ᠠᠪᠠᠭ᠎ᠠ ᠨᠤᠳᠤᠭ ᠤᠨ ᠨᠠᠷᠠᠳᠤ ᠠᠳᠤᠭᠤᠴᠢᠨ ᠲᠠᠷᠵᠢᠶᠠ 1915 ᠤᠨ ᠳᠤ ᠠᠪᠠᠭ᠎ᠠ ᠪᠠᠷᠠᠭᠤᠨ ᠭᠠᠷᠤᠨ | ᠬᠤᠰᠢᠭᠤᠨ ᠶᠢᠨ ᠲᠠᠶᠢᠵᠢᠨᠠᠷ ᠰᠤᠮᠤᠨ ᠤ ᠴᠠᠩᠳᠤ ᠤᠪᠤᠭᠠᠨ ᠤ ᠠᠷᠤ ᠳᠠᠬᠢ ᠬᠠᠵᠠᠭᠠᠷᠳᠤ ᠶᠢᠨ ᠡᠪᠤᠯᠵᠢᠶ᠎ᠠ ︵ᠤᠳᠤ | ᠶᠢᠨ ᠴᠠᠭᠠᠡᠨᠠᠭᠤᠷ ᠪᠠᠯᠭᠠᠰᠤᠨ ᠤ ᠴᠠᠭᠠᠡᠨᠠᠭᠤᠷ ᠭᠠᠴᠠᠭ᠎ᠠ︶ ᠬᠡᠬᠦ ᠭᠠᠵᠡᠷ ᠠᠪᠦ ᠵᠢᠭᠮᠢᠳ ᠡᠵᠢ ᠬᠠᠵᠢᠳ ᠤᠨ ᠤᠳᠭᠠᠨ | ᠬᠦᠪᠡᠬᠦᠨ ᠪᠤᠯᠵᠤ ᠲᠦᠷᠤᠵᠠᠢ᠂ ᠲᠠᠷᠵᠢᠶᠠ ᠶᠢᠨ ᠲᠦᠷᠦᠭᠰᠡᠨ ᠬᠡᠷ ᠨᠢ ᠲᠦᠢᠯ ᠤᠨ ᠶᠠᠳᠠᠭᠤ ᠪᠠᠶᠢᠭᠰᠡᠨ ᠪᠦᠬᠡᠳ ᠠᠪᠤ | ᠨᠢ ᠪᠠᠶ᠎ᠠ ᠪᠦᠳᠤᠬᠦᠨ ᠴᠢᠳᠠᠯ ᠪᠢᠷ᠎ᠠ ᠰᠠᠶᠢᠳᠡᠢ ᠬᠦᠮᠤᠨ ᠪᠤᠯᠬᠤᠷ ᠪᠠᠶᠠᠳ ᠨᠤᠶᠠᠳ ᠤᠨ ᠪᠤᠶᠤ ᠰᠦᠮ᠎ᠠ ᠬᠡᠶᠢᠳ ᠤᠨ | ᠵᠢᠰᠠ ᠶᠢᠨ ᠠᠳᠤᠭᠤ ᠬᠠᠷᠢᠭᠤᠯᠵᠤ ᠠᠮᠢᠳᠤᠷᠡᠯ ᠢᠶᠠᠨ ᠠᠷᠭᠠᠴᠠᠭᠠᠵᠤ ᠪᠠᠶᠢᠵᠠᠢ᠃ | ᠲᠠᠷᠵᠢᠶᠠ ᠭᠤᠸᠠᠢ ᠪᠠᠭᠰᠢ ᠳᠤ ᠱᠠᠪᠢᠯᠠᠵᠤ ᠰᠤᠳᠤᠷ ᠨᠤᠮ ᠳᠤ ᠦᠢᠷᠡᠳᠬᠤ ᠵᠠᠪᠰᠢᠶᠠᠨ ᠤᠯᠳᠠᠭᠰᠡᠨ | ᠦᠬᠡᠢ ᠴᠤ ᠠᠪᠤ ᠪᠠᠨ ᠲᠠᠭᠠᠵᠤ ᠠᠳᠤᠭᠤ ᠮᠠᠯ ᠤᠨ ᠲᠠᠷᠬᠡᠳᠡ ᠦᠰᠦᠭᠰᠡᠨ ᠪᠠᠶᠢᠨ᠎ᠠ᠃ ᠲᠠᠷᠵᠢᠶᠠ ᠪᠠᠭ᠎ᠠ ᠠᠴᠠ ᠪᠠᠨ | ᠶᠠᠷᠤᠨᠢ ᠤᠬᠠᠭᠠᠯᠢᠭ ᠠᠪᠬᠠᠯᠵᠢ᠂ ᠰᠠᠷᠬᠦᠯᠠᠩ ᠴᠤᠪᠤᠭᠤ ᠬᠦᠮᠤᠨ ᠪᠠᠶᠢᠭᠰᠡᠨ ᠢᠶᠠᠷ ᠭᠠᠷ ᠨᠢ ᠭᠠᠨᠵᠤᠭᠠᠨ ᠳᠤ ᠬᠦᠯ | ᠨᠢ ᠲᠦᠷᠤᠬᠡᠨ ᠳᠤ ᠬᠦᠷᠦᠭᠰᠡᠨ ᠴᠡᠬᠡᠯ ᠨᠠᠰᠤᠨ ᠳᠤ ᠪᠠᠨ ᠤᠷᠭ᠎ᠠ ᠶᠢᠨ ᠬᠤᠶᠢᠪᠢ ᠤᠷᠳᠤ ᠵᠢᠯᠤᠭᠤ ᠶᠢ ᠠᠯᠤᠰ ᠲᠤ | ᠰᠤᠩᠭᠠᠭᠰᠡᠨ ᠬᠦᠮᠤᠨ ᠪᠠᠶᠢᠵᠠᠢ᠃ | ᠲᠠᠷᠵᠢᠶᠠ ᠭᠤᠸᠠᠢ ᠰᠡᠬᠦᠯ ᠳᠤ ᠨᠢ ᠠᠪᠤ ᠶᠢᠨ ᠠᠵᠢᠯ ᠢ ᠵᠠᠯᠭᠠᠵᠤ ᠠᠳᠤᠭᠤᠴᠢᠨ ᠪᠤᠯᠤᠭᠰᠡᠨ ᠢᠶᠠᠨ | 1935 ᠤᠨ ᠤ ᠤᠷᠴᠢᠮ ᠴᠠᠩᠳᠤ ᠰᠦᠮ᠎ᠠ ᠶᠢᠨ ᠦᠷᠡᠯ ᠵᠢᠰᠠ ᠶᠢᠨ ᠨᠢᠷᠪᠠ ᠭᠤᠮᠪᠤᠵᠠᠪ ᠯᠠᠮᠠᠬᠠᠢ ᠶᠢᠨ ᠬᠤᠶᠠᠷ | ᠵᠠᠭᠤ ᠭᠠᠷᠤᠢ ᠠᠳᠤᠭᠤ ᠶᠢ ᠬᠠᠷᠢᠭᠤᠯᠤᠭᠰᠡᠨ ᠪᠠᠶᠢᠨ᠎ᠠ᠃ ᠢᠩᠬᠢᠬᠡᠳ ᠠᠳᠤᠭᠤᠨ ᠰᠦᠷᠦᠭ ᠢᠶᠠᠨ ᠠᠪᠴᠤ ᠬᠦᠷ | ᠴᠠᠭᠠᠨ ᠨᠠᠭᠤᠷ ᠤᠨ ᠬᠤᠶᠢᠳᠤ ᠳᠠᠬᠢ ᠠᠮᠠᠨ ᠱᠠᠩᠳᠠ ᠬᠡᠬᠦ ᠨᠤᠳᠤᠭ ᠲᠤ ᠤᠯᠠᠨ ᠵᠢᠯ ᠰᠠᠭᠤᠭᠰᠡᠨ ᠶᠤᠮ ᠬᠡᠨ᠎ᠠ᠃ | ᠬᠦᠷ ᠴᠠᠭᠠᠨ ᠨᠠᠭᠤᠷ ᠤᠨ ᠬᠤᠶᠢᠳᠤ ᠬᠦᠪᠡᠬᠡᠨ ᠠᠴᠠ ᠲᠤᠳᠤᠭᠰᠢ ᠴᠦᠮᠤᠷᠠᠨ ᠪᠠᠶᠢᠷᠢᠰᠢᠭᠰᠡᠨ ᠬᠤᠶᠡᠷ ᠬᠤᠰᠢᠭᠤ | ᠪᠤᠢ᠃ ᠨᠢᠬᠡ ᠨᠢ ᠰᠤᠯᠢᠳᠤ ᠶᠢᠨ ᠬᠤᠰᠢᠭᠤ᠂ ᠨᠦᠬᠦᠬᠡ ᠨᠢ ᠱᠤᠭᠤᠮ ᠤᠨ ᠬᠤᠰᠢᠭᠤ ᠬᠡᠵᠤ ᠨᠠᠷᠠᠯᠡᠳᠡᠭ᠃ ᠬᠠᠪᠤᠷ | ᠦᠷᠢᠶ᠎ᠠ ᠬᠠᠭᠠᠷᠢᠬᠤ᠂ ᠠᠳᠤᠭᠤ ᠲᠡᠯᠯᠡᠬᠦ ᠳᠤ ᠡᠨ᠋ᠨ ᠬᠤᠰᠢᠭᠤ ᠨᠤᠭᠤᠳ ᠢ ᠠᠰᠢᠭᠯᠠᠵᠤ ᠠᠳᠤᠭᠤ ᠪᠠᠨ ᠲᠡᠬᠦᠨ | ᠲᠤᠳᠤᠷ᠎ᠠ ᠰᠢᠬᠠᠵᠤ ᠪᠠᠷᠢᠵᠤ ᠠᠪᠳᠠᠭ ᠪᠠᠶᠢᠨ᠎ᠠ᠃ ᠶᠡᠭᠡ ᠪᠠᠭ᠎ᠠ ᠴᠠᠭᠠᠨ ᠨᠠᠭᠤᠷ ᠤᠨ ᠬᠤᠶᠢᠳᠤ ᠪᠦᠬᠦᠷᠴᠡᠭ ᠠᠭᠤᠯᠠ | ᠶᠢᠨ ᠪᠠᠷᠠᠭᠤᠨ ᠬᠤᠶᠢᠳᠤ ᠬᠠᠵᠠᠭᠤ ᠳᠤ ᠨᠢᠬᠡᠨ ᠭᠠᠩᠭ᠎ᠠ ᠪᠠᠶᠢᠳᠠᠭ᠃ ᠡᠬᠦᠨ ᠳᠤ ᠴᠤ ᠠᠳᠤᠭᠤ ᠰᠢᠬᠠᠵᠤ ᠪᠠᠷᠢᠳᠠᠭ | ᠪᠠᠶᠢᠭᠰᠡᠨ ᠢ ᠨᠤᠳᠤᠭ ᠤᠨ ᠵᠠᠷᠢᠮ ᠪᠤᠭᠤᠷᠤᠯᠴᠤᠳ ︽ᠲᠠᠷᠵᠢᠶᠠ ᠶᠢᠨ ᠭᠤᠤ︾ ᠴᠤ ᠬᠡᠳᠡᠭ ᠪᠢᠯᠠ᠃ | ᠲᠠᠷᠵᠢᠶᠠ 1945 ᠤᠨ ᠳᠤ ᠲᠠᠯᠠᠬᠡᠢ ᠶᠢᠨ ᠬᠤᠶᠠᠳᠤᠭᠠᠷ ᠲᠠᠶᠢᠨ ᠤ ᠬᠦᠯ ᠠᠴᠠ ᠠᠳᠤᠭᠤ ᠪᠠᠨ | ᠬᠠᠮᠠᠭᠠᠯᠠᠬᠤ ᠶᠢᠨ ᠲᠦᠯᠤᠬᠡ ᠬᠤᠶᠡᠷ ᠨᠠᠭᠤᠷ ᠤᠨ ᠲᠠᠰᠤᠷᠠᠬᠠᠢ ︽ᠬᠤᠭᠤᠷᠤᠡᠳᠤ︾ ᠬᠡᠮᠡᠬᠦ ᠬᠦᠮᠤᠨ ᠠᠮᠢᠳᠠᠨ | ᠤᠴᠢᠳᠠᠭ ᠦᠬᠡᠢ ᠭᠠᠵᠡᠷ ᠠᠳᠤᠭᠤ ᠪᠠᠨ ᠬᠤᠷᠢᠶᠠᠵᠤ ᠲᠠᠯᠪᠢᠭᠰᠡᠨ ᠠᠴᠠ ᠠᠳᠤᠭᠤᠨ ᠰᠦᠷᠦᠭ ᠢᠶᠠᠨ ᠮᠠᠡᠳᠤ ᠠᠪᠴᠤ | ᠭᠠᠷᠤᠭᠰᠡᠨ ᠨᠢ ᠤᠯᠤᠰ ᠬᠠᠮᠳᠤ ᠶᠢᠨ ᠬᠦᠷᠤᠩᠬᠡ ᠪᠤᠯᠬᠤ ᠳᠤ ᠶᠡᠬᠡᠬᠡᠨ ᠨᠠᠮᠠᠷᠢ ᠪᠤᠯᠤᠭᠰᠡᠨ ᠬᠡᠵᠤ ᠶᠠᠷᠢᠳᠠᠭ ᠶᠤᠮ᠃ | ᠪᠠᠰᠠ ᠨᠢᠬᠡᠨ ᠤᠯᠠᠨ ᠤ ᠲᠤᠷᠠᠳᠬᠠᠯ ᠪᠤᠯᠤᠭᠰᠡᠨ ᠦᠯᠢᠬᠡᠷ ᠬᠡᠪᠡᠯ ᠲᠡᠬᠡᠷ᠎ᠠ ᠵᠠᠭᠤᠨ ᠤ ᠵᠢᠷᠠᠭᠠᠳ ᠤᠨ ᠤ ᠡᠬᠢ ᠪᠠᠷ | ᠰᠦᠨᠢᠳ ᠵᠠᠬᠦᠨ ᠬᠤᠰᠢᠭᠤᠨ ᠤ ᠬᠤᠯᠪᠤᠭ᠎ᠠ ᠭᠤᠷᠪᠡᠨ ᠮᠠᠳᠠᠭᠠᠯ ᠭᠡᠳᠡᠭ ᠮᠠᠩᠬᠠᠨ ᠨᠤᠳᠤᠭ ᠲᠤ ᠵᠡᠷᠯᠢᠭᠰᠢᠭᠰᠡᠨ | ᠠᠳᠤᠭᠤᠳ ᠤᠯᠠᠨ ᠪᠠᠶᠢᠵᠤ ᠪᠠᠷᠤᠭ ᠤᠨ ᠠᠳᠤᠭᠤᠴᠢᠳ ᠪᠠᠷᠢᠵᠤ ᠲᠠᠶᠢᠯᠳᠡᠭ ᠦᠬᠡᠢ ᠬᠡᠨ᠎ᠠ᠃ ᠢᠩᠬᠢᠬᠡᠳ ᠨᠢᠬᠡᠨ | ᠵᠢᠯ ᠤᠨ ᠵᠤᠨ ᠲᠠᠷᠵᠢᠶᠠ ᠭᠤᠸᠠᠢ ᠴᠠᠩᠬᠡᠷ ᠪᠠᠯᠳᠠᠨ᠂ ᠲᠠᠰᠤᠷᠠᠬᠠᠢ ᠲᠠᠮᠳᠢᠨ ᠵᠡᠷᠬᠡ ᠠᠪᠠᠭ᠎ᠠ ᠨᠤᠳᠤᠭ ᠤᠨ ᠦᠶ᠎ᠠ | ᠪᠠᠷᠤᠭ ᠤᠨ ᠭᠤᠷᠪᠡᠨ ᠠᠳᠤᠭᠤᠴᠢᠨ ᠠᠳᠤᠭᠤᠨ ᠡᠷᠢᠯ ᠢᠶᠠᠷ ᠶᠠᠪᠤᠵᠤ ᠪᠠᠶᠢᠭᠠᠳ ᠲᠤᠮᠳᠠ ᠮᠠᠳᠠᠭᠠᠯ ᠳᠤ ᠠᠳᠤᠭᠤ | ᠬᠤᠷᠢᠶᠠᠭᠰᠡᠨ ᠤᠯᠠᠨ ᠬᠦᠮᠤᠨ ᠲᠡᠬᠡᠷ᠎ᠠ ᠲᠠᠯᠪᠢᠭᠠᠳ ᠬᠦᠷᠦᠭᠰᠡᠨ ᠬᠡᠨ᠎ᠠ᠃ | ᠲᠠᠡᠳᠡ ᠭᠤᠷᠪᠡᠨ ᠮᠠᠳᠠᠭᠠᠯ ᠤᠨ ᠤᠯᠠᠨ ᠵᠡᠷᠯᠢᠭ ᠠᠳᠤᠭᠤᠳ ᠢ ᠬᠤᠷᠢᠶᠠᠵᠤ ᠪᠦᠰᠠᠯᠠᠨ ᠰᠢᠬᠠᠬᠤ ᠪᠠᠷ | ᠶᠠᠷᠢᠯᠴᠠᠵᠤ᠂ ᠰᠢᠪᠤᠭ ︵ᠬᠠᠮᠤᠭ ᠰᠠᠬᠦᠯ ᠤᠨ ᠬᠦᠮᠤᠨ︶ ᠤᠨ ᠦᠵᠤᠬᠦᠷ ᠲᠤ ᠲᠠᠷᠵᠢᠶᠠ ᠭᠤᠸᠠᠢ ᠶᠢ ᠲᠤᠮᠢᠯᠠᠵᠠᠢ᠃ | ᠢᠩᠬᠢᠬᠡᠳ ᠲᠠᠷᠵᠢᠶᠠ ᠠᠯᠢ ᠬᠡᠴᠡᠬᠦᠦ ᠬᠡᠳᠤᠨ ᠵᠡᠷᠯᠢᠭ ᠠᠳᠤᠭᠤ ᠶᠢ ᠨᠢ ᠪᠠᠷᠢᠵᠤ ᠦᠭᠬᠦᠭᠰᠡᠨ ᠠᠳᠠᠯ᠎ᠠ ᠪᠠᠨ ᠬᠠᠮᠤᠭ | ᠰᠠᠬᠦᠯ ᠤᠨ ᠨᠢᠬᠡ ᠶᠢ ᠨᠢ ᠶᠠᠭ ᠨᠤᠭᠳᠤᠯᠬᠤ ᠶᠢᠨ ᠠᠮᠠᠰᠠᠷ ᠲᠡᠬᠡᠷ᠎ᠠ ᠮᠤᠯᠳᠤᠯᠤᠨ ᠬᠦᠬᠡᠬᠡᠴᠢᠬᠡᠵᠡᠢ᠃ ︽ᠬᠦᠢ᠂ | ᠶᠠᠭᠠᠬᠢᠴᠢᠬᠠᠪᠠ︖︾ ᠬᠡᠵᠤ ᠬᠦᠮᠤᠰ ᠭᠠᠶᠢᠬᠠᠨ ᠠᠰᠠᠭᠤᠬᠤ ᠳᠤ ᠲᠠᠷᠵᠢᠶᠠ ︽ᠠᠢ᠂ ᠬᠢᠨᠵᠢ ᠨᠢ ᠲᠦᠯᠤᠷᠡᠴᠢᠬᠡᠯᠠ︾ | ᠬᠡᠰᠡᠨ ᠬᠡᠨ᠎ᠠ᠃ ︽ᠶᠠᠭᠠᠬᠢᠭᠠᠳ ᠢᠩᠬᠢᠴᠢᠬᠡᠪᠡ︖︾ ᠬᠡᠵᠤ ᠪᠤᠰᠤᠳ ᠬᠦᠮᠤᠨ ᠭᠠᠶᠢᠬᠠᠨ ᠠᠰᠠᠭᠤᠬᠤ ᠳᠤ | ᠲᠠᠷᠵᠢᠶᠠ ᠠᠩᠬ᠎ᠠ ᠲᠡᠳᠡᠨ ᠲᠡᠬᠡᠷ᠎ᠠ ᠤᠴᠢᠬᠤ ᠳᠤ ᠲᠠᠷᠵᠢᠶᠠ ᠶᠢᠨ ᠪᠠᠷᠢᠭᠰᠡᠨ ᠪᠦᠳᠤᠬᠦᠨ ᠤᠷᠭ᠎ᠠ ᠶᠢ ᠨᠢ ᠬᠦᠮᠤᠰ | ᠦᠵᠡᠬᠡᠳ ︽ᠠᠢ᠂ ᠨᠤᠬᠠᠢ ᠠᠴᠠ ᠬᠢᠨᠵᠢ ᠨᠢ ᠬᠡᠭᠴᠢ︾ ᠪᠠᠷ ᠬᠡᠵᠤ ᠡᠯᠡᠭᠯᠡᠨ ᠲᠤᠭᠤᠬᠢᠯᠠᠭᠰᠡᠨ ᠬᠡᠨ᠎ᠠ᠃ ᠤᠴᠢᠷ | ᠨᠢ ᠲᠠᠷᠵᠢᠶᠠ ᠪᠤᠯ ᠲᠠᠶᠢᠮᠤ ᠴᠤ ᠪᠠᠶᠡᠷᠬᠡᠭ ᠬᠦᠮᠤᠨ ᠪᠢᠰᠢ ᠬᠠᠷᠢᠨ ᠨᠠᠮᠬᠠᠨ ᠪᠤᠭᠤᠨᠢ ᠬᠦᠮᠤᠨ ᠠᠳᠠᠯ᠎ᠠ ᠪᠠᠨ | ᠪᠠᠷᠢᠭᠰᠡᠨ ᠤᠷᠭ᠎ᠠ ᠨᠢ ᠲᠦᠷᠪᠡᠨ ᠠᠯᠳᠠ ᠠᠴᠠ ᠤᠷᠳᠤ ᠮᠦᠷᠳᠡᠬᠡᠨ ᠤᠭᠤᠨᠤ ᠶᠢᠨ ᠬᠦᠵᠤᠬᠦᠨ ᠠᠷᠠᠰᠤ ᠪᠠᠷ | ᠲᠠᠮᠤᠭᠰᠡᠨ ᠪᠦᠳᠤᠬᠦᠨ ᠬᠤᠶᠢᠪᠢ ᠬᠡᠷᠡᠭᠯᠡᠳᠡᠭ᠂ ᠪᠦᠳᠤᠬᠦᠨ ᠬᠢᠳᠤᠭ᠎ᠠ ᠪᠠᠨ ᠪᠦᠰᠠᠨ ᠳᠤ ᠪᠠᠨ ᠬᠠᠪᠴᠢᠭᠤᠯᠤᠭᠰᠡᠨ | ᠰᠤᠨᠢᠨ ᠬᠦᠮᠤᠨ ᠪᠠᠶᠢᠭᠰᠡᠨ ᠤ ᠬᠢ ᠪᠢᠵᠠ᠂ ᠡᠬᠦᠨ ᠠᠴᠠ ᠬᠤᠶᠢᠰᠢ ᠰᠦᠨᠢᠳ ᠨᠤᠳᠤᠭ ᠤᠨ ᠬᠦᠮᠤᠰ ︽ᠮᠠᠳᠠᠭᠠᠯ | ᠲᠠᠷᠵᠢᠶᠠ︾ ᠬᠡᠵᠤ ᠲᠠᠭᠤᠳᠠᠬᠤ ᠪᠤᠯᠤᠭᠰᠡᠨ ᠲᠤᠮᠤᠭ ᠲᠠᠢ ᠶᠤᠮᠰᠠᠨ᠃ | 1958 ᠤᠨ ᠳᠤ ᠦᠡᠳᠤᠷ ᠵᠡᠷᠬᠡ ᠶᠢᠨ ᠬᠤᠷᠰᠢᠶ᠎ᠠ ᠠᠴᠠ ᠪᠠᠨ ᠠᠷᠡᠳ ᠤᠨ ᠨᠢᠬᠡᠳᠤᠯ ᠪᠠᠶᠢᠭᠤᠯᠵᠤ᠂ | ᠮᠠᠯᠴᠢᠨ ᠪᠦᠬᠦᠳᠠ ᠨᠢᠬᠡᠳᠤᠯ ᠤᠨ ᠬᠡᠰᠢᠬᠦᠨ ᠪᠤᠯᠵᠤ ᠶᠡᠭᠡ ᠪᠠᠷᠢᠭᠠᠳᠠ ᠠᠴᠠ ᠪᠠᠭ᠎ᠠ ᠪᠠᠷᠢᠭᠠᠳᠠ ᠬᠤᠪᠢᠶᠠᠨ ᠬᠦᠷᠤᠩᠬᠡ | ᠮᠠᠯ ᠶᠢ ᠨᠢ ᠬᠠᠮᠳᠤ ᠶᠢᠨ ᠬᠦᠷᠤᠩᠬᠡ ᠪᠤᠯᠭᠠᠭᠰᠡᠨ ᠪᠠᠶᠢᠳᠠᠯ ᠲᠤᠤᠷ᠎ᠠ ᠲᠠᠷᠵᠢᠶᠠ ᠭᠤᠸᠠᠢ ᠴᠤ ᠴᠠᠭᠠᠡᠨᠠᠭᠤᠷ ᠪᠠᠷᠢᠭᠠᠳᠠ | ᠶᠢᠨ ᠬᠠᠮᠳᠤ ᠶᠢᠨ ᠠᠳᠤᠭᠤᠴᠢᠨ ᠪᠤᠯᠤᠭᠰᠡᠨ ᠪᠢᠯᠠ᠃ ᠦᠷᠤᠬᠡ ᠨᠤᠳᠤᠭ ᠤᠨ ᠵᠦᠷᠢᠶ᠎ᠠ ᠪᠠᠯᠴᠢᠬᠡᠷ ᠲᠠᠢ ᠲᠠᠰᠤᠷᠠᠬᠠᠢ | ᠲᠠᠮᠳᠢᠨ ᠭᠤᠸᠠᠢ ᠲᠠᠷᠵᠢᠶᠠ ᠶᠢᠨ ᠡᠮᠤᠨ᠎ᠠ ᠪᠤᠰᠤᠳ ᠬᠦᠮᠤᠨ ᠠᠳᠤᠭᠤ ᠤᠷᠭᠠᠯᠠᠬᠤ ᠶᠢ ᠦᠵᠡᠬᠡᠳᠤᠢ᠂ ᠲᠠᠷᠵᠢᠶᠠ ᠶᠢᠨ | ᠤᠷᠭ᠎ᠠ ᠪᠠᠨ ᠬᠤᠭᠤᠯᠬᠤ ᠶᠢ ᠦᠵᠡᠬᠡᠳᠤᠢ᠂ ᠡᠮᠨᠢᠭ ᠠᠴᠠ ᠦᠢᠴᠢᠬᠤ ᠶᠢ ᠦᠵᠡᠬᠡᠳᠤᠢ᠂ ᠨᠢᠬᠡ ᠨᠠᠰᠤ ᠶᠢ ᠪᠠᠷᠠᠯ᠎ᠠ | ᠬᠡᠵᠤ ᠬᠠᠭᠤᠴᠢᠯᠠᠵᠤ ᠪᠠᠶᠢᠯ᠎ᠠ᠃ | 1964 ᠤᠨ ᠤ ᠨᠠᠮᠤᠷ ᠲᠠᠷᠵᠢᠶᠠ ᠭᠤᠸᠠᠢ ᠲᠤᠰ ᠪᠠᠷᠢᠭᠠᠳᠠ ᠶᠢᠨ ᠠᠳᠤᠭᠤᠴᠢᠨ ᠯᠤᠪᠰᠠᠩᠳᠠᠮᠪᠠ᠂ | ᠲᠠᠪᠰᠢᠯᠳᠠ ᠪᠠᠷᠢᠭᠠᠳᠠ ᠶᠢᠨ ᠠᠳᠤᠭᠤᠴᠢᠨ ᠫᠠᠳᠠ ᠤᠰᠤᠷ᠂ ᠰᠠᠶᠢᠷᠠᠨ ᠲᠤᠷᠵᠢ ᠨᠠᠷ ᠲᠠᠢ ᠠᠳᠤᠭᠤᠨ ᠤ ᠡᠷᠢᠯ ᠢᠶᠠᠷ | ᠲᠦᠷᠪᠡᠬᠦᠯᠡ ᠶᠠᠪᠤᠭᠰᠡᠨ ᠬᠡᠨ᠎ᠠ᠃ ᠢᠩᠬᠢᠬᠡᠳ ᠪᠠᠷᠠᠭᠤᠨ ᠬᠤᠶᠢᠰᠢ ᠶᠠᠪᠤᠭᠰᠠᠭᠠᠷ ᠰᠦᠨᠢᠳ ᠵᠠᠬᠦᠨ ᠬᠤᠰᠢᠭᠤᠨ ᠤ | ᠴᠠᠩᠳᠤᠰᠢᠯᠢ ᠰᠤᠮᠤᠨ ᠤ ᠬᠠᠵᠠᠭᠤ ᠴᠡᠬᠡᠨ ᠬᠡᠳᠡᠭ ᠭᠠᠵᠡᠷ ᠬᠦᠷᠴᠤ ᠲᠡᠡᠳᠡᠬᠢ ᠶᠢᠨ ᠠᠳᠤᠭᠤᠴᠢᠳ ᠲᠠᠢ ᠬᠠᠮᠵᠢᠨ | ᠬᠠᠷ ᠭᠤᠪᠢ ᠶᠢᠨ ᠵᠡᠷᠯᠢᠭ ᠤᠷᠤᠭ᠎ᠠ ᠮᠤᠷᠢᠳ ᠢ ᠪᠠᠷᠢᠯᠴᠠᠵᠤ ᠦᠭᠬᠦᠬᠡᠳ ︽ᠠᠪᠠᠭ᠎ᠠ ᠶᠢᠨ ᠪᠦᠳᠤᠬᠦᠨ ᠤᠷᠭᠠᠳᠤ | ᠲᠡᠷᠵᠢᠶᠠ ᠬᠡᠭᠴᠢ ᠠᠳᠤᠭᠤᠨ ᠤ ᠲᠠᠷᠤᠯᠭ᠎ᠠ ᠶᠤᠮ ᠪᠠᠶᠢᠨ᠎ᠠ︾ ᠬᠡᠵᠤ ᠮᠠᠭᠳᠠᠭᠳᠠᠭᠰᠡᠨ ᠬᠡᠳᠡᠭ᠃ ᠲᠠᠡᠳᠡ ᠠᠴᠠ | ᠬᠡᠰᠡᠭ ᠠᠳᠤᠭᠤ ᠪᠠᠨ ᠰᠤᠷᠠᠭᠯᠠᠨ ᠤᠯᠵᠤ ᠠᠪᠤᠭᠰᠡᠨ ᠢᠶᠠᠷ ᠰᠠᠶᠢᠷᠠᠨ ᠲᠤᠷᠵᠢ ᠪᠠᠨ ᠠᠳᠤᠭᠤ ᠪᠠᠨ ᠲᠠᠭᠤᠯᠭᠠᠵᠤ ᠬᠡᠷ | ᠤᠷᠤᠭᠤ ᠪᠠᠨ ᠪᠤᠴᠠᠭᠠᠵᠠᠢ᠃ ᠭᠤᠷᠪᠡᠭᠤᠯᠠ ᠦᠷᠬᠦᠯᠵᠢᠯᠡᠨ ᠪᠠᠷᠠᠭᠤᠡᠰᠢ ᠶᠠᠪᠤᠵᠤ᠂ ᠰᠦᠨᠢᠳ ᠪᠠᠷᠠᠭᠤᠨ ᠬᠤᠰᠢᠭᠤᠨ | ᠤ ᠠᠴᠢᠳᠤ ᠠᠭᠤᠯᠠ ᠨᠢᠬᠡᠳᠤᠯ ᠤᠨ ᠰᠠᠬᠡᠷ ᠤᠨ ᠠᠭᠤᠯᠠ ᠬᠡᠳᠡᠭ ᠭᠠᠵᠡᠷ ᠬᠦᠷᠴᠤ ᠬᠡᠳᠤ ᠬᠤᠨᠤᠭ ᠠᠳᠤᠭᠤ ᠪᠠᠨ | ᠴᠤᠭᠯᠠᠭᠤᠯᠵᠤ ᠪᠠᠶᠢᠳᠠᠯ᠎ᠠ ᠲᠠᠡᠳᠡᠬᠢ ᠶᠢᠨ ᠬᠦᠮᠤᠰ ᠬᠠᠯᠴᠠᠭᠠᠢ ᠶᠢᠨ ᠭᠤᠪᠢ ᠪᠤᠯᠤᠨ ᠰᠠᠬᠡᠷ ᠤᠨ ᠠᠭᠤᠯᠠ ᠬᠠᠪᠢ ᠶᠢᠨ | ᠠᠳᠤᠭᠤᠳ ᠳᠤ ᠬᠤᠮᠢᠵᠤ ᠬᠤᠷᠢᠶᠠᠬᠤ ᠶᠠᠷᠢᠶ᠎ᠠ ᠭᠠᠷᠴᠠᠢ᠃ ᠲᠤᠰ ᠴᠢᠮᠡᠭᠡ ᠨᠢ ᠡᠷᠢᠯᠴᠢᠨ ᠬᠦᠮᠤᠨ ᠳᠤ ᠮᠠᠰᠢ ᠰᠠᠶᠢᠨ | ᠲᠤᠬᠢᠶᠠᠯ ᠪᠤᠯᠬᠤ ᠨᠢ ᠲᠠᠮᠵᠢᠭ ᠦᠬᠡᠢ᠃ ᠲᠡᠬᠡᠬᠡᠳ ᠬᠤᠶᠡᠷ ᠬᠤᠨᠤᠭ ᠤᠨ ᠲᠠᠷᠠᠭ᠎ᠠ ᠨᠢ ᠠᠭᠤᠯᠠ ᠶᠢᠨ ᠬᠠᠪᠴᠢᠯ | ᠭᠠᠩᠭ᠎ᠠ ᠳᠤ ᠠᠳᠤᠭᠤᠨ ᠰᠦᠷᠦᠭ ᠢᠶᠠᠨ ᠰᠢᠬᠠᠬᠤ ᠪᠠᠷ ᠪᠤᠯᠤᠭᠰᠡᠨ ᠶᠤᠮ ᠪᠠᠶᠢᠨ᠎ᠠ᠃ | ᠬᠡᠳᠤ ᠬᠡᠳᠤᠨ ᠪᠠᠷᠢᠭᠠᠳᠠ ᠶᠢᠨ ᠠᠳᠤᠭᠤᠴᠢᠳ ᠬᠠᠮᠵᠢᠯᠴᠠᠨ ᠪᠠᠶᠢᠵᠤ ᠲᠤᠩ ᠤᠯᠠᠨ ᠠᠳᠤᠭᠤ ᠶᠢ | ᠬᠤᠷᠢᠶᠠᠵᠤ᠂ ᠤᠯᠠᠨ ᠬᠦᠮᠤᠨ ᠲᠠᠮᠵᠢᠭᠤᠯᠵᠤ ᠬᠦᠬᠡᠬᠡᠵᠤ ᠲᠠᠭᠤᠭᠰᠠᠭᠠᠷ ᠪᠠᠶᠢᠭᠠᠳ ᠤᠡᠴᠠ ᠬᠡᠳᠤᠨ ᠬᠤᠷ ᠲᠠᠯ ᠲᠠᠢ | ᠠᠳᠤᠭᠤᠳ ᠲᠠᠰᠤᠷᠠᠨ ᠬᠤᠯᠠ ᠭᠠᠷᠬᠤ ᠶᠢ ᠬᠠᠷᠠᠭᠰᠡᠨ ᠨᠦᠬᠦᠬᠡ ᠭᠤᠷᠪᠡ ᠴᠤ ᠶᠠᠭ ︽ᠡᠬᠦᠨ ᠢ ᠪᠠᠷᠢᠨ᠎ᠠ︾ ᠬᠡᠵᠤ | ᠠᠮᠠᠳᠠᠨ ᠲᠠᠪᠬᠢᠵᠠᠭᠠᠵᠠᠢ᠃ ᠮᠤᠷᠢ ᠪᠠᠨ ᠲᠠᠰᠢᠭᠤᠷᠳᠠᠨ ᠦᠢᠷᠠᠳᠤᠨ ᠤᠴᠢᠭᠰᠡᠨ ᠴᠢᠨᠢ ᠲᠠᠯ ᠨᠢ ᠭᠠᠵᠡᠷ ᠰᠢᠬᠦᠷᠠᠮᠠ | ᠰᠠᠷᠠᠯ ᠠᠵᠢᠷᠭ᠎ᠠ ᠲᠡᠷᠢᠬᠦᠯᠡᠨ ᠤᠡᠴᠠᠭᠠᠶᠢᠷᠠᠵᠤ ᠪᠠᠶᠢᠭᠰᠡᠨ ᠪᠦᠬᠡᠳ ᠲᠠᠷᠵᠢᠶᠠ ᠶᠢᠨ ᠤᠷᠭᠠᠯᠠᠬᠤ ᠲᠡᠷᠡᠬᠡᠨ ᠠᠭᠱᠠᠨ | ᠳᠤ ᠡᠮᠡᠬᠡᠯ ᠨᠢ ᠬᠤᠭᠤᠰᠳᠠᠵᠤ ᠬᠦᠮᠤᠨ ᠨᠢ ᠬᠠᠷᠢᠨ ᠮᠤᠷᠢᠨ ᠲᠠᠯ ᠲᠡᠬᠡᠷ᠎ᠠ ᠬᠡᠪᠳᠡᠬᠦ ᠶᠢ ᠬᠤᠪᠤᠷᠬᠠᠨ ᠤᠯᠵᠤ | ᠦᠵᠡᠭᠰᠡᠨ ᠬᠦᠮᠤᠰ ᠡᠷᠬᠡ ᠦᠬᠡᠢ ᠱᠠᠭᠰᠢᠷᠠᠨ ᠭᠠᠶᠢᠬᠠᠭᠰᠡᠨ ᠬᠡᠨ᠎ᠠ᠃ ᠢᠩᠬᠢᠬᠡᠳ ᠭᠠᠵᠡᠷ ᠤᠨ ᠠᠯᠤᠰ ᠲᠤ | ᠭᠠᠳᠠᠨ᠎ᠠ ᠶᠢᠨ ᠬᠤᠰᠢᠭᠤᠨ ᠳᠤ ︽ᠭᠠᠩᠭᠠᠡᠭ ᠤᠷᠭᠠᠴᠢ ᠲᠠᠷᠵᠢᠶᠠ︾ ᠬᠡᠮᠡᠨ ᠠᠯᠳᠠᠷᠰᠢᠭᠰᠡᠨ ᠬᠡᠨ᠎ᠠ᠃ ᠲᠤᠬᠠᠢ ᠶᠢᠨ | ᠦᠶ᠎ᠠ ᠳᠤ ᠡᠯ᠎ᠠ ᠬᠤᠰᠢᠭᠤ ᠨᠤᠳᠤᠭ ᠤᠨ ᠡᠳᠤᠢ ᠲᠡᠳᠤᠢ ᠨᠠᠷᠠ ᠲᠠᠢ ᠴᠤᠤᠳᠡᠢ ᠠᠳᠤᠭᠤᠴᠢᠳ ᠤᠯᠠᠨ ᠪᠠᠶᠢᠭᠰᠡᠨ | ᠴᠤ ᠲᠠᠷᠵᠢᠶᠠ ᠰᠢᠭ᠋ ᠤᠷᠭᠠᠴᠢ ᠲᠤᠩ ᠬᠤᠪᠤᠷᠬᠠᠨ ᠪᠠᠶᠢᠭᠰᠡᠨ ᠬᠡᠳᠡᠭ᠃ | ᠲᠠᠷᠵᠢᠶᠠ ᠪᠤᠯ ᠲᠦᠢᠯ ᠤᠨ ᠠᠵᠢᠯᠴᠢ ᠬᠦᠮᠤᠨ ᠪᠠᠶᠢᠭᠰᠡᠨ ᠶᠤᠮ᠃ ᠪᠠᠰᠠ ᠮᠠᠯ ᠤᠨ ᠬᠡᠮ ᠢ ᠵᠠᠰᠠᠬᠤ ᠲᠠᠢ | ᠨᠠᠩ ᠴᠤ ᠠᠳᠤᠭᠤᠨ ᠤ ᠬᠡᠮ ᠢ ᠵᠠᠰᠠᠬᠤ ᠳᠤ ᠰᠠᠶᠢᠨ᠂ ᠤᠯᠠᠢ ᠭᠠᠷᠭᠠᠬᠤ ᠳᠤ ᠴᠠᠪᠠᠷ ᠮᠦᠷᠳᠡᠬᠡᠨ ᠲᠦᠷᠬᠡᠨ᠂ | ᠦᠬᠡᠷ ᠲᠦᠬᠦᠬᠡᠷᠡᠬᠦ ᠳᠤ ᠦᠩᠬᠡ ᠴᠠᠭᠠᠨ ᠲᠠᠪᠠᠯ ᠲᠠᠢ ᠪᠠᠶᠢᠭᠰᠡᠨ ᠴᠤ ᠪᠦᠬᠦ ᠶᠠᠪᠤᠳᠠᠯ ᠲᠠᠭᠤᠰᠬᠤ ᠳᠤ ᠲᠤᠰᠤᠯ | ᠴᠢᠰᠤ ᠴᠤ ᠦᠰᠦᠷᠦᠭᠰᠡᠨ ᠦᠬᠡᠢ ᠪᠠᠶᠢᠳᠠᠭ ᠨᠢ ᠭᠠᠶᠢᠬᠠᠯᠳᠡᠢ ᠴᠡᠪᠡᠷᠬᠡᠨ ᠬᠦᠮᠤᠨ ᠳ᠋ᠠ᠃ | ᠮᠦᠡᠴᠤ ᠠᠡᠭ ᠳᠤ ᠪᠠᠭ᠋ᠠᠳᠡᠢ᠂ ᠦᠨᠡᠭᠡ ᠴᠢᠨ᠋ᠸ᠎ᠠ ᠶᠢᠨ ᠬᠡᠪᠳᠡᠰᠢ᠂ ᠪᠤᠰᠬᠤ ᠶᠢ ᠤᠡᠴᠠᠭᠠᠢ ᠰᠠᠶᠢᠨ ᠮᠡᠳᠡᠳᠡᠭ | ᠪᠦᠬᠡᠳ ᠫᠤᠤᠳᠠᠬᠤ ᠳᠤ ᠮᠡᠷᠬᠡᠨ ᠤᠨᠤᠴᠢᠳᠡᠢ ᠪᠠᠶᠢᠳᠠᠭ ᠲᠠᠷᠵᠢᠶᠠ ᠭᠤᠸᠠᠢ 1992 ᠤᠨ ᠳᠤ ᠲᠠᠯᠠᠨ ᠲᠤᠯᠤᠭᠠᠨ | ᠨᠠᠰᠤᠨ ᠳᠤ ᠪᠠᠨ ᠶᠠᠷᠳᠢᠡᠴᠤ ᠶᠢᠨ ᠮᠦᠩᠬᠡ ᠪᠤᠰᠤ ᠶᠢ ᠦᠵᠡᠬᠦᠯᠦᠭᠰᠡᠨ ᠪᠢᠯᠠ᠃ | |