ᠡᠬᠡᠯ ᠮᠠᠯᠴᠢᠨ ᠤ ᠡᠷᠬᠢᠮᠰᠦᠭ ᠦᠢᠯᠡ ᠠᠴᠠ ᠶᠡᠭᠡ ᠬᠠᠶᠢᠷ᠎ᠠ ᠤᠡᠳᠤᠷᠤᠨ᠎ᠠ
ᠨᠡᠶᠢᠲᠡᠯᠡᠭᠰᠡᠨ ᠴᠠᠭ᠄
2024/3/6
     ᠨᠠᠷᠠᠡᠪᠤᠯᠠᠭ ᠰᠤᠮᠤᠨ ᠤ ᠦᠷᠬᠡᠨᠳᠡᠯ᠎ᠠ ᠭᠠᠴᠠᠭᠠᠨ ᠤ ᠮᠠᠯᠴᠢᠨ ᠰᠤ᠋ ᠮᠢᠩ ᠭᠤᠸᠠᠩ ᠪᠤᠯ ᠠᠪᠠᠭ᠎ᠠ ᠬᠤᠰᠢᠭᠤᠨ  ᠤ ᠤᠯᠤᠰ ᠲᠦᠷᠤ ᠶᠢᠨ ᠵᠦᠪᠯᠡᠯᠬᠡᠨ ᠤ ᠬᠡᠰᠢᠬᠦᠨ ᠪᠢᠯᠠ᠃ ᠡᠳᠡᠨᠢᠢᠬᠡᠨ ᠰᠤᠮᠤᠨ ᠠᠴᠠ ᠪᠠᠨ 40 ᠭᠠᠷᠤᠢ ᠺᠢᠯᠤᠮᠧᠲᠷ ᠵᠠᠶᠢᠳᠡᠢ ᠠᠵᠤ ᠲᠦᠷᠤᠵᠤ ᠪᠠᠶᠢᠳᠠᠭ᠃      ᠠᠶᠠᠯᠠᠯ ᠵᠠᠮ ᠤᠨ ᠠᠮᠤᠷ ᠲᠦᠪᠰᠢᠨ ᠳᠤ ᠵᠤᠷᠢᠭᠤᠯᠤᠭᠰᠡᠨ ᠦᠭᠬᠢᠶᠠᠮᠤᠷᠴᠢ ᠰᠡᠳᠬᠢᠯ      ᠰᠤ᠋ ᠮᠢᠩ ᠭᠤᠸᠠᠩ ᠤᠨ ᠬᠡᠷ ᠠᠴᠠ ᠦᠢᠷᠠᠬᠠᠨ ᠨᠢᠬᠡ ᠰᠠᠯᠬᠢᠨ ᠤ ᠠᠮᠠ ᠪᠠᠶᠢᠵᠤ᠂ ᠡᠪᠤᠯ ᠴᠠᠰᠤ ᠤᠷᠤᠭᠰᠠᠭᠠᠷ ᠯᠠ ᠴᠠᠰᠤ ᠶᠡᠭᠡ ᠬᠦᠷᠯᠠᠵᠤ ᠵᠠᠮ ᠲᠦᠭᠵᠢᠷᠠᠨ᠂ ᠲᠡᠷᠬᠡ ᠤᠨᠤᠭ᠎ᠠ ᠨᠠᠪᠳᠠᠷᠡᠬᠦ ᠶᠢᠨ ᠠᠷᠭ᠎ᠠ ᠦᠬᠡᠢ ᠪᠤᠯᠳᠠᠭ᠃2023 ᠤᠨ ᠤ ᠡᠪᠤᠯ ᠠᠴᠠ ᠨᠠᠰᠢ᠂ ᠰᠤᠮᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ ᠤᠯᠠᠨ ᠤᠳᠠᠭ᠎ᠠ ᠬᠦᠮᠤᠨ ᠤ ᠬᠦᠴᠤ᠂ ᠲᠡᠷᠬᠡ ᠮᠠᠰᠢᠨ ᠲᠤᠮᠢᠯᠠᠨ᠂ ᠴᠠᠰᠤ ᠠᠷᠢᠯᠭᠠᠨ ᠵᠠᠮ ᠨᠠᠪᠳᠠᠷᠠᠬᠦᠯᠦᠭᠰᠡᠨ ᠪᠤᠯᠪᠠᠴᠤ ᠴᠠᠰᠤ ᠬᠤᠷᠠᠬᠤ ᠨᠢ ᠶᠡᠭᠡ ᠪᠤᠯᠬᠤᠷ ᠡᠴᠤᠰ ᠲᠤ ᠪᠠᠨ ᠲᠦᠭᠵᠢᠷᠠᠵᠤ᠂ ᠤᠯᠠᠨ ᠲᠦᠮᠡᠨ ᠤ ᠶᠠᠪᠤᠵᠤ ᠰᠠᠭᠤᠬᠤ ᠠᠮᠤᠷ ᠲᠦᠪᠰᠢᠨ ᠢ ᠪᠠᠳᠤᠯᠠᠬᠤ ᠶᠢᠨ ᠲᠦᠯᠤᠬᠡ ᠡᠨᠡᠬᠦ ᠵᠠᠮ ᠤᠨ ᠬᠡᠰᠡᠭ ᠢ ᠲᠦᠷ ᠪᠢᠳᠠᠬᠦᠮᠵᠢᠯᠡᠬᠦ ᠠᠴᠠ ᠦᠬᠡᠷ᠎ᠡ ᠠᠷᠭ᠎ᠠ ᠦᠬᠡᠢ ᠪᠤᠯᠵᠠᠢ᠃ ᠡᠬᠦᠨ ᠢ ᠮᠡᠳᠡᠭᠰᠡᠨ ᠰᠤ᠋ ᠮᠢᠩ ᠭᠤᠸᠠᠩ ᠲᠠᠷᠤᠶᠢᠬᠠᠨ 1000 ᠭᠠᠷᠤᠢ ᠮᠤ᠋ ᠪᠠᠯᠴᠢᠬᠡᠷ ᠭᠠᠷᠵᠠᠳᠠᠭᠤᠯᠤᠨ ᠪᠠᠶᠢᠵᠤ᠂ ᠦᠪᠡᠷ ᠤᠨ ᠨᠤᠳᠤᠭ ᠲᠡᠬᠡᠬᠦᠷ ᠢᠶᠠᠨ ᠵᠠᠮ ᠲᠠᠯᠪᠢᠵᠤ ᠮᠠᠯᠴᠢᠳ ᠤᠨ ᠶᠠᠪᠤᠵᠤ ᠰᠠᠭᠤᠬᠤ ᠳᠤ ᠲᠦᠬᠦᠮ ᠦᠵᠡᠬᠦᠯᠪᠡ᠃ ᠡᠳᠤᠷ ᠪᠦᠷᠢ ᠡᠬᠦᠪᠡᠷ ᠦᠩᠬᠡᠷᠡᠬᠦ ᠮᠠᠯᠴᠢᠳ ᠮᠠᠰᠢ ᠤᠯᠠᠨ ᠪᠦᠬᠡᠳ ᠡᠪᠤᠯ ᠬᠠᠪᠤᠷ ᠤᠨ ᠶᠠᠭᠠᠷᠠᠯᠳᠡᠢ ᠴᠠᠭ ᠲᠤ ᠡᠪᠡᠰᠤ ᠪᠤᠷᠳᠤᠭ᠎ᠠ ᠵᠦᠬᠡᠬᠡᠪᠤᠷᠢᠯᠡᠬᠦ ᠮᠠᠰᠢᠨ ᠤᠨᠤᠭ᠎ᠠ ᠴᠤ ᠤᠯᠠᠨ ᠦᠩᠬᠡᠷᠡᠵᠤ ᠪᠠᠯᠴᠢᠬᠡᠷ ᠲᠠᠷᠤᠭᠳᠠᠵᠤ ᠬᠤᠬᠢᠷᠠᠯ ᠪᠤᠯᠬᠤ ᠨᠢ ᠲᠠᠮᠵᠢᠭ ᠦᠬᠡᠢ᠃ ᠬᠡᠪᠡᠴᠤ ᠰᠤ᠋ ᠮᠢᠩ ᠭᠤᠸᠠᠩ ︽ᠨᠠᠷᠠᠡᠪᠤᠯᠠᠭ ᠰᠤᠮᠤᠨ ᠤ ᠮᠠᠯᠴᠢᠨ ᠪᠤᠯᠤᠭᠰᠡᠨ ᠤ ᠬᠤᠪᠢ ᠳᠤ᠂ ᠨᠠᠩ ᠴᠤ ᠬᠤᠰᠢᠭᠤ ᠤᠯᠤᠰ ᠲᠦᠷᠤ ᠶᠢᠨ ᠵᠦᠪᠯᠡᠯᠬᠡᠨ ᠤ ᠬᠡᠰᠢᠬᠦᠨ ᠪᠤᠯᠤᠭᠰᠡᠨ ᠤ ᠬᠤᠪᠢ ᠳᠤ ᠤᠡᠴᠠᠭᠠᠢ ᠴᠠᠭ ᠦᠶ᠎ᠠ ᠳᠤ ᠮᠠᠯᠴᠢᠨ ᠲᠦᠮᠡᠨ ᠳᠤ ᠪᠠᠨ ᠴᠢᠳᠠᠯ ᠤᠨ ᠬᠢᠷᠢ ᠪᠠᠷ  ᠢᠶᠠᠨ ᠲᠦᠬᠦᠮ ᠦᠵᠡᠬᠦᠯᠬᠦ ᠪᠤᠯ ᠮᠢᠨᠤ ᠡᠬᠦᠷᠬᠡ ᠬᠠᠷᠢᠭᠤᠴᠠᠯᠭ᠎ᠠ ᠮᠥᠨ︾ ᠬᠡᠵᠤ ᠦᠵᠡᠳᠡᠭ᠃      ᠠᠶᠠᠨ ᠤ ᠬᠦᠮᠤᠰ ᠲᠤ ᠬᠠᠯᠠᠮᠵᠢ ᠬᠦᠷᠳᠡᠬᠡᠳᠡᠭ ᠦᠷᠤᠪᠴᠢᠬᠡᠨ ᠠᠷᠠᠡᠰᠢᠨ      ᠡᠪᠤᠯ ᠪᠤᠯᠭᠠᠨ ᠡᠨ᠋ᠨ ᠬᠡᠰᠡᠭ ᠵᠠᠮ ᠴᠠᠰᠤ ᠶᠡᠭᠡ ᠬᠤᠷᠠᠳᠠᠭ ᠪᠤᠯᠬᠤᠷ ᠮᠠᠰᠢ ᠤᠯᠠᠨ ᠠᠴᠢᠶᠠᠨ ᠤ ᠮᠠᠰᠢᠨ ᠤ ᠵᠢᠯᠤᠭᠤᠴᠢ ᠵᠠᠮ ᠤᠨ ᠪᠠᠶᠢᠳᠠᠯ ᠢ ᠮᠡᠳᠡᠬᠦ ᠦᠬᠡᠢ ᠴᠠᠰᠤᠨ ᠳᠤ ᠰᠠᠭᠤᠬᠤ᠂ ᠲᠡᠷᠬᠡ ᠤᠨᠤᠭ᠎ᠠ ᠨᠢ ᠰᠠᠭᠠᠳ ᠭᠠᠷᠬᠤ ᠶᠠᠪᠤᠳᠠᠯ ᠪᠠᠶᠢᠨ ᠪᠠᠶᠢᠨ ᠭᠠᠷᠳᠠᠭ᠃ ᠲᠡᠬᠡᠬᠦᠯᠡᠷ ᠵᠢᠯᠤᠭᠤᠴᠢ ᠨᠠᠷ ᠰᠤ᠋ ᠮᠢᠩ ᠭᠤᠸᠠᠩ ᠤᠨ ᠬᠡᠷ ᠤᠨ ᠦᠢᠷᠠᠯᠴᠠᠭ᠎ᠠ ᠲᠡᠷᠬᠡ ᠪᠠᠨ ᠵᠤᠭᠰᠤᠭᠠᠳᠠᠭ ᠨᠢ ᠵᠦᠩᠳᠡᠬᠡᠨ᠃ ᠡᠶᠢᠡᠬᠦ ᠰᠤ᠋ ᠮᠢᠩ ᠭᠤᠸᠠᠩ ᠲᠠᠳᠠᠨ ᠳᠤ ᠬᠦᠯᠳᠡᠬᠦ ᠠᠴᠠ ᠰᠡᠷᠬᠡᠶᠢᠯᠡᠬᠦ ᠰᠢᠩᠬᠡᠨ᠂ ᠰᠠᠯᠪᠢᠨ ᠵᠠᠰᠠᠬᠤ ᠪᠠᠭᠠᠵᠢ ᠵᠡᠷᠬᠡ ᠶᠢ ᠬᠠᠩᠭᠠᠵᠤ᠂ ᠲᠡᠷᠡᠴᠢᠯᠠᠨ ᠦᠷᠬᠦᠯᠵᠢ ᠠᠴᠢᠶᠠᠨ ᠤ ᠮᠠᠰᠢᠨ ᠤ ᠵᠢᠯᠤᠭᠤᠴᠢ ᠳᠤ ᠦᠨ᠎ᠠ ᠲᠦᠯᠤᠪᠤᠷᠢ ᠦᠬᠡᠢ ᠬᠤᠭᠤᠯᠠ ᠤᠮᠳᠠ ᠪᠡᠯᠡᠳᠬᠡᠨ᠂ ᠬᠡᠷ ᠲᠤ ᠪᠠᠨ ᠠᠪᠠᠴᠢᠨ ᠠᠮᠠᠷᠠᠭᠤᠯᠵᠤ ᠲᠤᠯᠠᠭᠠᠴᠠᠭᠤᠯᠤᠨ᠂ ᠲᠠᠭᠠᠷᠠᠭᠰᠡᠨ ᠬᠦᠮᠤᠰ ᠤᠨ ᠪᠠᠶ᠎ᠠ ᠶᠢ ᠯᠠ ᠪᠢᠰᠢ᠂ ᠨᠠᠩ ᠴᠤ ᠴᠠᠰᠤ ᠰᠢᠭᠤᠷᠭᠠᠨ  ᠳᠤ ᠵᠦᠳᠡᠷᠡᠵᠤ ᠪᠡᠳᠡᠷᠡᠭᠰᠡᠨ ᠲᠠᠳᠠᠨ ᠤ ᠰᠡᠳᠬᠢᠯ ᠢ ᠲᠤᠯᠠᠭᠠᠴᠠᠭᠤᠯᠳᠠᠭ᠃ ᠨᠢᠩᠵᠢᠨ ᠰᠡᠳᠬᠢᠯ ᠤᠨ ᠡᠨᠡᠬᠦ ᠦᠢᠯᠡ  ᠶᠢ ᠠᠯᠳᠠ ᠪᠠᠷ ᠴᠤ ᠦᠨᠠᠯᠠᠰᠢ ᠦᠬᠡᠢ᠃      ᠦᠨᠠᠡᠴᠢ ᠬᠠᠶᠢᠷ᠎ᠠ ᠠᠴᠠ ᠤᠡᠳᠤᠷᠤᠭᠰᠡᠨ ᠡᠶ᠎ᠡ ᠵᠤᠬᠢᠴᠠᠯ      ᠰᠤ᠋ ᠮᠢᠩ ᠭᠤᠸᠠᠩ ᠤᠨ ᠬᠡᠷᠬᠡᠢ ᠨᠢ ᠪᠤᠤ ᠶᠢᠨ ᠬᠤᠸᠠ ᠬᠡᠳᠡᠭ᠂ ᠮᠤᠩᠭᠤᠯ ᠦᠡᠳᠤᠰᠤᠳᠠᠨ᠃ ᠬᠤᠶᠠᠭᠤᠯᠠ  ᠪᠠᠨ ᠤᠴᠠᠷᠠᠨ ᠲᠠᠨᠢᠯᠴᠠᠵᠤ᠂ ᠠᠮᠢᠳᠤᠷᠡᠨ ᠰᠠᠭᠤᠭᠰᠡᠨ ᠠᠴᠠ ᠪᠠᠨ ᠡᠳᠤᠬᠡ ᠬᠦᠷᠳᠡᠯ᠎ᠠ ᠬᠤᠶᠡᠷ ᠦᠡᠳᠤᠰᠤᠳᠠᠨ ᠤ ᠰᠤᠶᠤᠯ ᠵᠠᠩ ᠲᠠᠳᠬᠠᠯ ᠢᠶᠠᠨ ᠬᠠᠷᠢᠯᠴᠠᠨ ᠠᠭᠤᠰᠤᠯᠴᠠᠭᠤᠯᠵᠤ᠂ ᠡᠶ᠎ᠡ ᠵᠤᠬᠢᠴᠠᠩᠭᠤᠢ ᠵᠤᠯ ᠵᠢᠷᠭᠠᠯ ᠲᠠᠢ ᠠᠵᠠ ᠠᠮᠢᠳᠤᠷᠡᠯ ᠢᠶᠠᠨ ᠦᠷᠡᠯᠡᠬᠦᠯᠦᠭᠰᠡᠬᠡᠷ᠃ ᠮᠠᠯᠴᠢᠨ ᠲᠦᠮᠡᠨ ᠤ ᠲᠤᠮᠳᠠ ᠵᠢᠱᠢᠶᠠᠴᠢ ᠠᠮᠠᠷᠠᠭ ᠬᠤᠤᠰ ᠬᠡᠮᠡᠭᠳᠡᠭᠰᠡᠨ ᠲᠠᠳᠠ ᠬᠤᠶᠠᠭᠤᠯᠠ ᠦᠷ᠎ᠠ ᠬᠡᠤᠬᠡᠳ ᠢᠶᠠᠨ ᠬᠦᠮᠤᠨ ᠤ ᠵᠡᠷᠬᠡ ᠳᠤ ᠬᠦᠷᠬᠡᠨ᠂ ᠬᠤᠶᠡᠷ ᠬᠡᠤᠬᠡᠳ ᠨᠢ ᠴᠦᠮ ᠰᠢᠯᠢᠳᠡᠭ ᠤᠶᠤᠳᠠᠨ ᠪᠤᠯᠤᠨ ᠬᠦᠮᠤᠵᠢᠭ᠍ᠳᠡᠵᠤ᠂ ᠤᠳᠤ ᠴᠦᠮ ᠦᠪᠡᠷ ᠦᠪᠡᠷᠰᠡᠳ ᠤᠨ ᠠᠵᠢᠯ ᠤᠨ ᠪᠠᠶᠢᠷᠢᠨ ᠳᠤ  ᠪᠠᠨ ᠬᠢᠯᠠᠷᠠᠭᠤᠯᠵᠤ ᠶᠠᠪᠤᠭ᠎ᠠ᠃ ᠰᠤ᠋ ᠮᠢᠩ ᠭᠤᠸᠠᠩ ᠤᠨ ᠦᠷᠤᠬᠡᠯ ᠢ ᠬᠡᠰᠡᠨ ᠰᠡᠳᠬᠢᠯ ᠨᠢ ᠤᠯᠠᠨ ᠤ ᠲᠠᠭᠤᠷᠢᠶᠠᠯ ᠪᠤᠯᠵᠤ᠂ ᠬᠠᠷᠠᠮ ᠦᠬᠡᠢ ᠵᠤᠷᠢᠭᠤᠯᠬᠤ ᠵᠤᠷᠢᠭ ᠰᠠᠨᠠᠭ᠎ᠠ ᠪᠤᠯᠤᠨ ᠦᠢᠯᠡ ᠠᠵᠢᠯᠯᠠᠭ᠎ᠠ ᠨᠢ ᠮᠠᠯᠴᠢᠳ ᠤᠨ ᠮᠠᠭᠳᠠᠭᠠᠯ ᠰᠠᠶᠢᠰᠢᠶᠠᠯ ᠢ ᠬᠦᠷᠳᠡᠭᠰᠡᠨ ᠢᠶᠠᠷ ᠪᠠᠷᠠᠬᠤ ᠦᠬᠡᠢ᠂ ᠪᠠᠶᠠᠰᠤᠩᠭᠤᠢ ᠦᠬᠡᠳᠡᠷᠬᠡᠭ ᠢᠳᠡᠪᠬᠢ ᠬᠦᠴᠤᠨ ᠢ ᠬᠦᠮᠤᠨ ᠠᠷᠡᠳ ᠲᠤ ᠪᠠᠨ ᠲᠠᠮᠵᠢᠭᠤᠯᠤᠨ᠂ ᠲᠤᠮᠳᠠᠳᠤ ᠶᠢᠨ ᠦᠡᠳᠤᠰᠤᠳᠠᠨ ᠤ ᠤᠯᠠᠮᠵᠢᠯᠠᠯᠳᠤ ᠰᠠᠶᠢᠬᠠᠨ ᠰᠤᠷᠳᠠᠯ ᠢ ᠪᠠᠶᠠᠴᠢᠯᠠᠨ ᠬᠠᠷᠠᠭᠤᠯᠵᠤ ᠶᠠᠪᠤᠨ᠎ᠠ᠃      ᠰᠤ᠋ ᠮᠢᠩ ᠭᠤᠸᠠᠩ ᠤᠨ ᠦᠨᠡᠡᠴᠢᠬᠡᠨ ᠰᠡᠳᠬᠢᠯ ᠤᠨ ᠦᠷᠤᠪᠴᠢᠬᠡᠨ ᠦᠢᠯᠡ ᠨᠢ ᠨᠠᠰᠢ ᠴᠠᠰᠢ ᠵᠤᠷᠴᠢᠬᠤ ᠬᠦᠮᠤᠰ ᠤᠨ ᠲᠡᠷᠬᠡ ᠤᠨᠤᠭᠠᠨ ᠤ ᠠᠮᠤᠷ ᠲᠦᠪᠰᠢᠨ ᠢ ᠪᠠᠳᠤᠯᠠᠭᠰᠡᠨ ᠢᠶᠠᠷ ᠪᠠᠷᠠᠬᠤ ᠦᠬᠡᠢ᠂ ᠨᠠᠩ ᠴᠤ ᠨᠠᠶᠢᠬᠡᠮ  ᠤᠨ ᠡᠶ᠎ᠡ ᠵᠤᠬᠢᠴᠠᠯ ᠠᠮᠤᠷ ᠲᠤᠭᠳᠠᠭᠤᠨ ᠪᠠᠶᠢᠳᠠᠯ ᠪᠠ ᠨᠦᠬᠦᠷᠰᠡᠭ ᠪᠦᠯᠬᠦᠮᠳᠠᠯ ᠤᠨ ᠬᠦᠭᠵᠢᠯᠳᠠ ᠶᠢ ᠨᠠᠩ ᠰᠠᠶᠢᠨ ᠬᠠᠮᠠᠭᠠᠯᠠᠵᠤ᠂ ᠡᠬᠡᠯ ᠮᠠᠯᠴᠢᠨ ᠤ ᠲᠤᠰᠠᠷᠬᠠᠭ ᠰᠡᠳᠬᠢᠯ ᠢ ᠬᠠᠷᠠᠭᠤᠯᠤᠭᠰᠡᠨ ᠮᠦᠷᠳᠡᠬᠡᠨ ᠨᠠᠩ ᠴᠤ ᠨᠢᠬᠡᠨ ᠤᠯᠤᠰ ᠲᠦᠷᠤ ᠶᠢᠨ ᠵᠦᠪᠯᠡᠯᠬᠡᠨ ᠤ ᠬᠡᠰᠢᠬᠦᠨ ᠤ ᠠᠷᠡᠳ ᠲᠦᠮᠡᠨ ᠤ ᠲᠦᠯᠤᠬᠡ ᠬᠠᠷᠢᠭᠤᠴᠠᠯᠭ᠎ᠠ ᠪᠠᠨ ᠬᠦᠢᠴᠡᠳᠬᠡᠬᠦ ᠤᠭ ᠰᠠᠨᠠᠭ᠎ᠠ ᠶᠢ ᠪᠠᠳᠠᠷᠠᠭᠤᠯᠤᠭᠰᠡᠨ ᠪᠠᠶᠢᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号