᠨ ᠵᠥᠢᠯ ᠢ ᠰᠤᠨᠤᠰᠴᠤ ᠦᠢᠯᠠᠭᠠᠳᠠᠭ ᠪᠦᠬᠡᠳ ᠵᠠᠯᠠᠭᠤ ᠨᠠᠰᠤᠨ ᠤ | ᠰᠤᠨᠢᠭᠤᠴᠢ ᠵᠠᠩ ᠠᠴᠠ ᠪᠠᠨ ᠪᠤᠯᠵᠤ ᠵᠠᠬᠢᠳᠠᠯ ᠤᠨ ᠲᠤᠭᠳᠤᠢ ᠳᠤ ᠨᠠᠭᠠᠵᠤ ᠪᠠᠶᠢᠭᠰᠡᠨ ᠡᠯ᠎ᠠ ᠵᠥᠢᠯ ᠤᠨ ᠶᠠᠩᠵᠤ | ᠬᠡᠯᠪᠡᠷᠢ ᠲᠠᠢ ᠰᠢᠤᠳᠠᠨ ᠮᠠᠷᠺ ᠢ ᠨᠢ ᠰᠤᠨᠢᠷᠬᠠᠨ ᠭᠠᠶᠢᠬᠠᠵᠤ᠂ ᠲᠡᠬᠦᠨ ᠤ ᠲᠤᠬᠠᠢ ᠠᠰᠠᠭᠤᠨ ᠯᠠᠪᠯᠠᠬᠤ ᠪᠠᠷ ᠲᠠᠮᠵᠢᠨ | ᠮᠠᠷᠺ ᠤᠨ ᠲᠤᠬᠠᠢ ᠤᠯᠠᠨ ᠰᠤᠨᠢᠷᠬᠠᠯᠳᠡᠢ ᠮᠡᠳᠡᠯᠬᠡ ᠨᠤᠭᠤᠳ ᠪᠠᠶᠢᠳᠠᠭ ᠢ ᠮᠠᠳᠠᠵᠤ᠂ ᠰᠢᠤᠳᠠᠨ ᠮᠠᠷᠺ ᠴᠤᠭᠯᠠᠭᠤᠯᠵᠤ | ᠡᠬᠢᠯᠡᠭᠰᠡᠨ ᠶᠤᠮ᠃ ᠢᠩᠬᠢᠬᠡᠳ ᠰᠢᠤᠳᠠᠨ ᠢᠶᠠᠷ ᠢᠷᠡᠭᠰᠡᠨ ᠪᠤᠰᠤᠳ ᠤᠨ ᠵᠠᠬᠢᠳᠡᠯ ᠲᠡᠬᠡᠷᠡᠬᠢ ᠬᠠᠴᠢᠨ ᠰᠤᠨᠢᠷᠬᠠᠯᠳᠡᠢ | ᠮᠠᠷᠺ ᠢ ᠤᠯᠵᠤ ᠦᠵᠡᠪᠡᠯ ᠵᠡᠬᠢᠳᠠᠯ ᠢ ᠨᠢ ᠬᠦᠷᠬᠡᠵᠤ ᠦᠭᠬᠦᠬᠡᠳ ᠡᠵᠡᠨ ᠤ ᠬᠢᠨᠢ ᠵᠦᠪᠰᠢᠶᠠᠷᠠᠯ ᠢᠶᠠᠷ ᠮᠠᠷᠺ ᠢ ᠨᠢ | ᠠᠪᠴᠤ᠂ ᠲᠠᠰᠤᠷᠠᠯᠳᠠ ᠦᠬᠡᠢ ᠮᠡᠳᠡᠯᠬᠡ ᠪᠠᠨ ᠪᠠᠶᠠᠯᠢᠭᠵᠢᠭᠤᠯᠵᠤ ᠶᠠᠪᠤᠵᠠᠢ᠃ ᠬᠡᠪᠡᠴᠤ ᠲᠠᠷᠠ ᠦᠪᠡᠷ ᠤᠨ | ᠰᠤᠷᠤᠭᠰᠡᠨ ᠡᠵᠡᠮᠰᠢᠭᠰᠡᠨ ᠵᠤᠶᠢᠯᠡᠰ ᠬᠢᠵᠠᠭᠠᠷ ᠲᠠᠢ ᠪᠠᠶᠢᠬᠤ ᠪᠠᠨ ᠤᠯᠠᠮ ᠢᠶᠠᠷ ᠰᠠᠷᠠᠵᠤ ᠮᠡᠳᠡᠭᠰᠡᠨ ᠪᠦᠬᠡᠳ ᠦᠶ᠎ᠠ | ᠬᠤᠷᠠᠭ ᠤᠨ ᠬᠦᠮᠤᠰ ᠤᠨ ᠢᠶᠠᠨ ᠶᠡᠭᠡ ᠰᠤᠷᠭᠠᠭᠤᠯᠢ ᠲᠡᠬᠦᠰᠴᠤ ᠦᠯᠠᠮᠵᠢ ᠮᠡᠳᠡᠯᠬᠡ ᠬᠤᠷᠠᠮᠳᠤᠭᠤᠯᠤᠭᠰᠡᠨ ᠢ ᠨᠢ | ᠪᠠᠭ᠋ᠠᠷᠬᠠᠨ ᠪᠢᠰᠢᠷᠠᠬᠦ ᠶᠢᠨ ᠤᠯᠠᠮ ᠠᠴᠠ ᠦᠪᠡᠷᠳᠡᠬᠡᠨ ᠴᠠᠭ ᠦᠶ᠎ᠠ ᠲᠠᠢ ᠵᠡᠷᠬᠡᠴᠠᠨ ᠴᠠᠭ ᠮᠦᠴᠠ ᠶᠢ ᠭᠠᠮᠨᠠᠨ | ᠬᠢᠮᠠᠭᠠᠳᠠᠵᠤ ᠴᠢᠷᠮᠠᠶᠢᠨ ᠰᠤᠷᠤᠯᠴᠠᠵᠤ ᠢᠷᠡᠭᠰᠡᠨ ᠪᠢᠯᠡ᠃ ᠠᠩᠬ᠎ᠠ ᠠᠵᠢᠯ ᠳᠤ ᠤᠷᠤᠯᠴᠠᠬᠤ ᠳᠤ ᠪᠠᠨ ᠭᠤᠴᠢᠭᠠᠳ | ᠲᠦᠬᠦᠷᠢᠭ ᠤᠨ ᠴᠠᠯᠢᠩ ᠤᠯᠵᠤ ᠪᠠᠶᠢᠭᠰᠡᠨ ᠴᠤ 1984 ᠤᠨ ᠳᠤ ᠬᠤᠶᠡᠷ ᠰᠠᠷ᠎ᠠ ᠶᠢᠨ ᠴᠠᠯᠢᠩ ᠢᠶᠠᠨ | ᠵᠠᠷᠤᠴᠠᠭᠤᠯᠵᠤ ᠪᠠᠶᠢᠭᠠᠳ ᠲᠠᠯᠠᠨ ᠲᠦᠬᠦᠷᠢᠭ ᠢᠶᠠᠷ ᠨᠢᠬᠡᠨ ᠢᠵᠢ ᠪᠦᠷᠢᠳᠦᠭᠰᠡᠨ ᠮᠠᠷᠺ ᠬᠤᠳᠠᠯᠳᠤᠨ ᠠᠪᠤᠭᠰᠡᠨ ᠨᠢ | ᠲᠤᠷᠠᠳᠡᠢ ᠵᠥᠢᠯ ᠳᠤ ᠪᠠᠨ ᠮᠦᠩᠬᠦ ᠬᠠᠶᠢᠷᠠᠯᠠᠬᠤ ᠦᠬᠡᠢ᠂ ᠵᠤᠷᠢᠭᠰᠡᠨ ᠵᠤᠶᠢᠯ ᠳᠤ ᠪᠠᠨ ᠰᠡᠳᠬᠢᠯ ᠰᠢᠭᠤᠳᠬᠤ ᠪᠠᠷ | ᠵᠤᠷᠢᠭ ᠰᠢᠢᠳᠦᠭᠰᠡᠨ ᠢ ᠬᠠᠷᠠᠭᠤᠯᠤᠨ᠎ᠠ᠃ | ᠴᠧᠨ ᠬᠠᠢ ᠹᠸᠡᠭ ᠴᠠᠩᠬᠡᠯᠪᠤᠯᠠᠭ ᠰᠤᠮᠤᠨ ᠳᠤ ᠠᠵᠢᠯᠯᠠᠵᠤ ᠪᠠᠶᠢᠬᠤ ᠳᠤ ᠪᠠᠨ ᠬᠦᠳᠡᠭᠡ ᠬᠡᠬᠡᠷ᠎ᠠ ᠶᠠᠪᠤᠬᠤ | ᠲᠠᠰᠢᠷᠠᠮ ᠶᠠᠩᠵᠤ ᠬᠡᠯᠪᠡᠷᠢ ᠨᠢ ᠰᠤᠨᠢᠷᠭᠠᠯᠳᠡᠢ ᠬᠠᠴᠢᠨ ᠰᠤᠨᠢᠨ ᠤᠯᠠᠨ ᠴᠢᠯᠠᠭᠤ ᠲᠡᠭᠠᠷᠠᠳᠠᠭ ᠢ ᠰᠤᠨᠢᠷᠬᠠᠨ | ᠴᠤᠭᠯᠠᠭᠤᠯᠬᠤ ᠶᠢᠨ ᠲᠠᠭᠠᠤ ᠨᠢᠭᠳᠠᠯᠠᠨ ᠰᠤᠳᠤᠯᠵᠤ ᠡᠬᠢᠯᠡᠭᠰᠡᠨ ᠪᠤᠯᠪᠠᠴᠤ ᠬᠦᠢᠴᠡᠳ ᠦᠢᠯᠠᠭᠠᠵᠤ ᠴᠢᠳᠠᠭ᠎ᠠ ᠦᠬᠡᠢ᠃ | ᠬᠠᠵᠠᠭᠤ ᠬᠠᠪᠢ ᠳᠤ ᠨᠢ ᠠᠰᠭᠤᠵᠤ ᠯᠠᠪᠯᠠᠮᠠᠷ ᠬᠦᠮᠤᠨ ᠴᠤ ᠦᠬᠡᠢ᠂ ᠠᠷᠭ᠎ᠠ ᠪᠠᠨ ᠪᠠᠷᠠᠬᠤ ᠳᠤ ᠪᠠᠨ ︽ᠦᠪᠤᠷ | ᠮᠤᠩᠭᠤᠯ ᠤᠨ ᠡᠳᠤᠷ ᠤᠨ ᠰᠤᠨᠢᠨ︾ ᠂ ︽ ᠦᠪᠤᠷ ᠮᠤᠩᠭᠤᠯ ᠤᠨ ᠵᠠᠯᠠᠭᠤᠴᠤᠳ︾᠂ ︽ᠱᠠᠡᠰᠢ ᠶᠢᠨ | ᠵᠠᠯᠠᠭᠤᠴᠤᠳ︾᠂ ︽ᠰᠢᠤᠳᠠᠨ ᠮᠠᠷᠺ ᠤᠨ ᠴᠤᠭᠯᠠᠭᠤᠯᠭ᠎ᠠ︾ ᠵᠡᠷᠬᠡ ᠤᠷᠤᠨ ᠤ ᠲᠤᠳᠤᠨ᠎ᠠ ᠭᠠᠳᠠᠨ᠎ᠠ ᠶᠢᠨ ᠲᠤᠰᠬᠠᠢ | ᠰᠤᠨᠢᠨ ᠰᠡᠳᠬᠢᠯ ᠵᠠᠬᠢᠶᠠᠯᠠᠨ ᠮᠡᠳᠡᠯᠬᠡ ᠶᠢᠨ ᠬᠦᠷᠢᠶ᠎ᠠ ᠬᠡᠪᠴᠢᠶ᠎ᠠ ᠪᠠᠨ ᠲᠠᠰᠤᠷᠠᠯᠳᠠ ᠦᠬᠡᠢ ᠦᠷᠬᠡᠵᠢᠬᠦᠯᠤᠬᠡᠳ ᠢᠷᠡᠬᠦ | ᠳᠤ ᠡᠳᠡᠬᠡᠷ ᠴᠢᠯᠠᠭᠤᠳ ᠪᠤᠯ ᠪᠠᠯᠠᠷ ᠡᠷᠳᠡᠨ ᠤ ᠦᠶ᠎ᠠ ᠶᠢᠨ ᠴᠢᠯᠠᠭᠤᠨ ᠨᠦᠳᠤᠬᠦᠷ᠂ ᠴᠢᠯᠠᠭᠤᠨ ᠲᠡᠬᠡᠷᠮᠠ ᠰᠢᠳᠠᠮ | ᠪᠤᠯᠬᠤ ᠶᠢ ᠠᠩᠬ᠎ᠠ ᠠᠯᠬᠤᠮ ᠦᠢᠯᠠᠭᠠᠭᠰᠡᠨ ᠪᠠᠶᠢᠨ᠎ᠠ᠃ ᠢᠩᠬᠢᠬᠡᠳ ᠯᠠ ᠲᠡᠳᠡᠬᠡᠷ ︽ᠴᠢᠯᠠᠭᠤᠳ︾ ᠲᠤ ᠤᠯᠠᠮ | ᠰᠤᠨᠢᠷᠬᠠᠯ ᠲᠠᠢ ᠪᠤᠯᠵᠤ᠂ ︽ᠰᠠᠯᠵᠤ︾ ᠲᠠᠶᠢᠯᠬᠦ ᠦᠬᠡᠢ ᠬᠡᠮᠵᠢᠶᠠᠨ ᠳᠤ ᠬᠦᠷᠴᠤ᠂ ᠰᠤᠳᠤᠯᠭ᠎ᠠ ᠪᠠᠨ | ᠡᠬᠢᠯᠡᠬᠦᠯᠦᠭᠰᠡᠨ ᠪᠢᠯᠠ᠃ ᠮᠦᠡᠴᠤ ᠦᠪᠡᠷ ᠤᠨ ᠬᠡᠷ ᠤᠨ ᠢᠶᠠᠨ ᠦᠢᠷᠠᠬᠠᠨ ᠴᠢᠯᠠᠭᠤᠨ ᠵᠠᠬᠦᠦ᠂ ᠴᠢᠯᠠᠭᠤᠨ ᠰᠢᠪᠦᠭᠡ | ᠵᠡᠷᠬᠡ ᠨᠠᠯᠢᠶᠠᠳ ᠤᠯᠠᠨ ︽ᠴᠢᠯᠠᠭᠤᠨ ᠡᠷᠳᠡᠨᠢ︾ ᠢᠯᠡᠷᠡᠬᠦᠯᠦᠭᠰᠡᠨ ᠢᠶᠠᠨ ᠰᠤᠨᠢᠷᠬᠠᠨ ᠭᠠᠶᠢᠬᠠᠬᠤ ᠶᠢᠨ ᠵᠠᠷᠬᠡᠴᠡᠭᠡ | ᠪᠠᠶᠠᠷᠯᠠᠨ ᠲᠤᠭᠳᠤᠯᠵᠤ᠂ ᠲᠡᠳᠡᠬᠡᠷ ᠡᠷᠳᠡᠨᠢ ᠶᠢᠨ ᠵᠥᠢᠯᠡᠰ ᠤᠨ ᠢᠶᠠᠨ ᠦᠨ᠎ᠠ ᠦᠷᠳᠡᠭ᠂ ᠴᠠᠭ ᠬᠤᠭᠤᠴᠠᠭ᠎ᠠ᠂ | ᠦᠢᠯᠡᠳᠤᠯ ᠴᠢᠳᠠᠪᠬᠢ ᠶᠢ ᠨᠤᠮ ᠰᠡᠳᠬᠢᠯ᠂ ᠰᠦᠯᠵᠢᠶ᠎ᠠ ᠴᠡᠬᠢᠮ ᠵᠡᠷᠬᠡ ᠰᠢᠨ᠎ᠠ ᠴᠠᠭ ᠤᠨ ᠵᠠᠭᠤᠴᠢᠯᠠᠭᠤᠷ ᠠᠴᠠ | ᠦᠢᠯᠠᠭᠠᠨ ᠰᠤᠷᠤᠯᠴᠠᠵᠤ᠂ ᠰᠦᠯᠵᠢᠶᠠᠨ ᠠᠴᠠ ︽ᠲᠤᠮᠳᠠᠳᠤ ᠤᠯᠤᠰ ᠤᠨ ᠴᠢᠯᠠᠭᠤᠨ ᠵᠠᠪᠰᠡᠭ ᠤᠨ ᠰᠤᠳᠤᠯᠤᠯᠳᠠ︾ | ᠬᠡᠳᠡᠭ ᠨᠤᠮ ᠢ ᠵᠢᠷᠤᠭ ᠰᠠᠬᠦᠳᠡᠷ ᠲᠠᠢ ᠨᠢ 1700 ᠭᠠᠷᠤᠢ ᠨᠢᠭᠤᠷ ᠪᠠᠭᠤᠯᠭᠠᠨ᠂ ᠵᠤᠪ ᠵᠤᠵᠠᠭᠠᠨ ᠨᠠᠢᠮᠠᠨ ᠲᠠᠪᠳᠡᠷ | ᠨᠤᠮ ᠪᠤᠯᠭᠠᠵᠤ ᠭᠠᠷ ᠠᠪᠤᠯᠭ᠎ᠠ ᠪᠤᠯᠭᠠᠭᠰᠡᠨ ᠪᠠᠶᠢᠯ᠎ᠠ᠃ ᠮᠡᠳᠡᠯᠬᠡ ᠶᠢᠨ ᠬᠤᠷᠠᠮᠳᠤᠯ ᠢ ᠲᠠᠭᠠᠯᠳᠤᠨ ᠬᠠᠷᠠᠭ᠎ᠠ | ᠰᠡᠳᠬᠢᠬᠦᠢ ᠨᠢ ᠦᠷᠬᠡᠵᠢᠨ᠂ ᠰᠤᠳᠤᠯᠭᠠᠨ ᠤ ᠦᠷ᠎ᠠ ᠪᠦᠳᠤᠬᠡᠯ ᠨᠢ ᠴᠤ ᠮᠡᠳᠡᠭᠳᠡᠬᠦᠶᠢᠴᠠ ᠵᠤᠵᠠᠭᠠᠷᠠᠭᠰᠡᠨ ᠶᠤᠮ᠃ | ᠴᠧᠨ ᠬᠠᠢ ᠹᠸᠡᠭ ᠴᠢᠯᠠᠭᠤᠨ ᠵᠠᠪᠰᠡᠭ ᠲᠤ ᠲᠤᠷ᠎ᠠ ᠪᠠᠭ᠋ᠠᠳᠡᠢ ᠪᠠᠶᠢᠭᠰᠡᠨ ᠤ ᠤᠯᠠᠮ ᠠᠴᠠ ᠬᠠᠳᠠᠨ ᠵᠢᠷᠤᠭ ᠲᠤ ᠴᠤ | ᠰᠤᠨᠢᠷᠬᠠᠯ ᠲᠠᠢ ᠪᠤᠯᠵᠤ᠂ ᠠᠪᠠᠭ᠎ᠠ ᠨᠤᠳᠤᠭ ᠤᠨ ᠬᠠᠳᠠᠨ ᠵᠢᠷᠤᠭ ᠨᠢ ᠰᠦᠨᠢᠳ ᠨᠤᠳᠤᠭ ᠤᠨ ᠬᠠᠳᠠᠨ ᠵᠢᠷᠤᠭ ᠠᠴᠠ | ᠨᠠᠩ ᠡᠷᠳᠡᠨ ᠤ ᠪᠤᠯᠬᠤ ᠶᠢ ᠮᠠᠭᠠᠳᠯᠠᠨ ᠲᠦᠰᠤᠪᠯᠡᠭᠰᠡᠨ ᠪᠦᠬᠡᠳ ᠶᠠᠬᠡᠭᠤᠤᠯ ᠰᠤᠮᠤᠨ ᠤ ᠠᠯᠳᠠᠡᠭᠠᠳᠠᠰᠤ ᠭᠠᠴᠠᠭᠠᠨ | ᠤ ︽ᠪᠠᠶᠢᠰᠢᠩᠳᠤ ᠶᠢᠨ ᠬᠠᠳᠠᠨ ᠵᠢᠷᠤᠭ ᠤᠨ ᠴᠤᠭᠯᠠᠷᠠᠯ︾ ᠨᠢ ᠲᠦᠯᠤᠬᠡᠯᠡᠬᠦ ᠴᠢᠨᠡᠷ ᠢᠶᠠᠷ ᠶᠡᠭᠡ᠂ ᠪᠦᠷᠬᠦᠴᠠ ᠶᠢᠨ | ᠠᠭᠤᠯᠭ᠎ᠠ ᠨᠢ ᠪᠠᠶᠠᠯᠢᠭ ᠵᠡᠷᠬᠡ ᠶᠢ ᠮᠡᠳᠡᠵᠤ᠂ ᠲᠤᠰ ᠭᠠᠵᠡᠷ ᠶᠡᠭᠡ ᠬᠡᠮᠵᠢᠶᠠᠨ ᠤ ᠴᠢᠯᠠᠭᠤᠨ ᠵᠠᠪᠰᠡᠭ ᠪᠠᠶᠢᠭᠰᠡᠨ ᠢ | ᠦᠢᠯᠠᠭᠠᠭᠰᠡᠨ ᠤ ᠬᠠᠮᠳᠤ ᠲᠡᠳᠡᠬᠡᠷ ︽ᠴᠢᠯᠠᠭᠤᠳ︾ ᠢ ᠲᠦᠢᠯ ᠤᠨ ᠨᠠᠷᠢᠨ ᠰᠤᠳᠤᠯᠵᠤ ᠨᠢᠮᠪᠠᠢ ᠰᠢᠡᠵᠢᠯᠡᠨ ᠲᠠᠳᠠᠨ | ᠤ ᠴᠠᠭ ᠬᠤᠭᠤᠴᠠᠭ᠎ᠠ ᠶᠢ ᠲᠤᠭᠳᠠᠭᠠᠬᠤ ᠪᠠᠷ ᠴᠢᠷᠮᠠᠶᠢᠨ ᠠᠵᠢᠯᠯᠠᠭᠰᠡᠨ ᠢᠶᠠᠷ ᠬᠠᠳᠠᠨ ᠵᠢᠷᠤᠭ ᠤᠳ ᠤᠨ ᠡᠬᠦᠰᠴᠤ | ᠪᠤᠢ ᠪᠤᠯᠤᠭᠰᠡᠨ ᠴᠠᠭ ᠬᠤᠭᠤᠴᠠᠭ᠎ᠠ ᠵᠢᠴᠢ ᠡᠨ᠋ᠨ ᠤᠷᠴᠢᠨ ᠳᠤ ᠬᠢ ᠡᠷᠳᠡᠨ ᠤ ᠬᠦᠮᠤᠨ ᠲᠦᠷᠤᠯᠬᠢᠳᠠᠨ ᠤ ᠤᠷᠤᠰᠢᠨ | ᠠᠮᠢᠳᠤᠷᠠᠵᠤ ᠪᠠᠶᠢᠭᠰᠡᠨ ᠤ ᠲᠤᠬᠠᠢ ᠵᠤᠬᠢᠬᠤ ᠠᠩᠬᠠᠨ ᠤ ᠰᠤᠷᠠᠭ ᠵᠠᠩᠬᠢ ᠶᠢ ᠤᠯᠵᠤ ᠮᠡᠳᠡᠭᠰᠡᠨ ᠪᠠᠶᠢᠨ᠎ᠠ᠃ | ᠪᠠᠭ᠎ᠠ ᠵᠠᠯᠠᠭᠤ ᠨᠠᠰᠤᠨ ᠠᠴᠠ ᠪᠠᠨ ᠲᠡᠤᠬᠡᠨ ᠳᠤ ᠶᠡᠭᠡ ᠲᠤᠷᠡᠳᠡᠢ ᠪᠦᠬᠡᠳ ᠰᠤᠨᠢᠭᠤᠴᠢ ᠰᠡᠳᠬᠢᠯᠬᠡ ᠶᠢᠨ | ᠤᠯᠠᠮ ᠠᠴᠠ ᠪᠠᠶᠢᠭᠠᠯᠢ ᠶᠢᠷᠳᠢᠡᠴᠤ ᠶᠢᠨ ᠬᠠᠴᠢᠨ ᠰᠤᠨᠢᠨ ᠬᠠᠳᠠ ᠴᠢᠯᠠᠭᠤᠨ ᠤ ᠨᠢᠭᠤᠴᠠ ᠶᠢ ᠲᠠᠶᠢᠯᠬᠤ ᠪᠠᠷ | ᠴᠢᠷᠮᠠᠶᠢᠨ ᠰᠤᠷᠤᠯᠴᠠᠵᠤ ᠶᠠᠪᠤᠭᠰᠡᠨ ᠴᠤ ᠬᠠᠶᠠ ︽ᠮᠤᠬᠤᠷᠳᠠᠯ︾ ᠳᠤ ᠲᠤᠯᠭᠠᠷᠠᠨ᠂ ᠮᠤᠬᠤᠷᠳᠠᠯ ᠠᠴᠠ ᠪᠠᠨ | ᠭᠠᠷᠴᠤ ᠴᠢᠳᠠᠬᠤ ᠦᠬᠡᠢ ᠭᠠᠴᠢᠭᠳᠠᠵᠤ ᠪᠠᠶᠢᠭᠰᠡᠨ ᠴᠤ ᠵᠤᠷᠢᠭ ᠰᠢᠡᠳᠡᠷᠡᠯ ᠦᠬᠡᠢ ︽ᠴᠢᠯᠠᠭᠤᠨ ᠵᠠᠪᠰᠡᠭ᠂ ᠬᠠᠳᠠᠨ | ᠵᠢᠷᠤᠭ ᠬᠡᠵᠢᠶ᠎ᠠ ᠪᠤᠢ ᠪᠤᠯᠤᠯ᠎ᠠ︾ ᠬᠡᠳᠡᠭ ᠦᠨᠢ ᠡᠷᠳᠡᠨ ᠤ ᠪᠠᠯᠠᠷ ᠲᠡᠤᠬᠡ ᠶᠢᠨ ᠲᠤᠬᠠᠢ ᠬᠠᠯᠠᠰᠢᠷᠠᠯ ᠦᠬᠡᠢ | ᠰᠤᠳᠤᠯᠬᠤ ᠪᠠᠷ ᠲᠠᠮᠵᠢᠨ ᠭᠠᠵᠡᠷ ᠤᠨ ᠪᠦᠮᠪᠤᠷᠴᠡᠭ ᠲᠡᠬᠡᠷᠡᠬᠢ ᠬᠠᠳᠠ ᠶᠢ ᠭᠠᠯᠳᠤ ᠠᠭᠤᠯᠠ ᠶᠢᠨ ᠲᠠᠯᠪᠡᠷᠡᠯᠳᠡ ᠠᠴᠠ | ᠡᠬᠦᠰᠦᠭᠰᠡᠨ ᠬᠠᠳᠠ᠂ ᠰᠢᠡᠵᠢ ᠴᠢᠨᠡᠷ ᠨᠢ ᠬᠤᠪᠢᠷᠠᠭᠰᠡᠨ ᠬᠠᠳᠠ᠂ ᠤᠳᠠᠭᠠᠨ ᠤᠨ ᠲᠠᠷᠤᠰᠢᠭᠤᠯᠤᠭᠰᠡᠨ ᠬᠠᠳᠠ | ᠵᠡᠷᠬᠡ ᠭᠤᠷᠪᠡᠨ ᠶᠡᠭᠡ ᠲᠦᠷᠤᠯ ᠳᠤ ᠬᠤᠪᠢᠶᠠᠳᠠᠭ ᠪᠠ ᠬᠠᠳᠠᠨ ᠵᠢᠷᠤᠭ ᠢ ᠠᠭᠤᠯᠭ᠎ᠠ᠂ ᠬᠡᠯᠪᠡᠷᠢ ᠶᠢ ᠦᠡᠳᠤᠰᠤᠯᠡᠨ᠂ | ᠬᠠᠳᠠᠨ ᠵᠢᠷᠤᠭ ᠢ ᠦᠷᠤᠵᠤ ᠭᠠᠷᠭᠠᠭᠰᠡᠨ ᠦᠢᠯᠡᠳᠪᠤᠷᠢᠯᠡᠯ ᠤᠨ ᠪᠠᠭᠠᠵᠢ ᠶᠢᠨ ᠰᠢᠨᠠᠴᠢᠯᠠᠯᠳᠠ ︵ᠲᠠᠷᠤᠢ ᠴᠢᠯᠠᠭᠤᠨ | ᠵᠠᠪᠰᠡᠭ᠂ ᠬᠦᠷᠡᠯ ᠵᠠᠪᠰᠡᠭ᠂ ᠲᠠᠮᠤᠷ ᠵᠠᠪᠰᠡᠭ︶ ᠵᠡᠷᠬᠡ ᠪᠠᠷ ᠬᠠᠳᠠᠨ ᠵᠢᠷᠤᠭ ᠤᠨ ᠤᠨ ᠴᠠᠭ ᠢ ᠲᠤᠭᠳᠠᠭᠠᠵᠤ ᠪᠤᠯᠬᠤ | ᠶᠢ ᠠᠩᠬ᠎ᠠ ᠦᠢᠯᠠᠭᠠᠵᠤ ᠮᠡᠳᠡᠭᠰᠡᠨ ᠪᠠᠶᠢᠯ᠎ᠠ᠃ ᠬᠡᠴᠢᠨᠡᠨ ᠮᠢᠩᠭ᠎ᠠ ᠲᠦᠮᠡᠨ ᠵᠢᠯ ᠤᠨ ᠡᠮᠤᠨ᠎ᠠ ᠴᠤ ᠬᠦᠮᠤᠨ | ᠲᠦᠷᠤᠯᠬᠢᠳᠡᠨ ᠤᠷᠤᠰᠢᠨ ᠠᠮᠢᠳᠤᠷᠡᠵᠤ ᠠᠭᠰᠠᠨ ᠠᠪᠠᠭ᠎ᠠ ᠨᠤᠳᠤᠭ ᠨᠢ ᠪᠠᠯᠠᠷ ᠡᠷᠳᠡᠨ ᠤ ᠬᠦᠮᠤᠰ ᠤᠨ ᠠᠮᠢᠳᠤᠷᠡᠵᠤ | ᠶᠠᠪᠤᠭᠰᠡᠨ ᠤᠯᠠ ᠮᠦᠷ ᠪᠠ ᠬᠡᠷᠡᠭᠯᠡᠨ ᠦᠯᠡᠳᠡᠬᠡᠭᠰᠡᠨ ᠴᠢᠯᠠᠭᠤᠨ ᠵᠠᠪᠰᠡᠭ ᠤᠳ ᠤᠯᠠᠨ ᠪᠠᠶᠢᠭᠰᠡᠨ ᠴᠤ ᠲᠡᠳᠡᠬᠡᠷ ᠤᠨ | ᠤᠨ ᠴᠠᠭ ᠢ ᠲᠤᠳᠤᠯᠠᠬᠤ᠂ ᠶᠠᠮᠠᠷ ᠬᠦᠮᠤᠨ ᠬᠠᠮᠢᠭ᠎ᠠ ᠠᠴᠠ ᠢᠷᠡᠬᠡᠳ ᠬᠠᠮᠢᠭᠠᠰᠢ ᠤᠳᠤᠭᠰᠡᠨ ᠵᠡᠷᠬᠡ ᠶᠢ ᠢᠯᠭᠠᠨ | ᠲᠤᠳᠤᠯᠠᠬᠤ ᠳᠤ ᠨᠦᠷᠢ ᠶᠡᠭᠡ ᠬᠦᠳᠡᠯᠮᠤᠷᠢ ᠱᠠᠭᠠᠷᠳᠠᠭᠳᠠᠬᠤ ᠨᠢ ᠲᠠᠮᠵᠢᠭ ᠦᠬᠡᠢ᠃ | ᠴᠧᠨ ᠬᠠᠢ ᠹᠸᠡᠭ ᠨᠦᠬᠦᠷ 2006 ᠤᠨ ᠳᠤ ᠠᠪᠠᠭ᠎ᠠ ᠮᠦᠽᠸᠢ ᠳᠤ ᠠᠵᠢᠯᠯᠠᠭᠰᠡᠨ ᠠᠴᠠ ᠡᠬᠢᠯᠡᠨ | ᠠᠪᠢᠶᠠᠰ ᠴᠢᠳᠠᠪᠤᠷᠢ ᠪᠠᠨ ᠬᠦᠢᠴᠡᠳ ᠪᠠᠳᠠᠷᠠᠭᠤᠯᠵᠤ᠂ ᠲᠤᠬᠠᠶᠢᠯᠠᠭᠰᠡᠨ ᠠᠵᠢᠯ ᠤᠨ ᠲᠤᠷ᠎ᠠ ᠪᠠᠬ᠎ᠠ ᠪᠠ ᠤᠬᠠᠭᠠᠨ ᠢ | ᠨᠢ ᠤᠯᠬᠤ ᠠᠴᠠ ᠨᠠᠰᠢ ᠤᠬᠤᠷᠢᠵᠤ ᠪᠤᠴᠠᠳᠠᠭ ᠦᠬᠡᠢ ︽ᠵᠦᠷᠢᠬᠦᠳ︾ ᠵᠠᠩ ᠠᠴᠠ ᠪᠤᠯᠵᠤ᠂ ᠠᠪᠠᠭ᠎ᠠ ᠬᠤᠰᠢᠭᠤᠨ | ᠤ ᠬᠡᠪᠴᠢᠶᠠᠨ ᠳᠠᠬᠢ ᠪᠠᠶᠢᠰᠢᠩᠳᠤ ᠶᠢᠨ ᠬᠠᠳᠠᠨ ᠵᠢᠷᠤᠭ᠂ ᠪᠠᠶᠠᠡᠬᠤᠰᠢᠭᠤ ᠶᠢᠨ ᠬᠠᠳᠠᠨ ᠵᠢᠷᠤᠭ᠂ ᠬᠤᠷᠭᠤ ᠠᠭᠤᠯᠠ | ᠶᠢᠨ ᠬᠠᠳᠠᠨ ᠵᠢᠷᠤᠭ ᠵᠡᠷᠬᠡ 18 ᠴᠢᠭ ᠤᠨ ᠬᠠᠳᠠᠨ ᠵᠢᠷᠤᠭ ᠢ ᠢᠯᠡᠷᠡᠬᠦᠯᠤᠨ ᠭᠠᠷᠭᠠᠵᠤ᠂ ᠦᠪᠡᠷᠳᠡᠬᠡᠨ ᠵᠠᠰᠠᠬᠤ | ᠤᠷᠤᠨ ᠤ ᠬᠠᠭᠤᠴᠢ ᠰᠤᠳᠤᠯᠭᠠᠨ ᠤ ᠬᠠᠮᠢᠶᠠᠷᠤᠯᠳᠠ ᠶᠢᠨ ᠲᠤᠪᠴᠢᠶᠠᠨ ᠳᠤ ᠮᠠᠳᠡᠬᠦᠯᠤᠨ᠂ ᠤᠷᠤᠨ ᠤ ᠲᠠᠰ ᠤᠨ | ᠲᠡᠤᠬᠡᠨ ᠲᠤᠷᠠᠰᠬᠠᠯᠳᠤ ᠵᠥᠢᠯᠡᠰ ᠤᠨ ᠬᠠᠮᠠᠭᠠᠯᠠᠯᠳᠠ ᠶᠢᠨ ᠨᠢᠬᠡᠴᠠ ᠪᠤᠯᠭᠠᠭᠰᠡᠨ ᠢᠶᠠᠷ ᠨᠠᠶᠢᠬᠡᠮ ᠤᠨ ᠡᠯ᠎ᠠ ᠡᠳᠡᠬᠡᠳ | ᠤᠨ ᠦᠡᠳᠤᠷ ᠦᠨᠡᠯᠡᠯᠳᠡ ᠶᠢ ᠤᠯᠤᠭᠰᠡᠨ ᠪᠠᠶᠢᠨ᠎ᠠ᠃ ᠲᠠᠷᠡ ᠪᠦᠬᠦᠨ ᠨᠢ ᠠᠮᠠᠷᠬᠠᠨ ᠢᠷᠡᠭᠰᠡᠨ ᠪᠢᠰᠢ ᠬᠠᠷᠢᠨ | ᠤᠷᠳᠤ ᠬᠤᠭᠤᠴᠠᠭᠠᠨ ᠤ ︽ᠲᠤᠰᠤᠯ ᠢ ᠬᠤᠷᠢᠶᠠᠪᠠᠯ ᠲᠠᠯᠠᠢ ᠪᠤᠯᠳᠠᠭ᠂ ᠲᠤᠭᠤᠯᠤᠭᠰᠡᠨ ᠢ ᠬᠤᠷᠢᠶᠠᠪᠠᠯ ᠡᠷᠳᠡᠮ | ᠪᠤᠯᠳᠠᠭ︾ ᠤᠨ ᠵᠢᠮ᠎ᠠ ᠪᠠᠷ ᠪᠤᠯᠤᠭᠰᠡᠨ ᠬᠡᠳᠡᠭ ᠢ ᠪᠢᠳᠠ ᠪᠦᠬᠦᠨ ᠦᠢᠯᠠᠭᠠᠬᠤ ᠶᠤᠰᠤᠳᠡᠢ ᠶᠤᠮᠰᠠᠨ᠃ | |