ᠠᠪᠠᠭ᠎ᠠ ᠬᠤᠰᠢᠭᠤᠨ ᠤ ᠨᠠᠷᠠᠨᠪᠣᠯᠠᠭ ᠰᠣᠮᠣ ᠶᠢᠨ ᠰᠠᠷᠠᠭᠤᠯᠳᠠᠯ᠎ᠠ ᠭᠠᠴᠠᠭᠠᠨ ᠤ ᠤᠳᠤᠮ ᠳᠠᠮᠵᠢᠭᠰᠠᠨ | ᠪᠦᠬᠡᠴᠢᠨ᠂ ᠨᠡᠷᠡᠲᠦ ᠣᠶᠠᠭᠠᠴᠢ ᠪᠦᠬᠡᠪᠢᠯᠢᠭ ᠤᠨ ᠬᠢ ᠭᠠᠳᠠᠭᠠᠲᠤ ᠠᠴᠠ ᠴᠡᠪᠡᠷ ᠴᠢᠰᠦᠨ ᠤ ᠠᠵᠢᠷᠭ᠎ᠠ ᠤᠷᠤᠭᠤᠯᠤᠨ | ᠠᠳᠤᠭᠤ ᠪᠠᠨ ᠬᠤᠷᠳᠤᠨ ᠤ ᠴᠢᠭᠯᠡᠯ ᠢᠶᠠᠷ ᠪᠣᠶᠢᠵᠢᠭᠤᠯᠤᠨ ᠤᠷᠤᠯᠳᠤᠭᠠᠨ ᠮᠤᠷᠢᠳ ᠨᠢ ᠤᠷᠤᠯᠳᠣᠭᠠᠨ ᠢᠶᠠᠷ ᠤᠳᠤ | ᠲᠠᠢ ᠰᠠᠶᠢᠬᠠᠨ ᠬᠤᠷᠳᠤᠯᠠᠵᠤ᠂ ᠬᠤᠯᠠ ᠣᠶᠢᠷ᠎ᠠ ᠳᠤ ᠪᠠᠨ ᠠᠯᠳᠠᠷᠰᠢᠨ᠎ᠠ᠃ | ᠭᠠᠳᠠᠭᠠᠲᠣ ᠶᠢᠨ ᠠᠵᠢᠷᠭ᠎ᠠ ᠤᠷᠤᠭᠤᠯᠵᠤ ᠠᠳᠣᠭᠤᠨ ᠳᠤ ᠪᠠᠨ ᠲᠠᠯᠪᠢᠪᠠ | ᠪᠦᠬᠡᠪᠢᠯᠢᠭ ᠤᠨ ᠬᠢ ᠪᠣᠯ ᠥᠶ᠎ᠡ ᠶᠢᠨ ᠥᠶ᠎ᠡ ᠳᠤ ᠪᠠᠨ ᠠᠳᠣᠭᠤ ᠮᠠᠯᠵᠢᠵᠤ ᠢᠷᠡᠭᠰᠡᠨ ᠠᠶᠢᠯ ᠶᠤᠮ᠃ | ᠠᠳᠣᠭᠤ ᠪᠠᠨ ᠬᠤᠷᠳᠤᠨ ᠤ ᠴᠢᠭᠯᠡᠯ ᠢᠶᠠᠷ ᠪᠣᠶᠢᠵᠢᠭᠤᠯᠤᠭᠠᠳ ᠭᠤᠴᠢᠭᠠᠳ ᠵᠢᠯ ᠤᠨ ᠨᠢᠭᠤᠷ ᠢ ᠦᠵᠡᠵᠦ ᠪᠠᠶᠢᠨ᠎ᠠ᠃ | 2009 ᠣᠨ ᠳᠤ ᠪᠦᠬᠡᠪᠢᠯᠢᠭ ᠠᠳᠤᠭᠤᠨ ᠰᠦᠷᠦᠭ ᠲᠤ ᠪᠠᠨ ᠨᠢᠭᠡᠨ ᠠᠷᠠᠪ ᠠᠵᠢᠷᠭ᠎ᠠ ᠠᠪᠴᠢᠷᠠᠨ ᠲᠠᠯᠪᠢᠵᠤ᠂ | ᠲᠡᠭᠦᠨ ᠠᠴᠠ ᠪᠠᠨ ᠬᠤᠶᠢᠰᠢ ᠴᠡᠪᠡᠷ ᠴᠢᠰᠦᠨ ᠤ ᠤᠷᠤᠯᠳᠤᠭᠠᠨ ᠮᠣᠷᠢ ᠤᠷᠤᠭᠤᠯᠵᠤ ᠰᠤᠶᠢᠬᠤ ᠤᠷᠮ᠎ᠠ ᠵᠣᠷᠢᠭ ᠨᠢ | ᠣᠯᠠᠮ ᠢᠶᠠᠷ ᠬᠦᠭᠵᠢᠭᠰᠡᠨ ᠪᠠᠶᠢᠨ᠎ᠠ᠃ | ᠲᠡᠷᠡᠬᠦ ᠠᠷᠠᠪ ᠠᠵᠢᠷᠭ᠎ᠠ ᠶᠢᠨ ᠦᠷ᠎ᠡ ᠲᠥᠯ ᠤᠳ ᠨᠢ ᠤᠷᠤᠯᠳᠤᠭᠠᠨ ᠢᠶᠠᠷ ᠣᠳᠣ ᠲᠠᠢ ᠰᠠᠶᠢᠬᠠᠨ | ᠬᠤᠷᠳᠤᠯᠠᠵᠤ᠂ ᠬᠦᠮᠦᠰ ᠤᠨ ᠠᠩᠬᠠᠷᠣᠯ ᠳᠤ ᠬᠦᠷᠴᠦ᠂ ᠡᠳᠡᠨ ᠤ ᠳᠤ ᠳᠤᠰᠬᠠᠶᠢᠯᠠᠨ ᠢᠷᠡᠵᠦ ᠴᠡᠪᠡᠷ ᠴᠢᠰᠦᠨ ᠤ | ᠣᠷᠤᠯᠳᠤᠭᠠᠨ ᠮᠣᠷᠢ ᠬᠤᠳᠠᠯᠳᠤᠨ ᠠᠪᠬᠤ ᠬᠦᠮᠦᠨ ᠠᠭᠠᠵᠢᠮ ᠢᠶᠠᠷ ᠣᠯᠠᠰᠢᠷᠠᠭᠰᠠᠨ ᠢᠶᠠᠷ ᠪᠦᠬᠡᠪᠢᠯᠢᠭ ᠮᠤᠷᠢ ᠪᠠᠨ | ᠣᠶᠠᠬᠤ ᠶᠢᠨ ᠲᠠᠭᠠᠤ ᠴᠡᠪᠡᠷ ᠴᠢᠰᠦᠨ ᠤ ᠠᠳᠤᠭᠤ ᠪᠠᠨ ᠴᠦ ᠬᠤᠷᠳᠤᠨ ᠤ ᠴᠢᠭᠯᠡᠯ ᠢᠶᠠᠷ ᠪᠣᠶᠢᠵᠢᠭᠤᠯᠬᠤ ᠪᠤᠳᠤᠯ | ᠤᠷᠤᠵᠤ᠂ 14 ᠵᠢᠯ ᠳᠠᠷᠠᠭᠠᠯᠠᠨ ᠤᠷᠤᠰ᠂ ᠠᠦ᠋ᠰᠲᠷᠯᠢᠶ᠎ᠠ᠂ ᠠᠮᠧᠷᠢᠺᠠ ᠵᠡᠷᠭᠡ ᠤᠯᠤᠰ ᠠᠴᠠ ᠴᠡᠪᠡᠷ ᠴᠢᠰᠦᠨ ᠤ | ᠠᠵᠢᠷᠭ᠎ᠠ ᠤᠷᠤᠭᠤᠯᠵᠤ ᠠᠳᠤᠭᠤᠨ ᠳᠤ ᠪᠠᠨ ᠲᠠᠯᠪᠢᠵᠠᠢ᠃ ᠣᠳᠣ ᠡᠳᠡᠨ ᠤ ᠠᠳᠤᠭᠤᠨ ᠰᠦᠷᠦᠭ ᠲᠤ 2 | ᠠᠩᠭ᠍ᠯᠢ ᠶᠢᠨ ᠴᠡᠪᠡᠷ ᠴᠢᠰᠦᠨ ᠤ ᠠᠵᠢᠷᠭ᠎ᠠ᠂ 1 ᠠᠷᠠᠪ ᠠᠵᠢᠷᠭ᠎ᠠ᠂ 1 ᠬᠤᠯᠢᠮᠠᠭ ᠴᠢᠰᠦᠨ ᠤ ᠠᠵᠢᠷᠭ᠎ᠠ ᠪᠣᠢ᠃ | ᠤᠷᠤᠯᠳᠣᠭᠠᠨ ᠮᠤᠷᠢ ᠨᠢ ᠬᠤᠯᠠ ᠣᠶᠢᠷ᠎ᠠ ᠳᠤ ᠪᠠᠨ ᠠᠯᠳᠠᠷᠰᠢᠪᠠ | ᠪᠦᠬᠡᠪᠢᠯᠢᠭ ᠴᠡᠪᠡᠷ ᠴᠢᠰᠦᠨ ᠤ ᠠᠵᠢᠷᠭ᠎ᠠ ᠤᠷᠤᠭᠤᠯᠬᠤ ᠳᠤ ᠪᠠᠨ ᠤᠳᠤᠮ ᠤᠭᠰᠢᠯ᠂ ᠬᠤᠷᠳᠤᠨ ᠤ | ᠴᠢᠭᠯᠡᠯ ᠤᠨ ᠲᠦᠷᠦᠴᠡ ᠲᠠᠢ ᠡᠰᠡᠬᠦ ᠶᠢ ᠶᠡᠬᠡᠳᠡ ᠠᠩᠬᠠᠷᠳᠠᠭ ᠠᠴᠠ ᠡᠳᠡᠨ ᠤ ᠣᠷᠣᠯᠳᠤᠭᠠᠨ ᠮᠤᠷᠢᠳ ᠨᠢ ᠤᠳᠤᠮ | ᠣᠭᠰᠠᠭ᠎ᠠ ᠨᠢ ᠴᠡᠪᠡᠷ᠂ ᠬᠦᠶᠦᠬᠦ ᠨᠢ ᠬᠤᠷᠳᠤᠨ᠂ ᠲᠡᠰᠪᠤᠷᠢ ᠳᠠᠭᠠᠭᠠᠴᠠ ᠲᠠᠢ ᠪᠠᠶᠢᠵᠤ᠂ ᠪᠦᠬᠦ ᠤᠷᠤᠨ ᠤ ᠡᠯ᠎ᠡ | ᠠᠶᠢᠮᠠᠭ ᠬᠤᠲᠠ ᠴᠢᠨᠠᠭᠰᠢᠯᠠᠨ ᠮᠤᠩᠭᠤᠯ ᠤᠯᠤᠰ ᠤᠨ ᠤᠶᠠᠭᠠᠴᠢᠳ ᠴᠦ ᠡᠳᠡᠨ ᠤ ᠬᠢ ᠠᠴᠠ ᠴᠢᠰᠦᠨ ᠤ | ᠠᠵᠢᠷᠭ᠎ᠠ ᠶᠢᠨ ᠲᠥᠯ ᠢ ᠠᠪᠳᠠᠭ ᠪᠠᠶᠢᠵᠠᠢ᠃ ︽ᠶᠡᠷᠦᠨᠢ ᠠᠩᠭ᠍ᠯᠢ ᠶᠢᠨ ᠴᠡᠪᠡᠷ ᠴᠢᠰᠦᠨ ᠤ ᠠᠵᠢᠷᠭ᠎ᠠ ᠶᠢᠨ ᠲᠥᠯ ᠢ | ᠠᠪᠳᠠᠭ ᠬᠦᠮᠦᠨ ᠣᠯᠠᠨ᠂ ᠨᠣᠳᠤᠭ ᠤᠷᠤᠨ ᠤ ᠣᠷᠣᠯᠳᠤᠭᠠᠨ ᠳᠤ ᠵᠤᠬᠢᠴᠠᠵᠤ᠂ ᠣᠶᠢᠷ᠎ᠠ ᠵᠠᠢ ᠳᠤ ᠢᠯᠡᠬᠦᠦ ᠰᠠᠶᠢᠨ | ᠳᠠᠪᠬᠢᠳᠠᠭ᠃ ᠠᠷᠠᠪ ᠠᠵᠢᠷᠭ᠎ᠠ ᠶᠢᠨ ᠲᠥᠯ ᠬᠤᠯᠠ ᠵᠠᠢ ᠳᠤ ᠰᠠᠶᠢᠨ ᠳᠠᠪᠬᠢᠵᠤ᠂ ᠲᠡᠰᠪᠤᠷᠢ ᠳᠠᠭᠠᠭᠠᠮᠠᠭᠠᠢ ᠴᠢᠨᠠᠷ ᠢᠶᠠᠷ | ᠰᠠᠶᠢᠨ ᠪᠠᠶᠢᠳᠠᠭ᠃ ᠮᠠᠨ ᠤ ᠤᠷᠤᠯᠳᠤᠭᠠᠨ ᠮᠤᠷᠢᠳ ᠤᠷᠤᠨ᠂ ᠠᠶᠢᠮᠠᠭ᠂ ᠬᠤᠰᠢᠭᠤᠨ ᠤ ᠣᠯᠠᠨ ᠤᠷᠤᠯᠳᠤᠭᠠᠨ ᠳᠤ | ᠪᠦᠷ ᠲᠡᠷᠢᠭᠦᠯᠡᠭᠰᠡᠨ ᠦᠨᠳᠦᠷ ᠠᠮᠵᠢᠯᠲᠠ ᠲᠠᠢ︾ ᠭᠡᠵᠦ ᠠᠪᠤ ᠪᠠᠨ ᠬᠠᠪᠰᠤᠷᠴᠦ ᠶᠠᠪᠤᠭ᠎ᠠ ᠶᠡᠭᠡ ᠬᠦᠦ | ᠴᠠᠭᠠᠨᠪᠠᠭᠠᠨᠠ ᠨᠢ ᠣᠷᠮᠠᠳᠠᠶᠢᠬᠠᠨ ᠤᠴᠢᠷᠯᠠᠨ᠎ᠠ᠃ | ᠬᠤᠶᠢᠰᠢᠳᠠ ᠶᠢᠨ ᠲᠦᠰᠦᠪ ᠲᠦᠯᠦᠪᠯᠡᠭᠡ | ᠣᠳᠣ ᠪᠦᠬᠡᠪᠢᠯᠢᠭ ᠤᠨ ᠬᠢ 200 ᠭᠠᠷᠤᠢ ᠠᠳᠤᠭᠤ ᠮᠠᠯᠵᠢᠵᠤ᠂ ᠵᠢᠯ ᠪᠦᠷᠢ 30 ᠭᠠᠷᠤᠢ ᠣᠨᠠᠭ᠎ᠠ | ᠬᠤᠳᠠᠯᠳᠤᠨ ᠵᠢᠯ ᠤᠨ ᠤᠷᠤᠯᠭ᠎ᠠ ᠨᠢ 70 ᠲᠦᠮᠡᠨ ᠲᠦᠬᠦᠷᠢᠭ ᠲᠤ ᠬᠦᠷᠴᠦ ᠪᠠᠶᠢᠨ᠎ᠠ᠃ ᠤᠷᠤᠯᠳᠤᠭᠠᠨ ᠮᠤᠷᠢ | ᠪᠣᠶᠢᠵᠢᠭᠤᠯᠬᠤ ᠳᠤ ᠠᠷᠠᠴᠢᠯᠠᠭ᠎ᠠ ᠲᠤᠳᠤᠮᠳᠠᠯᠭ᠎ᠠ ᠢᠯᠡᠬᠦᠦ ᠱᠠᠭᠠᠷᠳᠠᠭᠳᠠᠳᠠᠭ ᠠᠴᠠ ᠪᠡᠯᠡ ᠮᠦᠩᠭᠦ ᠴᠦ ᠢᠯᠡᠬᠦᠦ | ᠵᠠᠷᠤᠴᠠᠭᠤᠯᠳᠠᠭ᠂ ᠵᠦᠪᠬᠡᠨ ᠠᠳᠤᠭᠤᠨ ᠤ ᠪᠠᠨ ᠰᠠᠶᠢᠵᠢᠷᠠᠭᠤᠯᠬᠤ ᠲᠠᠯ᠎ᠠ ᠪᠠᠷ ᠡᠳᠡᠨᠡᠶᠢᠬᠢ 100 ᠲᠦᠮᠡᠨ ᠲᠦᠬᠦᠷᠢᠭ | ᠵᠠᠷᠤᠴᠠᠭᠤᠯᠤᠭᠰᠠᠨ ᠪᠠᠶᠢᠨ᠎ᠠ᠃ | ᠬᠤᠶᠢᠰᠢᠳᠠ ᠶᠢᠨ ᠲᠦᠰᠦᠪ ᠲᠦᠯᠦᠪᠯᠡᠭᠡ ᠶᠢᠨ ᠢᠶᠠᠨ ᠲᠤᠬᠠᠢ ᠴᠠᠭᠠᠨᠪᠠᠭᠠᠨᠠ᠄ ︽ᠮᠠᠨ ᠤ ᠬᠢ | ᠣᠣᠯ ᠠᠴᠠ ᠪᠠᠨ ᠠᠳᠤᠭᠤ ᠪᠠᠨ ᠬᠤᠷᠳᠤᠨ ᠤ ᠴᠢᠭᠯᠡᠯ ᠢᠶᠠᠷ ᠪᠣᠶᠢᠵᠢᠭᠤᠯᠵᠤ ᠪᠠᠶᠢᠭᠰᠠᠨ᠂ ᠲᠡᠭᠡᠷ᠎ᠡ ᠨᠢ ᠴᠡᠪᠡᠷ | ᠴᠢᠰᠦᠨ ᠤ ᠠᠵᠢᠷᠭ᠎ᠠ ᠲᠠᠯᠪᠢᠭᠠᠳ ᠤᠳᠤ ᠠᠷᠪᠠᠨ ᠲᠦᠷᠪᠡᠨ ᠵᠢᠯ ᠪᠣᠯᠵᠤ ᠪᠠᠶᠢᠨ᠎ᠠ᠂ ᠴᠡᠪᠡᠷ ᠤᠳᠤᠮ ᠤᠨ ᠠᠵᠢᠷᠭ᠎ᠠ | ᠲᠠᠯᠪᠢᠬᠤ ᠠᠵᠢᠯ ᠢᠶᠠᠨ ᠬᠤᠶᠢᠰᠢᠳᠠ ᠦᠷᠭᠦᠯᠵᠢᠯᠡᠨ ᠪᠠᠷᠢᠮᠲᠠᠯᠠᠨ᠎ᠠ᠃ ᠮᠦᠨᠴᠦ ᠲᠡᠵᠢᠭᠡᠨ ᠦᠷᠡᠵᠢᠭᠦᠯᠬᠦ | ᠬᠡᠪᠴᠢᠶ᠎ᠡ ᠪᠠᠨ ᠦᠷᠭᠦᠯᠵᠢᠯᠡᠨ ᠦᠷᠭᠡᠳᠭᠡᠵᠦ᠂ ᠠᠳᠤᠭᠤ ᠪᠠᠨ ᠳᠤᠰᠬᠠᠶᠢᠵᠢᠭᠤᠯᠬᠤ᠂ ᠬᠡᠪᠴᠢᠶᠡᠵᠢᠭᠦᠯᠬᠦ ᠲᠡᠶᠢᠰᠢ | ᠬᠦᠭᠵᠢᠬᠦᠯᠦᠨ᠎ᠡ︾ ᠭᠡᠯᠡ᠃ |