ᠪᠦᠬᠡᠪᠢᠯᠢᠭ ᠤᠨ ᠤᠷᠤᠯᠳᠣᠭᠠᠨ ᠮᠤᠷᠢ ᠰᠠᠶᠢᠨ ᠳᠠᠪᠬᠢᠳᠠᠭ ᠤᠨ ᠤᠴᠢᠷ
ᠨᠡᠶᠢᠲᠡᠯᠡᠭᠰᠡᠨ ᠴᠠᠭ᠄
2023/12/27
      ᠠᠪᠠᠭ᠎ᠠ ᠬᠤᠰᠢᠭᠤᠨ ᠤ ᠨᠠᠷᠠᠨᠪᠣᠯᠠᠭ ᠰᠣᠮᠣ ᠶᠢᠨ ᠰᠠᠷᠠᠭᠤᠯᠳᠠᠯ᠎ᠠ ᠭᠠᠴᠠᠭᠠᠨ ᠤ ᠤᠳᠤᠮ ᠳᠠᠮᠵᠢᠭᠰᠠᠨ ᠪᠦᠬᠡᠴᠢᠨ᠂ ᠨᠡᠷᠡᠲᠦ ᠣᠶᠠᠭᠠᠴᠢ ᠪᠦᠬᠡᠪᠢᠯᠢᠭ ᠤᠨ ᠬᠢ ᠭᠠᠳᠠᠭᠠᠲᠤ ᠠᠴᠠ ᠴᠡᠪᠡᠷ ᠴᠢᠰᠦᠨ ᠤ ᠠᠵᠢᠷᠭ᠎ᠠ ᠤᠷᠤᠭᠤᠯᠤᠨ ᠠᠳᠤᠭᠤ ᠪᠠᠨ ᠬᠤᠷᠳᠤᠨ ᠤ ᠴᠢᠭᠯᠡᠯ ᠢᠶᠠᠷ ᠪᠣᠶᠢᠵᠢᠭᠤᠯᠤᠨ ᠤᠷᠤᠯᠳᠤᠭᠠᠨ ᠮᠤᠷᠢᠳ ᠨᠢ ᠤᠷᠤᠯᠳᠣᠭᠠᠨ ᠢᠶᠠᠷ ᠤᠳᠤ ᠎ ᠲᠠᠢ ᠰᠠᠶᠢᠬᠠᠨ ᠬᠤᠷᠳᠤᠯᠠᠵᠤ᠂ ᠬᠤᠯᠠ ᠣᠶᠢᠷ᠎ᠠ ᠳᠤ ᠪᠠᠨ ᠠᠯᠳᠠᠷᠰᠢᠨ᠎ᠠ᠃       ᠭᠠᠳᠠᠭᠠᠲᠣ ᠶᠢᠨ ᠠᠵᠢᠷᠭ᠎ᠠ ᠤᠷᠤᠭᠤᠯᠵᠤ ᠠᠳᠣᠭᠤᠨ ᠳᠤ ᠪᠠᠨ ᠲᠠᠯᠪᠢᠪᠠ       ᠪᠦᠬᠡᠪᠢᠯᠢᠭ ᠤᠨ ᠬᠢ ᠪᠣᠯ ᠥᠶ᠎ᠡ ᠶᠢᠨ ᠥᠶ᠎ᠡ ᠳᠤ ᠪᠠᠨ ᠠᠳᠣᠭᠤ ᠮᠠᠯᠵᠢᠵᠤ ᠢᠷᠡᠭᠰᠡᠨ ᠠᠶᠢᠯ ᠶᠤᠮ᠃ ᠠᠳᠣᠭᠤ ᠪᠠᠨ ᠬᠤᠷᠳᠤᠨ ᠤ ᠴᠢᠭᠯᠡᠯ ᠢᠶᠠᠷ ᠪᠣᠶᠢᠵᠢᠭᠤᠯᠤᠭᠠᠳ ᠭᠤᠴᠢᠭᠠᠳ ᠵᠢᠯ ᠤᠨ ᠨᠢᠭᠤᠷ ᠢ ᠦᠵᠡᠵᠦ ᠪᠠᠶᠢᠨ᠎ᠠ᠃ 2009 ᠣᠨ ᠳᠤ ᠪᠦᠬᠡᠪᠢᠯᠢᠭ ᠠᠳᠤᠭᠤᠨ ᠰᠦᠷᠦᠭ ᠲᠤ ᠪᠠᠨ ᠨᠢᠭᠡᠨ ᠠᠷᠠᠪ ᠠᠵᠢᠷᠭ᠎ᠠ ᠠᠪᠴᠢᠷᠠᠨ ᠲᠠᠯᠪᠢᠵᠤ᠂ ᠲᠡᠭᠦᠨ ᠠᠴᠠ ᠪᠠᠨ ᠬᠤᠶᠢᠰᠢ ᠴᠡᠪᠡᠷ ᠴᠢᠰᠦᠨ ᠤ ᠤᠷᠤᠯᠳᠤᠭᠠᠨ ᠮᠣᠷᠢ ᠤᠷᠤᠭᠤᠯᠵᠤ ᠰᠤᠶᠢᠬᠤ ᠤᠷᠮ᠎ᠠ ᠵᠣᠷᠢᠭ ᠨᠢ ᠣᠯᠠᠮ ᠢᠶᠠᠷ ᠬᠦᠭᠵᠢᠭᠰᠡᠨ ᠪᠠᠶᠢᠨ᠎ᠠ᠃       ᠲᠡᠷᠡᠬᠦ ᠠᠷᠠᠪ ᠠᠵᠢᠷᠭ᠎ᠠ ᠶᠢᠨ ᠦᠷ᠎ᠡ ᠲᠥᠯ ᠤᠳ ᠨᠢ ᠤᠷᠤᠯᠳᠤᠭᠠᠨ ᠢᠶᠠᠷ ᠣᠳᠣ ᠲᠠᠢ ᠰᠠᠶᠢᠬᠠᠨ ᠬᠤᠷᠳᠤᠯᠠᠵᠤ᠂ ᠬᠦᠮᠦᠰ ᠤᠨ ᠠᠩᠬᠠᠷᠣᠯ ᠳᠤ ᠬᠦᠷᠴᠦ᠂ ᠡᠳᠡᠨ ᠤ ᠳᠤ ᠳᠤᠰᠬᠠᠶᠢᠯᠠᠨ ᠢᠷᠡᠵᠦ ᠴᠡᠪᠡᠷ ᠴᠢᠰᠦᠨ ᠤ ᠣᠷᠤᠯᠳᠤᠭᠠᠨ ᠮᠣᠷᠢ ᠬᠤᠳᠠᠯᠳᠤᠨ ᠠᠪᠬᠤ ᠬᠦᠮᠦᠨ ᠠᠭᠠᠵᠢᠮ ᠢᠶᠠᠷ ᠣᠯᠠᠰᠢᠷᠠᠭᠰᠠᠨ ᠢᠶᠠᠷ ᠪᠦᠬᠡᠪᠢᠯᠢᠭ ᠮᠤᠷᠢ ᠪᠠᠨ ᠣᠶᠠᠬᠤ ᠶᠢᠨ ᠲᠠᠭᠠᠤ ᠴᠡᠪᠡᠷ ᠴᠢᠰᠦᠨ ᠤ ᠠᠳᠤᠭᠤ ᠪᠠᠨ ᠴᠦ ᠬᠤᠷᠳᠤᠨ ᠤ ᠴᠢᠭᠯᠡᠯ ᠢᠶᠠᠷ ᠪᠣᠶᠢᠵᠢᠭᠤᠯᠬᠤ ᠪᠤᠳᠤᠯ ᠤᠷᠤᠵᠤ᠂ 14 ᠵᠢᠯ ᠳᠠᠷᠠᠭᠠᠯᠠᠨ ᠤᠷᠤᠰ᠂ ᠠᠦ᠋ᠰᠲᠷᠯᠢᠶ᠎ᠠ᠂ ᠠᠮᠧᠷᠢᠺᠠ ᠵᠡᠷᠭᠡ ᠤᠯᠤᠰ ᠠᠴᠠ ᠴᠡᠪᠡᠷ ᠴᠢᠰᠦᠨ ᠤ ᠠᠵᠢᠷᠭ᠎ᠠ ᠤᠷᠤᠭᠤᠯᠵᠤ ᠠᠳᠤᠭᠤᠨ ᠳᠤ ᠪᠠᠨ ᠲᠠᠯᠪᠢᠵᠠᠢ᠃ ᠣᠳᠣ ᠡᠳᠡᠨ ᠤ ᠠᠳᠤᠭᠤᠨ ᠰᠦᠷᠦᠭ ᠲᠤ 2 ᠠᠩᠭ᠍ᠯᠢ ᠶᠢᠨ ᠴᠡᠪᠡᠷ ᠴᠢᠰᠦᠨ ᠤ ᠠᠵᠢᠷᠭ᠎ᠠ᠂ 1 ᠠᠷᠠᠪ ᠠᠵᠢᠷᠭ᠎ᠠ᠂ 1 ᠬᠤᠯᠢᠮᠠᠭ ᠴᠢᠰᠦᠨ ᠤ ᠠᠵᠢᠷᠭ᠎ᠠ ᠪᠣᠢ᠃       ᠤᠷᠤᠯᠳᠣᠭᠠᠨ ᠮᠤᠷᠢ ᠨᠢ ᠬᠤᠯᠠ ᠣᠶᠢᠷ᠎ᠠ ᠳᠤ ᠪᠠᠨ ᠠᠯᠳᠠᠷᠰᠢᠪᠠ       ᠪᠦᠬᠡᠪᠢᠯᠢᠭ ᠴᠡᠪᠡᠷ ᠴᠢᠰᠦᠨ ᠤ ᠠᠵᠢᠷᠭ᠎ᠠ ᠤᠷᠤᠭᠤᠯᠬᠤ ᠳᠤ ᠪᠠᠨ ᠤᠳᠤᠮ ᠤᠭᠰᠢᠯ᠂ ᠬᠤᠷᠳᠤᠨ ᠤ ᠴᠢᠭᠯᠡᠯ ᠤᠨ ᠲᠦᠷᠦᠴᠡ ᠲᠠᠢ ᠡᠰᠡᠬᠦ ᠶᠢ ᠶᠡᠬᠡᠳᠡ ᠠᠩᠬᠠᠷᠳᠠᠭ ᠠᠴᠠ ᠡᠳᠡᠨ ᠤ ᠣᠷᠣᠯᠳᠤᠭᠠᠨ ᠮᠤᠷᠢᠳ ᠨᠢ ᠤᠳᠤᠮ ᠣᠭᠰᠠᠭ᠎ᠠ ᠨᠢ ᠴᠡᠪᠡᠷ᠂ ᠬᠦᠶᠦᠬᠦ ᠨᠢ ᠬᠤᠷᠳᠤᠨ᠂ ᠲᠡᠰᠪᠤᠷᠢ ᠳᠠᠭᠠᠭᠠᠴᠠ ᠲᠠᠢ ᠪᠠᠶᠢᠵᠤ᠂ ᠪᠦᠬᠦ ᠤᠷᠤᠨ ᠤ ᠡᠯ᠎ᠡ ᠠᠶᠢᠮᠠᠭ ᠬᠤᠲᠠ ᠴᠢᠨᠠᠭᠰᠢᠯᠠᠨ ᠮᠤᠩᠭᠤᠯ ᠤᠯᠤᠰ ᠤᠨ ᠤᠶᠠᠭᠠᠴᠢᠳ ᠴᠦ ᠡᠳᠡᠨ ᠤ ᠬᠢ ᠠᠴᠠ ᠴᠢᠰᠦᠨ ᠤ ᠠᠵᠢᠷᠭ᠎ᠠ ᠶᠢᠨ ᠲᠥᠯ ᠢ ᠠᠪᠳᠠᠭ ᠪᠠᠶᠢᠵᠠᠢ᠃ ︽ᠶᠡᠷᠦᠨᠢ ᠠᠩᠭ᠍ᠯᠢ ᠶᠢᠨ ᠴᠡᠪᠡᠷ ᠴᠢᠰᠦᠨ ᠤ ᠠᠵᠢᠷᠭ᠎ᠠ ᠶᠢᠨ ᠲᠥᠯ ᠢ ᠠᠪᠳᠠᠭ ᠬᠦᠮᠦᠨ ᠣᠯᠠᠨ᠂ ᠨᠣᠳᠤᠭ ᠤᠷᠤᠨ ᠤ ᠣᠷᠣᠯᠳᠤᠭᠠᠨ ᠳᠤ ᠵᠤᠬᠢᠴᠠᠵᠤ᠂ ᠣᠶᠢᠷ᠎ᠠ ᠵᠠᠢ ᠳᠤ ᠢᠯᠡᠬᠦᠦ ᠰᠠᠶᠢᠨ ᠳᠠᠪᠬᠢᠳᠠᠭ᠃ ᠠᠷᠠᠪ ᠠᠵᠢᠷᠭ᠎ᠠ ᠶᠢᠨ ᠲᠥᠯ ᠬᠤᠯᠠ ᠵᠠᠢ ᠳᠤ ᠰᠠᠶᠢᠨ ᠳᠠᠪᠬᠢᠵᠤ᠂ ᠲᠡᠰᠪᠤᠷᠢ ᠳᠠᠭᠠᠭᠠᠮᠠᠭᠠᠢ ᠴᠢᠨᠠᠷ ᠢᠶᠠᠷ ᠰᠠᠶᠢᠨ ᠪᠠᠶᠢᠳᠠᠭ᠃ ᠮᠠᠨ ᠤ ᠤᠷᠤᠯᠳᠤᠭᠠᠨ ᠮᠤᠷᠢᠳ ᠤᠷᠤᠨ᠂ ᠠᠶᠢᠮᠠᠭ᠂ ᠬᠤᠰᠢᠭᠤᠨ ᠤ ᠣᠯᠠᠨ ᠤᠷᠤᠯᠳᠤᠭᠠᠨ ᠳᠤ ᠪᠦᠷ ᠲᠡᠷᠢᠭᠦᠯᠡᠭᠰᠡᠨ ᠦᠨᠳᠦᠷ ᠠᠮᠵᠢᠯᠲᠠ ᠲᠠᠢ︾ ᠭᠡᠵᠦ ᠠᠪᠤ ᠪᠠᠨ ᠬᠠᠪᠰᠤᠷᠴᠦ ᠶᠠᠪᠤᠭ᠎ᠠ ᠶᠡᠭᠡ ᠬᠦᠦ ᠴᠠᠭᠠᠨᠪᠠᠭᠠᠨ᠎ᠠ ᠨᠢ ᠣᠷᠮᠠᠳᠠᠶᠢᠬᠠᠨ ᠤᠴᠢᠷᠯᠠᠨ᠎ᠠ᠃       ᠬᠤᠶᠢᠰᠢᠳᠠ ᠶᠢᠨ ᠲᠦᠰᠦᠪ ᠲᠦᠯᠦᠪᠯᠡᠭᠡ       ᠣᠳᠣ ᠪᠦᠬᠡᠪᠢᠯᠢᠭ ᠤᠨ ᠬᠢ 200 ᠭᠠᠷᠤᠢ ᠠᠳᠤᠭᠤ ᠮᠠᠯᠵᠢᠵᠤ᠂  ᠵᠢᠯ ᠪᠦᠷᠢ 30 ᠭᠠᠷᠤᠢ ᠣᠨᠠᠭ᠎ᠠ ᠬᠤᠳᠠᠯᠳᠤᠨ ᠵᠢᠯ ᠤᠨ ᠤᠷᠤᠯᠭ᠎ᠠ ᠨᠢ 70 ᠲᠦᠮᠡᠨ ᠲᠦᠬᠦᠷᠢᠭ ᠲᠤ ᠬᠦᠷᠴᠦ ᠪᠠᠶᠢᠨ᠎ᠠ᠃ ᠤᠷᠤᠯᠳᠤᠭᠠᠨ ᠮᠤᠷᠢ ᠪᠣᠶᠢᠵᠢᠭᠤᠯᠬᠤ ᠳᠤ ᠠᠷᠠᠴᠢᠯᠠᠭ᠎ᠠ ᠲᠤᠳᠤᠮᠳᠠᠯᠭ᠎ᠠ ᠢᠯᠡᠬᠦᠦ ᠱᠠᠭᠠᠷᠳᠠᠭᠳᠠᠳᠠᠭ ᠠᠴᠠ ᠪᠡᠯᠡ ᠮᠦᠩᠭᠦ ᠴᠦ ᠢᠯᠡᠬᠦᠦ ᠵᠠᠷᠤᠴᠠᠭᠤᠯᠳᠠᠭ᠂ ᠵᠦᠪᠬᠡᠨ ᠠᠳᠤᠭᠤᠨ ᠤ ᠪᠠᠨ ᠰᠠᠶᠢᠵᠢᠷᠠᠭᠤᠯᠬᠤ ᠲᠠᠯ᠎ᠠ ᠪᠠᠷ ᠡᠳᠡᠨᠡᠶᠢᠬᠢ 100 ᠲᠦᠮᠡᠨ ᠲᠦᠬᠦᠷᠢᠭ ᠵᠠᠷᠤᠴᠠᠭᠤᠯᠤᠭᠰᠠᠨ ᠪᠠᠶᠢᠨ᠎ᠠ᠃       ᠬᠤᠶᠢᠰᠢᠳᠠ ᠶᠢᠨ ᠲᠦᠰᠦᠪ ᠲᠦᠯᠦᠪᠯᠡᠭᠡ ᠶᠢᠨ ᠢᠶᠠᠨ ᠲᠤᠬᠠᠢ ᠴᠠᠭᠠᠨᠪᠠᠭᠠᠨ᠎ᠠ᠄ ︽ᠮᠠᠨ ᠤ ᠬᠢ ᠣᠣᠯ ᠠᠴᠠ ᠪᠠᠨ ᠠᠳᠤᠭᠤ ᠪᠠᠨ ᠬᠤᠷᠳᠤᠨ ᠤ ᠴᠢᠭᠯᠡᠯ ᠢᠶᠠᠷ ᠪᠣᠶᠢᠵᠢᠭᠤᠯᠵᠤ ᠪᠠᠶᠢᠭᠰᠠᠨ᠂ ᠲᠡᠭᠡᠷ᠎ᠡ ᠨᠢ ᠴᠡᠪᠡᠷ ᠴᠢᠰᠦᠨ ᠤ ᠠᠵᠢᠷᠭ᠎ᠠ ᠲᠠᠯᠪᠢᠭᠠᠳ ᠤᠳᠤ ᠠᠷᠪᠠᠨ ᠲᠦᠷᠪᠡᠨ ᠵᠢᠯ ᠪᠣᠯᠵᠤ ᠪᠠᠶᠢᠨ᠎ᠠ᠂ ᠴᠡᠪᠡᠷ ᠤᠳᠤᠮ ᠤᠨ ᠠᠵᠢᠷᠭ᠎ᠠ ᠲᠠᠯᠪᠢᠬᠤ ᠠᠵᠢᠯ ᠢᠶᠠᠨ ᠬᠤᠶᠢᠰᠢᠳᠠ ᠦᠷᠭᠦᠯᠵᠢᠯᠡᠨ ᠪᠠᠷᠢᠮᠲᠠᠯᠠᠨ᠎ᠠ᠃ ᠮᠦᠨᠴᠦ ᠲᠡᠵᠢᠭᠡᠨ ᠦᠷᠡᠵᠢᠭᠦᠯᠬᠦ ᠬᠡᠪᠴᠢᠶ᠎ᠡ ᠪᠠᠨ ᠦᠷᠭᠦᠯᠵᠢᠯᠡᠨ ᠦᠷᠭᠡᠳᠭᠡᠵᠦ᠂ ᠠᠳᠤᠭᠤ ᠪᠠᠨ ᠳᠤᠰᠬᠠᠶᠢᠵᠢᠭᠤᠯᠬᠤ᠂ ᠬᠡᠪᠴᠢᠶᠡᠵᠢᠭᠦᠯᠬᠦ ᠲᠡᠶᠢᠰᠢ ᠬᠦᠭᠵᠢᠬᠦᠯᠦᠨ᠎ᠡ︾ ᠭᠡᠯ᠎ᠡ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号