ᠣᠶᠢᠷ᠎ᠠ ᠳᠤ᠂ ᠥᠪᠦᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠬᠦᠳᠡᠭᠡ ᠠᠵᠤ ᠠᠬᠤᠶ ᠶᠢᠨ | ᠲᠢᠩᠬᠢᠮ ᠠᠴᠠ ᠪᠥᠬᠦ ᠣᠷᠣᠨ ᠤ ᠬᠡᠪᠴᠢᠶᠡᠨ ᠳᠤ ᠢᠯᠡ ᠪᠠᠷ ᠰᠤᠩᠭᠤᠨ ᠰᠢᠯᠭᠠᠷᠠᠭᠤᠯᠬᠤ ᠪᠠᠷ ᠳᠠᠮᠵᠢᠨ ᠨᠢᠭᠡ | ᠪᠦᠯᠦᠭ ᠥᠪᠡᠷᠲᠡᠭᠡᠨ ᠵᠠᠰᠠᠬᠤ ᠣᠷᠣᠨ ᠤ ᠲᠠᠰ ᠤᠨ ᠭᠤᠤᠯ ᠡᠭᠦᠯᠳᠡᠷ ᠪᠤᠶᠢᠵᠢᠭᠤᠯᠬᠤ ᠲᠠᠯᠠᠪᠠᠶ ᠵᠢᠴᠢ ᠡᠭᠦᠯᠳᠡᠷ | ᠬᠠᠮᠠᠭᠠᠯᠠᠬᠤ ᠲᠠᠯᠠᠪᠠᠶ ᠢ ᠬᠢᠨᠠᠨ ᠳᠣᠭᠲᠠᠭᠠᠪᠠ᠃ ᠴᠢᠩᠭ᠎ᠠ ᠨᠢᠮᠪᠠᠶ ᠰᠢᠯᠢᠨ ᠰᠢᠯᠭᠠᠷᠠᠭᠤᠯᠤᠯᠲᠠ ᠪᠠᠷ ᠳᠡᠮᠵᠢᠨ᠂ ᠪᠥᠬᠦ | ᠣᠷᠣᠨ ᠤ ᠬᠡᠪᠴᠢᠶᠡᠨ ᠳᠤ 13 ᠥᠪᠡᠷᠲᠡᠭᠡᠨ ᠵᠠᠰᠠᠬᠤ ᠣᠷᠣᠨ ᠤ ᠳᠡᠰ ᠤᠨ ᠡᠭᠦᠯᠳᠡᠷ ᠬᠠᠮᠠᠭᠠᠯᠠᠬᠤ ᠲᠠᠯᠠᠪᠠᠶ ᠶᠢ | ᠰᠢᠨ᠎ᠡ ᠪᠠᠷ ᠬᠢᠨᠠᠨ ᠲᠤᠭᠳᠠᠭᠠᠭᠰᠠᠨ ᠤ ᠲᠤᠳᠤᠷ᠎ᠠ ᠠᠪᠠᠭ᠎ᠠ ᠬᠠᠷ᠎ᠠ ᠠᠳᠤᠭᠤᠨ ᠤ ᠡᠭᠦᠯᠳᠡᠷ ᠬᠠᠮᠠᠭᠠᠯᠠᠬᠤ ᠲᠠᠯᠠᠪᠠᠶ | ᠪᠠᠭᠳᠠᠯᠴᠠᠵᠦ᠂ ᠥᠪᠡᠷᠲᠡᠭᠡᠨ ᠵᠠᠰᠠᠬᠤ ᠣᠷᠣᠨ ᠤ ᠲᠠᠰ ᠤᠨ ᠡᠭᠦᠯᠳᠡᠷ ᠬᠠᠮᠠᠭᠠᠯᠠᠬᠤ ᠲᠠᠯᠠᠪᠠᠶ ᠶᠢᠨ ᠢᠷᠠᠭᠤ ᠠᠯᠳᠠᠷ ᠢ | ᠭᠥᠷᠳᠡᠪᠡ᠃ | ᠠᠪᠠᠭ᠎ᠠ ᠬᠠᠷ᠎ᠠ ᠠᠳᠤᠭᠤ ᠨᠢ ᠮᠠᠨ ᠤ ᠤᠯᠤᠰ ᠤᠨ ᠮᠠᠯ ᠵᠢᠭᠦᠷᠲᠡᠨ ᠤ ᠤᠳᠤᠮᠰᠢᠯ ᠤᠨ ᠴᠢᠬᠤᠯᠠ ᠡᠬᠢ ᠪᠠᠶᠠᠯᠢᠭ | ᠪᠣᠯᠤᠭᠰᠠᠨ ᠤ ᠬᠤᠪᠢ ᠳᠤ᠂ ᠣᠶᠢᠷ᠎ᠠ ᠶᠢᠨ ᠵᠢᠯ ᠳᠤ ᠠᠪᠠᠭ᠎ᠠ ᠬᠤᠰᠢᠭᠤ ᠨᠢ ᠠᠪᠠᠭ᠎ᠠ ᠬᠠᠷ᠎ᠠ ᠠᠳᠤᠭᠤ ᠶᠢ | ᠬᠠᠮᠠᠭᠠᠯᠠᠬᠤ ᠪᠠ ᠠᠰᠢᠭᠯᠠᠨ ᠬᠥᠭᠵᠢᠭᠦᠯᠬᠦ ᠳᠤ ᠬᠦᠴᠦ ᠪᠠᠨ ᠲᠠᠯᠪᠢᠵᠤ᠂ ︽ᠡᠬᠦᠯᠳᠡᠷ ᠬᠠᠮᠠᠭᠠᠯᠠᠬᠤ ᠪᠠᠷ ᠭᠤᠣᠯ | ᠪᠣᠯᠭᠠᠵᠤ᠂ ᠠᠮᠢᠳᠤ ᠪᠣᠳᠠᠰ ᠤᠨ ᠮᠡᠷᠭᠡᠵᠢᠯ ᠢᠶᠠᠷ ᠬᠠᠪᠰᠤᠷᠤᠮᠵᠢ ᠪᠣᠯᠭᠠᠬᠤ︾ ᠶᠡᠷᠦᠩᠬᠡᠶᠢᠯᠡᠭᠰᠡᠨ ᠬᠠᠮᠠᠭᠠᠯᠠᠯᠲᠠ ᠶᠢᠨ | ᠠᠷᠭ᠎ᠠ ᠪᠣᠳᠣᠯᠭ᠎ᠠ ᠶᠢ ᠬᠡᠷᠡᠭᠵᠢᠭᠦᠯᠦᠨ᠂ ᠦᠷ᠎ᠡ ᠶᠢᠨ ᠦᠢᠯᠡᠰ ᠢ ᠬᠦᠭᠵᠢᠬᠦᠯᠦᠨ ᠮᠠᠨᠳᠤᠭᠤᠯᠬᠤ ᠶᠢ ᠶᠡᠭᠡ ᠪᠠᠷ | ᠠᠬᠢᠭᠤᠯᠵᠤ᠂ ᠠᠪᠠᠭ᠎ᠠ ᠬᠠᠷ᠎ᠠ ᠠᠳᠤᠭᠤᠨ ᠤ ᠡᠭᠦᠯᠳᠡᠷ ᠬᠠᠮᠠᠭᠠᠯᠠᠬᠤ ᠲᠠᠯᠠᠪᠠᠶ 1 ᠶᠢ ᠠᠮᠵᠢᠯᠲᠠᠲᠠᠶ ᠪᠠᠶᠢᠭᠤᠯᠤᠭᠰᠠᠨ | ᠪᠥᠭᠡᠳ ᠠᠪᠠᠭ᠎ᠠ ᠬᠠᠷ᠎ᠠ ᠠᠳᠤᠭᠤᠨ ᠤ ᠡᠭᠦᠯᠳᠡᠷ ᠬᠠᠮᠠᠭᠠᠯᠠᠬᠤ ᠰᠦᠷᠦᠭ 15 ᠶᠢ ᠬᠢᠨᠠᠨ ᠲᠤᠭᠲᠠᠭᠠᠪᠠ᠃ ᠠᠪᠠᠭ᠎ᠠ | ᠬᠤᠰᠢᠭᠤ ᠪᠥᠬᠦ ᠤᠯᠤᠰ ᠤᠨ ᠭᠤᠷᠪᠠᠳᠤᠭᠠᠷ ᠤᠳᠠᠭᠠᠨ ᠤ ᠮᠠᠯ ᠵᠢᠭᠦᠷᠲᠡᠨ ᠤ ᠤᠳᠤᠮᠯᠠᠯ ᠤᠨ ᠡᠬᠢ ᠪᠠᠶᠠᠯᠢᠭ ᠤᠨ | ᠨᠡᠶᠢᠳᠡᠮ ᠪᠠᠶᠢᠴᠠᠭᠠᠬᠤ ᠠᠵᠢᠯ ᠢ ᠪᠥᠬᠦ ᠬᠦᠴᠦᠨ ᠢᠶᠠᠷ ᠢᠶᠠᠨ ᠠᠬᠢᠭᠤᠯᠵᠤ᠂ ᠡᠬᠢ ᠪᠠᠶᠠᠯᠢᠭ ᠢ ᠪᠠᠶᠢᠴᠠᠭᠠᠬᠤ᠂ | ᠴᠢᠳᠠᠪᠬᠢ ᠶᠢ ᠬᠢᠨᠠᠨ ᠲᠣᠭᠲᠠᠭᠠᠬᠤ᠂ ᠠᠯᠠᠵᠤ ᠨᠢᠲᠤᠯᠬᠤ ᠲᠤᠷᠰᠢᠯᠲᠠ ᠬᠢᠬᠦ᠂ ᠴᠤᠭᠯᠠᠭᠤᠯᠬᠤ ᠂ ᠨᠠᠷᠢᠨ | ᠤᠨᠤᠪᠴᠢᠳᠠᠢ ᠪᠠᠷ ᠬᠢᠨᠠᠨ ᠲᠣᠭᠲᠠᠭᠠᠵᠤ ᠥᠯᠢᠭᠡᠷ ᠠᠪᠬᠤ ᠵᠢᠴᠢ ᠤᠳᠤᠮᠯᠠᠯ ᠤᠨ ᠪᠣᠳᠠᠰ ᠢ ᠦᠢᠯᠡᠳᠴᠦ ᠬᠠᠳᠠᠭᠠᠯᠠᠬᠤ | ᠵᠡᠷᠭᠡ ᠠᠯᠢ ᠣᠯᠠᠨ ᠠᠵᠢᠯ ᠢ ᠥᠷᠨᠢᠭᠦᠯᠪᠡ᠃ | ᠦᠷ᠎ᠡ ᠶᠢᠨ ᠦᠢᠯᠡᠰ ᠢ ᠬᠥᠭᠵᠢᠭᠦᠯᠦᠨ ᠮᠠᠨᠳᠤᠭᠤᠯᠬᠤ ᠪᠣᠯ ᠮᠠᠯ ᠠᠵᠤ ᠠᠬᠤᠢ ᠶᠢᠨ ᠴᠢᠨᠠᠷ ᠰᠠᠶᠢᠲᠠᠢ | ᠬᠥᠭᠵᠢᠯᠲᠡ ᠶᠢ ᠠᠬᠢᠭᠤᠯᠬᠤ ᠶᠢᠨ ᠭᠤᠣᠯᠳᠠᠯᠭ᠎ᠠ ᠪᠣᠯᠤᠨ᠎ᠠ᠃ ᠰᠢᠯᠢᠳᠡᠭ ᠡᠭᠦᠯᠳᠡᠷ ᠤᠨ ᠮᠠᠯ ᠤᠨ ᠡᠭᠦᠯᠳᠡᠷ | ᠬᠠᠮᠠᠭᠠᠯᠠᠬᠤ ᠪᠠ ᠡᠭᠦᠯᠳᠡᠷ ᠪᠤᠶᠢᠵᠢᠭᠤᠯᠬᠤ ᠠᠵᠢᠯ ᠢ ᠴᠢᠩᠭᠠᠳᠬᠠᠵᠦ᠂ ᠡᠭᠦᠯᠳᠡᠷ ᠰᠣᠩᠭᠤᠨ ᠪᠤᠶᠢᠵᠢᠭᠤᠯᠬᠤ ᠠᠵᠢᠯ ᠢ | ᠭᠦᠨᠵᠡᠭᠡᠶᠢᠷᠡᠭᠦᠯᠦᠨ᠂ ᠰᠢᠯᠢᠳᠡᠭ ᠡᠭᠦᠯᠳᠡᠷ ᠢ ᠦᠷᠡᠵᠢᠬᠦᠯᠦᠨ ᠳᠡᠯᠭᠡᠷᠡᠭᠦᠯᠬᠦ ᠶᠢ ᠲᠦᠷᠭᠡᠳᠬᠡᠬᠦ ᠨᠢ ᠶᠡᠷᠦ ᠪᠤᠰᠤ ᠶᠢᠨ | ᠠᠴᠢ ᠬᠤᠯᠪᠣᠭᠳᠠᠯ ᠲᠠᠢ ᠶᠤᠮ᠃ ᠢᠷᠡᠭᠡᠳᠦᠶ ᠳᠤ᠂ ᠠᠪᠠᠭ᠎ᠠ ᠬᠤᠰᠢᠭᠤ ᠨᠢ ᠠᠪᠠᠭ᠎ᠠ ᠬᠠᠷ᠎ᠠ ᠠᠳᠤᠭᠤᠨ ᠤ | ᠡᠭᠦᠯᠳᠡᠷ ᠤᠨ ᠡᠬᠢ ᠪᠠᠶᠠᠯᠢᠭ ᠤᠨ ᠬᠠᠮᠠᠭᠠᠯᠠᠯᠲᠠ ᠪᠠ ᠠᠰᠢᠭᠯᠠᠯᠲᠠ ᠶᠢ ᠦᠷᠭᠦᠯᠵᠢᠯᠡᠨ ᠠᠬᠢᠭᠤᠯᠵᠤ᠂ ᠦᠷᠡᠵᠢᠭᠦᠯᠦᠨ | ᠪᠤᠶᠢᠵᠢᠭᠤᠯᠬᠤ ᠰᠢᠰᠲ᠋ᠧᠮ ᠢ ᠲᠡᠭᠦᠯᠳᠡᠷᠵᠢᠭᠦᠯᠦᠨ᠂ ᠠᠪᠠᠭ᠎ᠠ ᠬᠠᠷ᠎ᠠ ᠠᠳᠤᠭᠤᠨ ᠤ ᠤᠳᠤᠮᠯᠠᠯ ᠤᠨ ᠡᠬᠢ | ᠪᠠᠶᠠᠯᠢᠭ ᠤᠨ ᠬᠢᠨᠠᠨ ᠬᠡᠮᠵᠢᠯᠲᠡ ᠶᠢ ᠴᠢᠩᠭᠠᠳᠬᠠᠵᠤ᠂ ᠠᠳᠤᠭᠤᠨ ᠤ ᠠᠵᠤ ᠦᠢᠯᠡᠰ ᠤᠨ ᠬᠥᠭᠵᠢᠯᠲᠡ ᠶᠢᠨ | ᠲᠤᠯᠭᠠᠭᠤᠷᠢᠯᠠᠬᠤ ᠰᠢᠰᠲ᠋ᠧᠮ ᠢ ᠪᠠᠶᠢᠭᠤᠯᠬᠤ ᠶᠢᠨ ᠬᠠᠮᠲᠤ ᠳᠠᠪᠠᠭᠤᠯᠢᠭ ᠤᠨᠴᠠᠯᠢᠬᠳᠦ ᠴᠡᠭᠡ ᠶᠢᠨ ᠠᠵᠤ ᠦᠢᠯᠡᠰ ᠢ | ᠴᠢᠬᠤᠯᠠᠴᠢᠯᠠᠨ ᠬᠥᠭᠵᠢᠭᠦᠯᠵᠦ᠂ ᠠᠳᠤᠭᠤᠨ ᠤ ᠠᠵᠤ ᠦᠢᠯᠡᠰ ᠤᠨ ᠴᠢᠨᠠᠷ ᠰᠠᠶᠢᠲᠠᠶ ᠬᠥᠭᠵᠢᠯᠲᠡ ᠳᠤ ᠪᠠᠲᠤ ᠪᠠᠬᠢ | ᠰᠠᠭᠤᠷᠢ ᠲᠠᠯᠪᠢᠨ᠎ᠠ᠃ | |