ᠰᠠᠶᠢᠨ ᠠᠳᠤᠭᠤᠴᠢᠨ ᠤ ᠵᠤᠭᠤᠭ ᠰᠠᠯᠬᠢᠨ ᠬᠦᠯᠦᠭᠯᠡᠳᠡᠭ ——  ᠠᠬᠠᠮᠠᠳ ᠠᠳᠤᠭᠤᠴᠢᠨ ᠤᠯᠠᠭᠠᠨ ᠨᠢᠳᠤᠨ ᠲᠠᠷᠵᠢᠶ᠎ᠠ ᠶᠢᠨ ᠲᠤᠬᠠᠢ ᠲᠤᠷᠠᠰᠤᠮᠵᠢ
ᠨᠡᠶᠢᠲᠡᠯᠡᠭᠰᠡᠨ ᠴᠠᠭ᠄
2024/1/18
        ᠠᠪᠠᠭ᠎ᠠ ᠨᠤᠳᠤᠭ ᠤᠨ ᠨᠠᠷᠠᠳᠤ ᠠᠳᠤᠭᠤᠴᠢᠨ ᠲᠠᠷᠵᠢᠶ᠎ᠠ 1915 ᠤᠨ ᠳᠤ ᠠᠪᠠᠭ᠎ᠠ ᠪᠠᠷᠠᠭᠤᠨ ᠭᠠᠷᠤᠨ ᠬᠤᠰᠢᠭᠤᠨ ᠶᠢᠨ ᠲᠠᠶᠢᠵᠢᠨᠠᠷ ᠰᠤᠮᠤᠨ ᠤ ᠴᠠᠩᠳᠤ ᠤᠪᠤᠭᠠᠨ ᠤ ᠠᠷᠤ ᠳᠠᠬᠢ ᠬᠠᠵᠠᠭᠠᠷᠳᠤ ᠶᠢᠨ ᠡᠪᠤᠯᠵᠢᠶ᠎ᠠ ︵ᠤᠳᠤ ᠎ ᠶᠢᠨ ᠴᠠᠭᠠᠡᠨᠠᠭᠤᠷ ᠪᠠᠯᠭᠠᠰᠤᠨ ᠤ ᠴᠠᠭᠠᠡᠨᠠᠭᠤᠷ ᠭᠠᠴᠠᠭ᠎ᠠ︶ ᠬᠡᠬᠦ ᠭᠠᠵᠡᠷ ᠠᠪᠦ‍ ᠵᠢᠭᠮᠢᠳ ᠡᠵᠢ ᠬᠠᠵᠢᠳ ᠤᠨ ᠤᠳᠭᠠᠨ ᠬᠦᠪᠡᠬᠦᠨ ᠪᠤᠯᠵᠤ ᠲᠦᠷᠤᠵᠠᠢ᠂ ᠲᠠᠷᠵᠢᠶ᠎ᠠ ᠶᠢᠨ ᠲᠦᠷᠦᠭᠰᠡᠨ ᠬᠡᠷ ᠨᠢ ᠲᠦᠢᠯ ᠤᠨ ᠶᠠᠳᠠᠭᠤ ᠪᠠᠶᠢᠭᠰᠡᠨ ᠪᠦᠬᠡᠳ ᠠᠪᠤ ᠎ ᠨᠢ ᠪᠠᠶ᠎ᠠ ᠪᠦᠳᠤᠬᠦᠨ ᠴᠢᠳᠠᠯ ᠪᠢᠷ᠎ᠠ ᠰᠠᠶᠢᠳᠡᠢ ᠬᠦᠮᠤᠨ ᠪᠤᠯᠬᠤᠷ ᠪᠠᠶᠠᠳ ᠨᠤᠶᠠᠳ ᠤᠨ ᠪᠤᠶᠤ ᠰᠦᠮ᠎ᠠ ᠬᠡᠶᠢᠳ ᠤᠨ ᠵᠢᠰᠠ ᠶᠢᠨ ᠠᠳᠤᠭᠤ ᠬᠠᠷᠢᠭᠤᠯᠵᠤ ᠠᠮᠢᠳᠤᠷᠡᠯ ᠢᠶᠠᠨ ᠠᠷᠭᠠᠴᠠᠭᠠᠵᠤ ᠪᠠᠶᠢᠵᠠᠢ᠃         ᠲᠠᠷᠵᠢᠶ᠎ᠠ ᠭᠤᠸᠠᠢ ᠪᠠᠭᠰᠢ ᠳᠤ ᠱᠠᠪᠢᠯᠠᠵᠤ ᠰᠤᠳᠤᠷ ᠨᠤᠮ ᠳᠤ ᠦᠢᠷᠡᠳᠬᠤ ᠵᠠᠪᠰᠢᠶᠠᠨ ᠤᠯᠳᠠᠭᠰᠡᠨ ᠦᠬᠡᠢ ᠴᠤ ᠠᠪᠤ ᠪᠠᠨ ᠲᠠᠭᠠᠵᠤ ᠠᠳᠤᠭᠤ ᠮᠠᠯ ᠤᠨ ᠲᠠᠷᠬᠡᠳᠡ ᠦᠰᠦᠭᠰᠡᠨ ᠪᠠᠶᠢᠨ᠎ᠠ᠃ ᠲᠠᠷᠵᠢᠶ᠎ᠠ ᠪᠠᠭ᠎ᠠ ᠠᠴᠠ ᠪᠠᠨ ᠶᠠᠷᠤᠨᠢ ᠤᠬᠠᠭᠠᠯᠢᠭ ᠠᠪᠬᠠᠯᠵᠢ᠂ ᠰᠠᠷᠬᠦᠯᠠᠩ ᠴᠤᠪᠤᠭᠤ ᠬᠦᠮᠤᠨ ᠪᠠᠶᠢᠭᠰᠡᠨ ᠢᠶᠠᠷ ᠭᠠᠷ ᠨᠢ ᠭᠠᠨᠵᠤᠭᠠᠨ ᠳᠤ ᠬᠦᠯ ᠎ ᠨᠢ ᠲᠦᠷᠤᠬᠡᠨ ᠳᠤ ᠬᠦᠷᠦᠭᠰᠡᠨ ᠴᠡᠬᠡᠯ ᠨᠠᠰᠤᠨ ᠳᠤ ᠪᠠᠨ ᠤᠷᠭ᠎ᠠ ᠶᠢᠨ ᠬᠤᠶᠢᠪᠢ ᠤᠷᠳᠤ ᠵᠢᠯᠤᠭᠤ ᠶᠢ ᠠᠯᠤᠰ ᠲᠤ ᠰᠤᠩᠭᠠᠭᠰᠡᠨ ᠬᠦᠮᠤᠨ ᠪᠠᠶᠢᠵᠠᠢ᠃         ᠲᠠᠷᠵᠢᠶ᠎ᠠ ᠭᠤᠸᠠᠢ ᠰᠡᠬᠦᠯ ᠳᠤ ᠨᠢ ᠠᠪᠤ ᠶᠢᠨ ᠠᠵᠢᠯ ᠢ ᠵᠠᠯᠭᠠᠵᠤ ᠠᠳᠤᠭᠤᠴᠢᠨ ᠪᠤᠯᠤᠭᠰᠡᠨ ᠢᠶᠠᠨ 1935 ᠤᠨ ᠤ ᠤᠷᠴᠢᠮ ᠴᠠᠩᠳᠤ ᠰᠦᠮ᠎ᠠ ᠶᠢᠨ ᠦᠷᠡᠯ ᠵᠢᠰᠠ ᠶᠢᠨ ᠨᠢᠷᠪᠠ ᠭᠤᠮᠪᠤᠵᠠᠪ ᠯᠠᠮᠠᠬᠠᠢ ᠶᠢᠨ ᠬᠤᠶᠠᠷ ᠵᠠᠭᠤ ᠭᠠᠷᠤᠢ ᠠᠳᠤᠭᠤ ᠶᠢ ᠬᠠᠷᠢᠭᠤᠯᠤᠭᠰᠡᠨ ᠪᠠᠶᠢᠨ᠎ᠠ᠃ ᠢᠩᠬᠢᠬᠡᠳ ᠠᠳᠤᠭᠤᠨ ᠰᠦᠷᠦᠭ ᠢᠶᠠᠨ ᠠᠪᠴᠤ ᠬᠦᠷ ᠴᠠᠭᠠᠨ ᠨᠠᠭᠤᠷ ᠤᠨ ᠬᠤᠶᠢᠳᠤ ᠳᠠᠬᠢ ᠠᠮᠠᠨ ᠱᠠᠩᠳᠠ ᠬᠡᠬᠦ ᠨᠤᠳᠤᠭ ᠲᠤ ᠤᠯᠠᠨ ᠵᠢᠯ ᠰᠠᠭᠤᠭᠰᠡᠨ ᠶᠤᠮ ᠬᠡᠨ᠎ᠠ᠃ ᠬᠦᠷ ᠴᠠᠭᠠᠨ ᠨᠠᠭᠤᠷ ᠤᠨ ᠬᠤᠶᠢᠳᠤ ᠬᠦᠪᠡᠬᠡᠨ ᠠᠴᠠ ᠲᠤᠳᠤᠭᠰᠢ ᠴᠦᠮᠤᠷᠠᠨ ᠪᠠᠶᠢᠷᠢᠰᠢᠭᠰᠡᠨ ᠬᠤᠶᠡᠷ ᠬᠤᠰᠢᠭᠤ ᠪᠤᠢ᠃ ᠨᠢᠬᠡ ᠨᠢ ᠰᠤᠯᠢᠳᠤ ᠶᠢᠨ ᠬᠤᠰᠢᠭᠤ᠂ ᠨᠦᠬᠦᠬᠡ ᠨᠢ ᠱᠤᠭᠤᠮ ᠤᠨ ᠬᠤᠰᠢᠭᠤ ᠬᠡᠵᠤ ᠨᠠᠷᠠᠯᠡᠳᠡᠭ᠃ ᠬᠠᠪᠤᠷ ᠦᠷᠢᠶ᠎ᠠ ᠬᠠᠭᠠᠷᠢᠬᠤ᠂ ᠠᠳᠤᠭᠤ ᠲᠡᠯᠯᠡᠬᠦ ᠳᠤ ᠡᠨ᠋ᠨ ᠬᠤᠰᠢᠭᠤ ᠨᠤᠭᠤᠳ ᠢ ᠠᠰᠢᠭᠯᠠᠵᠤ ᠠᠳᠤᠭᠤ ᠪᠠᠨ ᠲᠡᠬᠦᠨ ᠲᠤᠳᠤᠷ᠎ᠠ ᠰᠢᠬᠠᠵᠤ ᠪᠠᠷᠢᠵᠤ ᠠᠪᠳᠠᠭ ᠪᠠᠶᠢᠨ᠎ᠠ᠃ ᠶᠡᠭᠡ ᠪᠠᠭ᠎ᠠ ᠴᠠᠭᠠᠨ ᠨᠠᠭᠤᠷ ᠤᠨ ᠬᠤᠶᠢᠳᠤ ᠪᠦᠬᠦᠷᠴᠡᠭ ᠠᠭᠤᠯᠠ ᠎ ᠶᠢᠨ ᠪᠠᠷᠠᠭᠤᠨ ᠬᠤᠶᠢᠳᠤ ᠬᠠᠵᠠᠭᠤ ᠳᠤ ᠨᠢᠬᠡᠨ ᠭᠠᠩᠭ᠎ᠠ ᠪᠠᠶᠢᠳᠠᠭ᠃ ᠡᠬᠦᠨ ᠳᠤ ᠴᠤ ᠠᠳᠤᠭᠤ ᠰᠢᠬᠠᠵᠤ ᠪᠠᠷᠢᠳᠠᠭ ᠪᠠᠶᠢᠭᠰᠡᠨ ᠢ ᠨᠤᠳᠤᠭ ᠤᠨ ᠵᠠᠷᠢᠮ ᠪᠤᠭᠤᠷᠤᠯᠴᠤᠳ ︽ᠲᠠᠷᠵᠢᠶ᠎ᠠ ᠶᠢᠨ ᠭᠤᠤ︾ ᠴᠤ ᠬᠡᠳᠡᠭ ᠪᠢᠯᠠ᠃         ᠲᠠᠷᠵᠢᠶ᠎ᠠ 1945 ᠤᠨ ᠳᠤ ᠲᠠᠯᠠᠬᠡᠢ ᠶᠢᠨ ᠬᠤᠶᠠᠳᠤᠭᠠᠷ ᠲᠠᠶᠢᠨ ᠤ ᠬᠦᠯ ᠠᠴᠠ ᠠᠳᠤᠭᠤ ᠪᠠᠨ ᠬᠠᠮᠠᠭᠠᠯᠠᠬᠤ ᠶᠢᠨ ᠲᠦᠯᠤᠬᠡ ᠬᠤᠶᠡᠷ ᠨᠠᠭᠤᠷ ᠤᠨ ᠲᠠᠰᠤᠷᠠᠬᠠᠢ ︽ᠬᠤᠭᠤᠷᠤᠡᠳᠤ︾ ᠬᠡᠮᠡᠬᠦ ᠬᠦᠮᠤᠨ ᠠᠮᠢᠳᠠᠨ ᠤᠴᠢᠳᠠᠭ ᠦᠬᠡᠢ ᠭᠠᠵᠡᠷ ᠠᠳᠤᠭᠤ ᠪᠠᠨ ᠬᠤᠷᠢᠶᠠᠵᠤ ᠲᠠᠯᠪᠢᠭᠰᠡᠨ ᠠᠴᠠ ᠠᠳᠤᠭᠤᠨ ᠰᠦᠷᠦᠭ ᠢᠶᠠᠨ ᠮᠠᠡᠳᠤ ᠠᠪᠴᠤ ᠭᠠᠷᠤᠭᠰᠡᠨ ᠨᠢ ᠤᠯᠤᠰ ᠬᠠᠮᠳᠤ ᠶᠢᠨ ᠬᠦᠷᠤᠩᠬᠡ ᠪᠤᠯᠬᠤ ᠳᠤ ᠶᠡᠬᠡᠬᠡᠨ ᠨᠠᠮᠠᠷᠢ ᠪᠤᠯᠤᠭᠰᠡᠨ ᠬᠡᠵᠤ ᠶᠠᠷᠢᠳᠠᠭ ᠶᠤᠮ᠃ ᠪᠠᠰᠠ ᠨᠢᠬᠡᠨ ᠤᠯᠠᠨ ᠤ ᠲᠤᠷᠠᠳᠬᠠᠯ ᠪᠤᠯᠤᠭᠰᠡᠨ ᠦᠯᠢᠬᠡᠷ ᠬᠡᠪᠡᠯ ᠲᠡᠬᠡᠷ᠎ᠠ ᠵᠠᠭᠤᠨ ᠤ ᠵᠢᠷᠠᠭᠠᠳ ᠤᠨ ᠤ ᠡᠬᠢ ᠪᠠᠷ ᠰᠦᠨᠢᠳ ᠵᠠᠬᠦᠨ ᠬᠤᠰᠢᠭᠤᠨ ᠤ ᠬᠤᠯᠪᠤᠭ᠎ᠠ ᠭᠤᠷᠪᠡᠨ ᠮᠠᠳᠠᠭᠠᠯ ᠭᠡᠳᠡᠭ ᠮᠠᠩᠬᠠᠨ ᠨᠤᠳᠤᠭ ᠲᠤ ᠵᠡᠷᠯᠢᠭᠰᠢᠭᠰᠡᠨ ᠠᠳᠤᠭᠤᠳ ᠤᠯᠠᠨ ᠪᠠᠶᠢᠵᠤ ᠪᠠᠷᠤᠭ ᠤᠨ ᠠᠳᠤᠭᠤᠴᠢᠳ ᠪᠠᠷᠢᠵᠤ ᠲᠠᠶᠢᠯᠳᠡᠭ ᠦᠬᠡᠢ ᠬᠡᠨ᠎ᠠ᠃ ᠢᠩᠬᠢᠬᠡᠳ ᠨᠢᠬᠡᠨ ᠵᠢᠯ ᠤᠨ ᠵᠤᠨ ᠲᠠᠷᠵᠢᠶ᠎ᠠ ᠭᠤᠸᠠᠢ ᠴᠠᠩᠬᠡᠷ ᠪᠠᠯᠳᠠᠨ᠂ ᠲᠠᠰᠤᠷᠠᠬᠠᠢ ᠲᠠᠮᠳᠢᠨ ᠵᠡᠷᠬᠡ ᠠᠪᠠᠭ᠎ᠠ ᠨᠤᠳᠤᠭ ᠤᠨ ᠦᠶ᠎ᠠ ᠪᠠᠷᠤᠭ ᠤᠨ ᠭᠤᠷᠪᠡᠨ ᠠᠳᠤᠭᠤᠴᠢᠨ ᠠᠳᠤᠭᠤᠨ ᠡᠷᠢᠯ ᠢᠶᠠᠷ ᠶᠠᠪᠤᠵᠤ ᠪᠠᠶᠢᠭᠠᠳ ᠲᠤᠮᠳᠠ ᠮᠠᠳᠠᠭᠠᠯ ᠳᠤ ᠠᠳᠤᠭᠤ ᠬᠤᠷᠢᠶᠠᠭᠰᠡᠨ ᠤᠯᠠᠨ ᠬᠦᠮᠤᠨ ᠲᠡᠬᠡᠷ᠎ᠠ ᠲᠠᠯᠪᠢᠭᠠᠳ ᠬᠦᠷᠦᠭᠰᠡᠨ ᠬᠡᠨ᠎ᠠ᠃         ᠲᠠᠡᠳᠡ ᠭᠤᠷᠪᠡᠨ ᠮᠠᠳᠠᠭᠠᠯ ᠤᠨ ᠤᠯᠠᠨ ᠵᠡᠷᠯᠢᠭ ᠠᠳᠤᠭᠤᠳ ᠢ ᠬᠤᠷᠢᠶᠠᠵᠤ ᠪᠦᠰᠠᠯᠠᠨ ᠰᠢᠬᠠᠬᠤ ᠪᠠᠷ ᠶᠠᠷᠢᠯᠴᠠᠵᠤ᠂ ᠰᠢᠪᠤᠭ ︵ᠬᠠᠮᠤᠭ ᠰᠠᠬᠦᠯ ᠤᠨ ᠬᠦᠮᠤᠨ︶᠎ ᠤᠨ ᠦᠵᠤᠬᠦᠷ ᠲᠤ ᠲᠠᠷᠵᠢᠶ᠎ᠠ ᠭᠤᠸᠠᠢ ᠶᠢ ᠲᠤᠮᠢᠯᠠᠵᠠᠢ᠃ ᠢᠩᠬᠢᠬᠡᠳ ᠲᠠᠷᠵᠢᠶ᠎ᠠ ᠠᠯᠢ ᠬᠡᠴᠡᠬᠦᠦ ᠬᠡᠳᠤᠨ ᠵᠡᠷᠯᠢᠭ ᠠᠳᠤᠭᠤ ᠶᠢ ᠨᠢ ᠪᠠᠷᠢᠵᠤ ᠦᠭᠬᠦᠭᠰᠡᠨ ᠠᠳᠠᠯ᠎ᠠ ᠪᠠᠨ ᠬᠠᠮᠤᠭ ᠰᠠᠬᠦᠯ ᠤᠨ ᠨᠢᠬᠡ ᠶᠢ ᠨᠢ ᠶᠠᠭ ᠨᠤᠭᠳᠤᠯᠬᠤ ᠶᠢᠨ ᠠᠮᠠᠰᠠᠷ ᠲᠡᠬᠡᠷ᠎ᠠ ᠮᠤᠯᠳᠤᠯᠤᠨ ᠬᠦᠬᠡᠬᠡᠴᠢᠬᠡᠵᠡᠢ᠃ ︽ᠬᠦᠢ᠂ ᠶᠠᠭᠠᠬᠢᠴᠢᠬᠠᠪᠠ︖︾ ᠬᠡᠵᠤ ᠬᠦᠮᠤᠰ ᠭᠠᠶᠢᠬᠠᠨ ᠠᠰᠠᠭᠤᠬᠤ ᠳᠤ ᠲᠠᠷᠵᠢᠶ᠎ᠠ ︽ᠠᠢ᠂ ᠬᠢᠨᠵᠢ ᠨᠢ ᠲᠦᠯᠤᠷᠡᠴᠢᠬᠡᠯ᠎ᠠ︾ ᠬᠡᠰᠡᠨ ᠬᠡᠨ᠎ᠠ᠃ ︽ᠶᠠᠭᠠᠬᠢᠭᠠᠳ ᠢᠩᠬᠢᠴᠢᠬᠡᠪᠡ︖︾ ᠬᠡᠵᠤ ᠪᠤᠰᠤᠳ ᠬᠦᠮᠤᠨ ᠭᠠᠶᠢᠬᠠᠨ ᠠᠰᠠᠭᠤᠬᠤ ᠳᠤ ᠲᠠᠷᠵᠢᠶ᠎ᠠ ᠠᠩᠬ᠎ᠠ ᠲᠡᠳᠡᠨ ᠲᠡᠬᠡᠷ᠎ᠠ ᠤᠴᠢᠬᠤ ᠳᠤ ᠲᠠᠷᠵᠢᠶ᠎ᠠ ᠶᠢᠨ ᠪᠠᠷᠢᠭᠰᠡᠨ ᠪᠦᠳᠤᠬᠦᠨ ᠤᠷᠭ᠎ᠠ ᠶᠢ ᠨᠢ ᠬᠦᠮᠤᠰ ᠦᠵᠡᠬᠡᠳ ︽ᠠᠢ᠂ ᠨᠤᠬᠠᠢ ᠠᠴᠠ ᠬᠢᠨᠵᠢ ᠨᠢ ᠬᠡᠭᠴᠢ︾᠎ ᠪᠠᠷ ᠬᠡᠵᠤ ᠡᠯᠡᠭᠯᠡᠨ ᠲᠤᠭᠤᠬᠢᠯᠠᠭᠰᠡᠨ ᠬᠡᠨ᠎ᠠ᠃ ᠤᠴᠢᠷ ᠎ ᠨᠢ ᠲᠠᠷᠵᠢᠶ᠎ᠠ ᠪᠤᠯ ᠲᠠᠶᠢᠮᠤ ᠴᠤ ᠪᠠᠶᠡᠷᠬᠡᠭ ᠬᠦᠮᠤᠨ ᠪᠢᠰᠢ ᠬᠠᠷᠢᠨ ᠨᠠᠮᠬᠠᠨ ᠪᠤᠭᠤᠨᠢ ᠬᠦᠮᠤᠨ ᠠᠳᠠᠯ᠎ᠠ ᠪᠠᠨ ᠪᠠᠷᠢᠭᠰᠡᠨ ᠤᠷᠭ᠎ᠠ ᠨᠢ ᠲᠦᠷᠪᠡᠨ ᠠᠯᠳᠠ ᠠᠴᠠ ᠤᠷᠳᠤ ᠮᠦᠷᠳᠡᠬᠡᠨ ᠤᠭᠤᠨᠤ ᠶᠢᠨ ᠬᠦᠵᠤᠬᠦᠨ ᠠᠷᠠᠰᠤ ᠪᠠᠷ ᠲᠠᠮᠤᠭᠰᠡᠨ ᠪᠦᠳᠤᠬᠦᠨ ᠬᠤᠶᠢᠪᠢ ᠬᠡᠷᠡᠭᠯᠡᠳᠡᠭ᠂ ᠪᠦᠳᠤᠬᠦᠨ ᠬᠢᠳᠤᠭ᠎ᠠ ᠪᠠᠨ ᠪᠦᠰᠠᠨ ᠳᠤ ᠪᠠᠨ ᠬᠠᠪᠴᠢᠭᠤᠯᠤᠭᠰᠡᠨ ᠰᠤᠨᠢᠨ ᠬᠦᠮᠤᠨ ᠪᠠᠶᠢᠭᠰᠡᠨ ᠤ ᠬᠢ ᠪᠢᠵᠠ᠂ ᠡᠬᠦᠨ ᠠᠴᠠ ᠬᠤᠶᠢᠰᠢ ᠰᠦᠨᠢᠳ ᠨᠤᠳᠤᠭ ᠤᠨ ᠬᠦᠮᠤᠰ ︽ᠮᠠᠳᠠᠭᠠᠯ ᠲᠠᠷᠵᠢᠶ᠎ᠠ︾ ᠬᠡᠵᠤ ᠲᠠᠭᠤᠳᠠᠬᠤ ᠪᠤᠯᠤᠭᠰᠡᠨ ᠲᠤᠮᠤᠭ ᠲᠠᠢ ᠶᠤᠮᠰᠠᠨ᠃         1958 ᠤᠨ ᠳᠤ ᠦᠡᠳᠤᠷ ᠵᠡᠷᠬᠡ ᠶᠢᠨ ᠬᠤᠷᠰᠢᠶ᠎ᠠ ᠠᠴᠠ ᠪᠠᠨ ᠠᠷᠡᠳ ᠤᠨ ᠨᠢᠬᠡᠳᠤᠯ ᠪᠠᠶᠢᠭᠤᠯᠵᠤ᠂ ᠮᠠᠯᠴᠢᠨ ᠪᠦᠬᠦᠳᠠ ᠨᠢᠬᠡᠳᠤᠯ ᠤᠨ ᠬᠡᠰᠢᠬᠦᠨ ᠪᠤᠯᠵᠤ ᠶᠡᠭᠡ ᠪᠠᠷᠢᠭᠠᠳᠠ ᠠᠴᠠ ᠪᠠᠭ᠎ᠠ ᠪᠠᠷᠢᠭᠠᠳᠠ ᠬᠤᠪᠢᠶᠠᠨ ᠬᠦᠷᠤᠩᠬᠡ ᠮᠠᠯ ᠶᠢ ᠨᠢ ᠬᠠᠮᠳᠤ ᠶᠢᠨ ᠬᠦᠷᠤᠩᠬᠡ ᠪᠤᠯᠭᠠᠭᠰᠡᠨ ᠪᠠᠶᠢᠳᠠᠯ ᠲᠤᠤᠷ᠎ᠠ ᠲᠠᠷᠵᠢᠶ᠎ᠠ ᠭᠤᠸᠠᠢ ᠴᠤ ᠴᠠᠭᠠᠡᠨᠠᠭᠤᠷ ᠪᠠᠷᠢᠭᠠᠳᠠ ᠎ ᠶᠢᠨ ᠬᠠᠮᠳᠤ ᠶᠢᠨ ᠠᠳᠤᠭᠤᠴᠢᠨ ᠪᠤᠯᠤᠭᠰᠡᠨ ᠪᠢᠯᠠ᠃ ᠦᠷᠤᠬᠡ ᠨᠤᠳᠤᠭ ᠤᠨ ᠵᠦᠷᠢᠶ᠎ᠠ ᠪᠠᠯᠴᠢᠬᠡᠷ ᠲᠠᠢ ᠲᠠᠰᠤᠷᠠᠬᠠᠢ ᠲᠠᠮᠳᠢᠨ ᠭᠤᠸᠠᠢ ᠲᠠᠷᠵᠢᠶ᠎ᠠ ᠶᠢᠨ ᠡᠮᠤᠨ᠎ᠠ ᠪᠤᠰᠤᠳ ᠬᠦᠮᠤᠨ ᠠᠳᠤᠭᠤ ᠤᠷᠭᠠᠯᠠᠬᠤ ᠶᠢ ᠦᠵᠡᠬᠡᠳᠤᠢ᠂ ᠲᠠᠷᠵᠢᠶ᠎ᠠ ᠶᠢᠨ ᠤᠷᠭ᠎ᠠ ᠪᠠᠨ ᠬᠤᠭᠤᠯᠬᠤ ᠶᠢ ᠦᠵᠡᠬᠡᠳᠤᠢ᠂ ᠡᠮᠨᠢᠭ ᠠᠴᠠ ᠦᠢᠴᠢᠬᠤ ᠶᠢ ᠦᠵᠡᠬᠡᠳᠤᠢ᠂ ᠨᠢᠬᠡ ᠨᠠᠰᠤ ᠶᠢ ᠪᠠᠷᠠᠯ᠎ᠠ ᠬᠡᠵᠤ ᠬᠠᠭᠤᠴᠢᠯᠠᠵᠤ ᠪᠠᠶᠢᠯ᠎ᠠ᠃         1964 ᠤᠨ ᠤ ᠨᠠᠮᠤᠷ ᠲᠠᠷᠵᠢᠶ᠎ᠠ ᠭᠤᠸᠠᠢ ᠲᠤᠰ ᠪᠠᠷᠢᠭᠠᠳᠠ ᠶᠢᠨ ᠠᠳᠤᠭᠤᠴᠢᠨ ᠯᠤᠪᠰᠠᠩᠳᠠᠮᠪᠠ᠂ ᠲᠠᠪᠰᠢᠯᠳᠠ ᠪᠠᠷᠢᠭᠠᠳᠠ ᠶᠢᠨ ᠠᠳᠤᠭᠤᠴᠢᠨ ᠫᠠᠳᠠ ᠤᠰᠤᠷ᠂ ᠰᠠᠶᠢᠷᠠᠨ ᠲᠤᠷᠵᠢ ᠨᠠᠷ ᠲᠠᠢ ᠠᠳᠤᠭᠤᠨ ᠤ ᠡᠷᠢᠯ ᠢᠶᠠᠷ ᠲᠦᠷᠪᠡᠬᠦᠯᠡ ᠶᠠᠪᠤᠭᠰᠡᠨ ᠬᠡᠨ᠎ᠠ᠃ ᠢᠩᠬᠢᠬᠡᠳ ᠪᠠᠷᠠᠭᠤᠨ ᠬᠤᠶᠢᠰᠢ ᠶᠠᠪᠤᠭᠰᠠᠭᠠᠷ ᠰᠦᠨᠢᠳ ᠵᠠᠬᠦᠨ ᠬᠤᠰᠢᠭᠤᠨ ᠤ ᠴᠠᠩᠳᠤᠰᠢᠯᠢ ᠰᠤᠮᠤᠨ ᠤ ᠬᠠᠵᠠᠭᠤ ᠴᠡᠬᠡᠨ ᠬᠡᠳᠡᠭ ᠭᠠᠵᠡᠷ ᠬᠦᠷᠴᠤ ᠲᠡᠡᠳᠡᠬᠢ ᠶᠢᠨ ᠠᠳᠤᠭᠤᠴᠢᠳ ᠲᠠᠢ ᠬᠠᠮᠵᠢᠨ ᠬᠠᠷ ᠭᠤᠪᠢ ᠶᠢᠨ ᠵᠡᠷᠯᠢᠭ ᠤᠷᠤᠭ᠎ᠠ ᠮᠤᠷᠢᠳ ᠢ ᠪᠠᠷᠢᠯᠴᠠᠵᠤ ᠦᠭᠬᠦᠬᠡᠳ ︽ᠠᠪᠠᠭ᠎ᠠ ᠶᠢᠨ ᠪᠦᠳᠤᠬᠦᠨ ᠤᠷᠭᠠᠳᠤ ᠲᠡᠷᠵᠢᠶ᠎ᠠ ᠬᠡᠭᠴᠢ ᠠᠳᠤᠭᠤᠨ ᠤ ᠲᠠᠷᠤᠯᠭ᠎ᠠ ᠶᠤᠮ ᠪᠠᠶᠢᠨ᠎ᠠ︾ ᠬᠡᠵᠤ ᠮᠠᠭᠳᠠᠭᠳᠠᠭᠰᠡᠨ ᠬᠡᠳᠡᠭ᠃ ᠲᠠᠡᠳᠡ ᠠᠴᠠ ᠬᠡᠰᠡᠭ ᠠᠳᠤᠭᠤ ᠪᠠᠨ ᠰᠤᠷᠠᠭᠯᠠᠨ ᠤᠯᠵᠤ ᠠᠪᠤᠭᠰᠡᠨ ᠢᠶᠠᠷ ᠰᠠᠶᠢᠷᠠᠨ ᠲᠤᠷᠵᠢ ᠪᠠᠨ ᠠᠳᠤᠭᠤ ᠪᠠᠨ ᠲᠠᠭᠤᠯᠭᠠᠵᠤ ᠬᠡᠷ ᠤᠷᠤᠭᠤ ᠪᠠᠨ ᠪᠤᠴᠠᠭᠠᠵᠠᠢ᠃ ᠭᠤᠷᠪᠡᠭᠤᠯᠠ ᠦᠷᠬᠦᠯᠵᠢᠯᠡᠨ ᠪᠠᠷᠠᠭᠤᠡᠰᠢ ᠶᠠᠪᠤᠵᠤ᠂ ᠰᠦᠨᠢᠳ ᠪᠠᠷᠠᠭᠤᠨ ᠬᠤᠰᠢᠭᠤᠨ ᠎ ᠤ ᠠᠴᠢᠳᠤ ᠠᠭᠤᠯᠠ ᠨᠢᠬᠡᠳᠤᠯ ᠤᠨ ᠰᠠᠬᠡᠷ ᠤᠨ ᠠᠭᠤᠯᠠ ᠬᠡᠳᠡᠭ ᠭᠠᠵᠡᠷ ᠬᠦᠷᠴᠤ ᠬᠡᠳᠤ ᠬᠤᠨᠤᠭ ᠠᠳᠤᠭᠤ ᠪᠠᠨ ᠴᠤᠭᠯᠠᠭᠤᠯᠵᠤ ᠪᠠᠶᠢᠳᠠᠯ᠎ᠠ ᠲᠠᠡᠳᠡᠬᠢ ᠶᠢᠨ ᠬᠦᠮᠤᠰ ᠬᠠᠯᠴᠠᠭᠠᠢ ᠶᠢᠨ ᠭᠤᠪᠢ ᠪᠤᠯᠤᠨ ᠰᠠᠬᠡᠷ ᠤᠨ ᠠᠭᠤᠯᠠ ᠬᠠᠪᠢ ᠶᠢᠨ ᠠᠳᠤᠭᠤᠳ ᠳᠤ ᠬᠤᠮᠢᠵᠤ ᠬᠤᠷᠢᠶᠠᠬᠤ ᠶᠠᠷᠢᠶ᠎ᠠ ᠭᠠᠷᠴᠠᠢ᠃ ᠲᠤᠰ ᠴᠢᠮᠡᠭᠡ ᠨᠢ ᠡᠷᠢᠯᠴᠢᠨ ᠬᠦᠮᠤᠨ ᠳᠤ ᠮᠠᠰᠢ ᠰᠠᠶᠢᠨ ᠲᠤᠬᠢᠶᠠᠯ ᠪᠤᠯᠬᠤ ᠨᠢ ᠲᠠᠮᠵᠢᠭ ᠦᠬᠡᠢ᠃ ᠲᠡᠬᠡᠬᠡᠳ ᠬᠤᠶᠡᠷ ᠬᠤᠨᠤᠭ ᠤᠨ ᠲᠠᠷᠠᠭ᠎ᠠ ᠨᠢ ᠠᠭᠤᠯᠠ ᠶᠢᠨ ᠬᠠᠪᠴᠢᠯ ᠭᠠᠩᠭ᠎ᠠ ᠳᠤ ᠠᠳᠤᠭᠤᠨ ᠰᠦᠷᠦᠭ ᠢᠶᠠᠨ ᠰᠢᠬᠠᠬᠤ ᠪᠠᠷ ᠪᠤᠯᠤᠭᠰᠡᠨ ᠶᠤᠮ ᠪᠠᠶᠢᠨ᠎ᠠ᠃        ᠬᠡᠳᠤ ᠬᠡᠳᠤᠨ ᠪᠠᠷᠢᠭᠠᠳᠠ ᠶᠢᠨ ᠠᠳᠤᠭᠤᠴᠢᠳ ᠬᠠᠮᠵᠢᠯᠴᠠᠨ ᠪᠠᠶᠢᠵᠤ ᠲᠤᠩ ᠤᠯᠠᠨ ᠠᠳᠤᠭᠤ ᠶᠢ ᠬᠤᠷᠢᠶᠠᠵᠤ᠂ ᠤᠯᠠᠨ ᠬᠦᠮᠤᠨ ᠲᠠᠮᠵᠢᠭᠤᠯᠵᠤ ᠬᠦᠬᠡᠬᠡᠵᠤ ᠲᠠᠭᠤᠭᠰᠠᠭᠠᠷ ᠪᠠᠶᠢᠭᠠᠳ ᠤᠡᠴᠠ ᠬᠡᠳᠤᠨ ᠬᠤᠷ ᠲᠠᠯ ᠲᠠᠢ ᠠᠳᠤᠭᠤᠳ ᠲᠠᠰᠤᠷᠠᠨ ᠬᠤᠯᠠ ᠭᠠᠷᠬᠤ ᠶᠢ ᠬᠠᠷᠠᠭᠰᠡᠨ ᠨᠦᠬᠦᠬᠡ ᠭᠤᠷᠪᠡ ᠴᠤ ᠶᠠᠭ ︽ᠡᠬᠦᠨ ᠢ ᠪᠠᠷᠢᠨ᠎ᠠ︾ ᠬᠡᠵᠤ ᠠᠮᠠᠳᠠᠨ ᠲᠠᠪᠬᠢᠵᠠᠭᠠᠵᠠᠢ᠃ ᠮᠤᠷᠢ ᠪᠠᠨ ᠲᠠᠰᠢᠭᠤᠷᠳᠠᠨ ᠦᠢᠷᠠᠳᠤᠨ ᠤᠴᠢᠭᠰᠡᠨ ᠴᠢᠨᠢ ᠲᠠᠯ ᠨᠢ ᠭᠠᠵᠡᠷ ᠰᠢᠬᠦᠷᠠᠮ᠎ᠠ ᠰᠠᠷᠠᠯ ᠠᠵᠢᠷᠭ᠎ᠠ ᠲᠡᠷᠢᠬᠦᠯᠡᠨ ᠤᠡᠴᠠᠭᠠᠶᠢᠷᠠᠵᠤ ᠪᠠᠶᠢᠭᠰᠡᠨ ᠪᠦᠬᠡᠳ ᠲᠠᠷᠵᠢᠶ᠎ᠠ ᠶᠢᠨ ᠤᠷᠭᠠᠯᠠᠬᠤ ᠲᠡᠷᠡᠬᠡᠨ ᠠᠭᠱᠠᠨ ᠎ ᠳᠤ ᠡᠮᠡᠬᠡᠯ ᠨᠢ ᠬᠤᠭᠤᠰᠳᠠᠵᠤ ᠬᠦᠮᠤᠨ ᠨᠢ ᠬᠠᠷᠢᠨ ᠮᠤᠷᠢᠨ ᠲᠠᠯ ᠲᠡᠬᠡᠷ᠎ᠠ ᠬᠡᠪᠳᠡᠬᠦ ᠶᠢ ᠬᠤᠪᠤᠷᠬᠠᠨ ᠤᠯᠵᠤ ᠦᠵᠡᠭᠰᠡᠨ ᠬᠦᠮᠤᠰ ᠡᠷᠬᠡ ᠦᠬᠡᠢ ᠱᠠᠭᠰᠢᠷᠠᠨ ᠭᠠᠶᠢᠬᠠᠭᠰᠡᠨ ᠬᠡᠨ᠎ᠠ᠃ ᠢᠩᠬᠢᠬᠡᠳ ᠭᠠᠵᠡᠷ ᠤᠨ ᠠᠯᠤᠰ ᠲᠤ ᠭᠠᠳᠠᠨ᠎ᠠ ᠶᠢᠨ ᠬᠤᠰᠢᠭᠤᠨ ᠳᠤ ︽ᠭᠠᠩᠭᠠᠡᠭ ᠤᠷᠭᠠᠴᠢ ᠲᠠᠷᠵᠢᠶ᠎ᠠ︾ ᠬᠡᠮᠡᠨ ᠠᠯᠳᠠᠷᠰᠢᠭᠰᠡᠨ ᠬᠡᠨ᠎ᠠ᠃ ᠲᠤᠬᠠᠢ ᠶᠢᠨ ᠦᠶ᠎ᠠ ᠳᠤ ᠡᠯ᠎ᠠ ᠬᠤᠰᠢᠭᠤ ᠨᠤᠳᠤᠭ ᠤᠨ ᠡᠳᠤᠢ ᠲᠡᠳᠤᠢ ᠨᠠᠷ᠎ᠠ ᠲᠠᠢ ᠴᠤᠤᠳᠡᠢ ᠠᠳᠤᠭᠤᠴᠢᠳ ᠤᠯᠠᠨ ᠪᠠᠶᠢᠭᠰᠡᠨ ᠴᠤ ᠲᠠᠷᠵᠢᠶ᠎ᠠ ᠰᠢᠭ᠋ ᠤᠷᠭᠠᠴᠢ ᠲᠤᠩ ᠬᠤᠪᠤᠷᠬᠠᠨ ᠪᠠᠶᠢᠭᠰᠡᠨ ᠬᠡᠳᠡᠭ᠃        ᠲᠠᠷᠵᠢᠶ᠎ᠠ ᠪᠤᠯ ᠲᠦᠢᠯ ᠤᠨ ᠠᠵᠢᠯᠴᠢ ᠬᠦᠮᠤᠨ ᠪᠠᠶᠢᠭᠰᠡᠨ ᠶᠤᠮ᠃ ᠪᠠᠰᠠ ᠮᠠᠯ ᠤᠨ ᠬᠡᠮ ᠢ ᠵᠠᠰᠠᠬᠤ ᠲᠠᠢ ᠨᠠᠩ ᠴᠤ ᠠᠳᠤᠭᠤᠨ ᠤ ᠬᠡᠮ ᠢ ᠵᠠᠰᠠᠬᠤ ᠳᠤ ᠰᠠᠶᠢᠨ᠂ ᠤᠯᠠᠢ ᠭᠠᠷᠭᠠᠬᠤ ᠳᠤ ᠴᠠᠪᠠᠷ ᠮᠦᠷᠳᠡᠬᠡᠨ ᠲᠦᠷᠬᠡᠨ᠂ ᠦᠬᠡᠷ ᠲᠦᠬᠦᠬᠡᠷᠡᠬᠦ ᠳᠤ ᠦᠩᠬᠡ ᠴᠠᠭᠠᠨ ᠲᠠᠪᠠᠯ ᠲᠠᠢ ᠪᠠᠶᠢᠭᠰᠡᠨ ᠴᠤ ᠪᠦᠬᠦ ᠶᠠᠪᠤᠳᠠᠯ ᠲᠠᠭᠤᠰᠬᠤ ᠳᠤ ᠲᠤᠰᠤᠯ ᠴᠢᠰᠤ ᠴᠤ ᠦᠰᠦᠷᠦᠭᠰᠡᠨ ᠦᠬᠡᠢ ᠪᠠᠶᠢᠳᠠᠭ ᠨᠢ ᠭᠠᠶᠢᠬᠠᠯᠳᠡᠢ ᠴᠡᠪᠡᠷᠬᠡᠨ ᠬᠦᠮᠤᠨ ᠳ᠋ᠠ᠃        ᠮᠦᠡᠴᠤ ᠠᠡᠭ ᠳᠤ ᠪᠠᠭ᠋ᠠᠳᠡᠢ᠂ ᠦᠨᠡᠭᠡ ᠴᠢᠨ᠋ᠸ᠎ᠠ ᠶᠢᠨ ᠬᠡᠪᠳᠡᠰᠢ᠂ ᠪᠤᠰᠬᠤ ᠶᠢ ᠤᠡᠴᠠᠭᠠᠢ ᠰᠠᠶᠢᠨ ᠮᠡᠳᠡᠳᠡᠭ ᠪᠦᠬᠡᠳ ᠫᠤᠤᠳᠠᠬᠤ ᠳᠤ ᠮᠡᠷᠬᠡᠨ ᠤᠨᠤᠴᠢᠳᠡᠢ ᠪᠠᠶᠢᠳᠠᠭ ᠲᠠᠷᠵᠢᠶ᠎ᠠ ᠭᠤᠸᠠᠢ 1992 ᠤᠨ ᠳᠤ ᠲᠠᠯᠠᠨ ᠲᠤᠯᠤᠭᠠᠨ ᠨᠠᠰᠤᠨ ᠳᠤ ᠪᠠᠨ ᠶᠠᠷᠳᠢᠡᠴᠤ ᠶᠢᠨ ᠮᠦᠩᠬᠡ ᠪᠤᠰᠤ ᠶᠢ ᠦᠵᠡᠬᠦᠯᠦᠭᠰᠡᠨ ᠪᠢᠯᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号