ᠠᠪᠠᠭ᠎ᠠ ᠬᠤᠰᠢᠭᠤᠨ ᠤ ︽ᠤᠮᠠᠷᠡᠳᠤ ᠬᠢᠯᠢ ᠶᠢᠨ ᠰᠤᠶᠤᠯ ᠢ ᠬᠦᠭᠵᠢᠬᠦᠯᠵᠤ ᠲᠤᠮᠳᠠᠳᠤ ᠶᠢᠨ ᠦᠡᠳᠤᠰᠤᠳᠠᠨ  ᠤ ᠬᠠᠮᠳᠤ ᠶᠢᠨ ᠴᠤᠭᠴᠠ ᠶᠢᠨ ᠤᠬᠠᠮᠰᠠᠷ ᠢ ᠪᠠᠳᠤᠳᠬᠠᠬᠤ ᠠᠪᠠᠭ᠎ᠠ ᠤᠶᠠᠩᠭ᠎ᠠ ᠲᠠᠭᠤᠨ ᠤ ᠤᠷᠤᠯᠳᠤᠭᠠᠨ︾ ᠠᠮᠵᠢᠯᠳᠠ ᠲᠡᠬᠦᠯᠳᠡᠷ ᠪᠤᠯᠤᠯ᠎ᠠ
ᠨᠡᠶᠢᠲᠡᠯᠡᠭᠰᠡᠨ ᠴᠠᠭ᠄
2024/1/12
      1 ᠰᠠᠷ᠎ᠠ ᠶᠢᠨ 8 ᠤ ᠡᠳᠤᠷ᠂ ᠠᠪᠠᠭ᠎ᠠ ᠬᠤᠰᠢᠭᠤᠨ ᠤ ᠰᠤᠶᠤᠯ ᠲᠠᠮᠢᠷ ᠵᠢᠭᠤᠯᠴᠢᠯᠡᠯ ᠷᠡᠳᠢᠤ᠋ ᠲᠧᠯᠸᠢᠰ ᠲᠤᠪᠴᠢᠶ᠎ᠠ ᠠᠴᠠ ᠭᠤᠤᠯᠯᠠᠨ ᠡᠷᠬᠢᠯᠡᠵᠤ᠂ ᠠᠪᠠᠭ᠎ᠠ ᠬᠤᠰᠢᠭᠤᠨ ᠤ ᠤᠳᠬ᠎ᠠ ᠤᠷᠠᠯᠢᠭ ᠤᠨ ᠬᠢᠨ ᠤ ᠬᠤᠯᠪᠤᠭ᠎ᠠ᠂ ᠠᠪᠠᠭ᠎ᠠ ᠬᠤᠰᠢᠭᠤᠨ ᠤ ᠰᠤᠶᠤᠯ ᠤᠨ ᠤᠷᠳᠤᠨ ᠠᠴᠠ ᠬᠠᠮᠵᠢᠯᠴᠠᠨ ᠡᠷᠬᠢᠯᠡᠭᠰᠡᠨ ᠠᠪᠠᠭ᠎ᠠ ᠬᠤᠰᠢᠭᠤᠨ ᠤ ︽ᠤᠮᠠᠷᠡᠳᠤ ᠬᠢᠯᠢ ᠶᠢᠨ ᠰᠤᠶᠤᠯ ᠢ ᠬᠦᠭᠵᠢᠬᠦᠯᠵᠤ ᠲᠤᠮᠳᠠᠳᠤ ᠶᠢᠨ ᠦᠡᠳᠤᠰᠤᠳᠠᠨ ᠤ ᠬᠠᠮᠳᠤ ᠶᠢᠨ ᠴᠤᠭᠴᠠ ᠶᠢᠨ ᠤᠬᠠᠮᠰᠠᠷ ᠢ ᠪᠠᠳᠤᠳᠬᠠᠬᠤ ᠠᠪᠠᠭ᠎ᠠ ᠤᠶᠠᠩᠭ᠎ᠠ ᠲᠠᠭᠤᠨ ᠤ ᠤᠷᠤᠯᠳᠤᠭᠠᠨ︾ ᠤᠯᠠᠭᠠᠡᠮᠦ᠋ᠴᠢᠷ ᠤᠨ ᠲᠤᠭᠯᠠᠯᠳᠠ ᠶᠢᠨ ᠲᠢᠩᠬᠢᠮ ᠳᠤ ᠬᠦᠭᠵᠢᠶᠠᠨ ᠲᠠᠢ ᠶᠠᠪᠤᠭᠳᠠᠯ᠎ᠠ᠃ ᠮᠠᠨ ᠤ ᠬᠤᠰᠢᠭᠤᠨ ᠤ ᠡᠯ᠎ᠠ ᠰᠤᠮᠤ ᠪᠠᠯᠭᠠᠰᠤ᠂ ᠪᠠᠶᠢᠭᠤᠯᠭ᠎ᠠ ᠨᠢᠬᠡᠴᠠ ᠶᠢᠨ 90 ᠭᠠᠷᠤᠢ ᠲᠠᠭᠤᠴᠢᠨ ᠤᠷᠤᠯᠳᠤᠭᠠᠨ ᠳᠤ ᠤᠷᠤᠯᠴᠠᠵᠤ᠂ ᠤᠷ᠎ᠠ ᠠᠪᠢᠶᠠᠰ ᠢᠶᠠᠨ ᠰᠤᠷᠢᠯ᠎ᠠ᠃       ᠤᠷᠤᠯᠳᠤᠭᠠᠨ ᠤ ᠠᠬᠤᠢ ᠲᠠᠯᠠᠪᠠᠢ ᠬᠦᠷ ᠬᠦᠭᠵᠢᠶᠠᠨ ᠢᠶᠠᠷ ᠪᠢᠯᠬᠠᠵᠤ᠂ ᠬᠠᠯᠠᠭᠤᠨ ᠠᠯᠠᠭ᠎ᠠ ᠲᠠᠰᠢᠯᠳᠠ ᠶᠢᠨ ᠲᠠᠭᠤᠨ ᠦᠶ᠎ᠠ ᠦᠶ᠎ᠠ ᠨᠢᠵᠢᠬᠢᠨᠠᠵᠤ ᠪᠠᠶᠢᠯ᠎ᠠ᠃ ᠲᠠᠭᠤᠴᠢᠳ ᠮᠠᠨᠢ ᠦᠡᠳᠤᠰᠤᠳᠠᠨ ᠤ ᠬᠤᠪᠴᠠᠰᠤ ᠵᠠᠰᠠᠯ ᠢᠶᠠᠷ ᠢᠶᠠᠨ ᠭᠤᠶᠤᠯᠠᠵᠤ᠂ ᠤᠷᠮ᠎ᠠ ᠰᠡᠳᠬᠢᠯᠬᠡ ᠬᠦᠭᠰᠡᠨ᠂ ᠢᠷᠠᠭᠤ ᠤᠶᠠᠩᠭᠠᠯᠢᠭ ᠬᠦᠭ ᠠᠶᠠᠰ ᠤᠨ ᠲᠤᠮᠳᠠ᠂ ︽ᠠᠪᠠᠭ᠎ᠠ ᠴᠠᠭᠠᠨ ᠠᠭᠤᠯᠠ︾᠂ ︽ᠠᠪᠠᠭ᠎ᠠ ᠬᠠᠷ᠎ᠠ ᠠᠳᠤᠭᠤ︾᠂ ︽ᠮᠢᠨᠤ ᠨᠤᠳᠤᠭ ᠦᠪᠤᠷ ᠮᠤᠩᠭᠤᠯ︾᠂ ︽ᠡᠵᠢ︾ ᠵᠡᠷᠬᠡ ᠤᠯᠠᠨ ᠰᠠᠶᠢᠬᠠᠨ ᠠᠶ᠎ᠠ ᠲᠠᠭᠤᠨ ᠤ ᠤᠶᠠᠩᠭ᠎ᠠ ᠡᠬᠡᠰᠢᠭ᠂ ᠨᠠᠷᠢᠨ ᠨᠢᠮᠪᠠᠢ ᠨᠠᠶᠢᠷᠠᠭᠤᠯᠭ᠎ᠠ ᠨᠢ ᠨᠠᠮ ᠪᠠ ᠡᠬᠡ ᠤᠯᠤᠰ ᠢᠶᠠᠨ ᠬᠠᠶᠢᠷᠠᠯᠠᠬᠤ᠂ ᠨᠤᠳᠤᠭ ᠤᠰᠤ ᠪᠠᠨ ᠮᠠᠭᠳᠠᠨ ᠲᠠᠭᠤᠯᠠᠬᠤ᠂ ᠰᠠᠶᠢᠨ ᠰᠠᠶᠢᠬᠠᠨ ᠠᠮᠢᠳᠤᠷᠡᠯ ᠢᠶᠠᠨ ᠴᠤᠭᠴᠠᠯᠠᠨ ᠪᠠᠶᠢᠭᠤᠯᠬᠤ ᠦᠬᠡᠳᠡᠷᠡᠭ ᠰᠡᠳᠬᠢᠯᠬᠡ ᠶᠢ ᠲᠤᠳᠤᠬᠠᠨ ᠬᠠᠷᠠᠭᠤᠯᠵᠤ ᠪᠠᠶᠢᠯ᠎ᠠ᠃       ᠲᠠᠭᠤᠨ ᠤ ᠤᠷᠤᠯᠳᠤᠭᠠᠨ ᠨᠢ ᠠᠪᠠᠭ᠎ᠠ ᠠᠷᠡᠳ ᠤᠨ ᠲᠠᠭᠤᠤ ᠪᠠ ᠠᠪᠠᠭ᠎ᠠ ᠤᠷᠠᠨ ᠪᠦᠳᠤᠬᠡᠯᠴᠢᠳ ᠤᠨ ᠵᠤᠬᠢᠶᠠᠯ ᠤᠨ ᠲᠠᠭᠤᠤ ᠬᠤᠶᠡᠷ ᠵᠥᠢᠯ ᠤᠨ ᠲᠠᠭᠤᠯᠠᠬᠤᠢ ᠶᠢᠨ ᠬᠡᠯᠪᠡᠷᠢ ᠪᠠᠷ ᠶᠠᠪᠤᠭᠳᠠᠵᠤ᠂ ᠬᠢᠨᠠᠭᠴᠢᠳ ᠠᠴᠠ ᠠᠬᠤᠢ ᠲᠠᠯᠠᠪᠠᠢ ᠳᠤ ᠬᠤᠪᠢ ᠦᠭᠬᠦ ᠬᠡᠯᠪᠡᠷᠢ ᠪᠠᠷ ᠰᠢᠯᠭᠠᠷᠠᠭᠤᠯᠵᠠᠢ᠃ ᠰᠢᠢᠳᠪᠤᠷᠢᠳᠤ ᠤᠷᠤᠯᠳᠤᠭᠠᠨ ᠢᠶᠠᠷ ᠲᠠᠮᠵᠢᠨ᠂ ᠴᠠᠭᠠᠬᠠᠰ ᠠᠪᠠᠭ᠎ᠠ ᠠᠷᠡᠳ ᠤᠨ ᠲᠠᠭᠤᠨ ᠤ ᠲᠤᠭᠤᠶᠢᠯᠠᠩ ᠳᠤ ᠨᠢᠬᠡᠳᠤᠬᠡᠷ ᠲᠤ ᠲᠤᠳᠤᠷᠠᠵᠤ᠂ ᠢᠳᠡᠷᠡᠬᠦᠨ᠂ ᠡᠷᠳᠡᠨᠢᠳᠤᠯᠭᠠᠭᠤᠷᠢ ᠬᠤᠶᠠᠳᠤᠭᠠᠷ ᠲᠤ ᠲᠤᠳᠤᠷᠠᠨ᠂ ᠮᠢᠳᠤᠭᠮ᠎ᠠ᠂ ᠨᠠᠷᠠ᠂ ᠰᠠᠷᠠᠭᠤᠯ ᠨᠠᠷ ᠭᠤᠷᠪᠠᠳᠤᠭᠠᠷ ᠲᠤ ᠲᠤᠳᠤᠷᠠᠭᠰᠡᠨ ᠪᠠᠶᠢᠨ᠎ᠠ᠃ ᠵᠤᠬᠢᠶᠠᠯ ᠤᠨ ᠲᠠᠭᠤᠨ ᠤ ᠲᠤᠭᠤᠶᠢᠯᠠᠩ ᠳᠤ ᠪᠦᠬᠡᠪᠡᠶᠡᠷ ᠲᠠᠷᠢᠬᠦᠯᠠᠵᠤ᠂ ᠡᠷᠳᠡᠨᠢᠪᠤᠯᠠᠭ᠂ ᠡᠩᠬᠡᠵᠢᠷᠭᠠᠯ ᠬᠤᠶᠠᠳᠤᠭᠠᠷ ᠲᠤ ᠲᠤᠳᠤᠷᠡᠨ᠂ ᠤᠷᠬᠢᠯ᠂ ᠢᠪᠡᠬᠡᠯ᠂ ᠴᠤᠭᠪᠠᠭᠠᠳᠤᠷ ᠨᠠᠷ ᠭᠤᠷᠪᠠᠳᠤᠭᠠᠷ ᠲᠤ ᠲᠤᠳᠤᠷᠠᠪᠠ᠃       ᠬᠤᠰᠢᠭᠤ ᠨᠠᠮ ᠤ ᠬᠤᠷᠢᠶᠠᠨ ᠤ ᠪᠠᠶᠢᠩᠭᠤ ᠶᠢᠨ ᠬᠡᠰᠢᠬᠦᠨ᠂ ᠤᠬᠠᠭᠤᠯᠬᠤ ᠬᠡᠯᠳᠡᠰ ᠤᠨ ᠲᠠᠷᠤᠭ᠎ᠠ ᠭᠠᠩᠴᠤᠭᠳᠤ᠂ ᠤᠯᠤᠰ ᠲᠦᠷᠤ ᠶᠢᠨ ᠵᠦᠪᠯᠡᠯᠬᠡᠨ ᠤ ᠲᠡᠳ᠋ ᠲᠡᠷᠢᠬᠦᠯᠡᠭᠴᠢ ᠸᠠᠩ ᠸᠠᠨ ᠶᠢᠨ ᠵᠢᠴᠢ ᠬᠠᠮᠢᠶ᠎ᠠ ᠪᠦᠬᠦᠢ ᠪᠠᠶᠢᠭᠤᠯᠭ᠎ᠠ ᠨᠢᠬᠡᠴᠠ ᠶᠢᠨ ᠬᠠᠷᠢᠭᠤᠴᠠᠯᠭᠠᠳᠠᠨ ᠰᠢᠢᠳᠪᠤᠷᠢᠳᠤ ᠤᠷᠤᠯᠳᠤᠭᠠᠨ ᠢ ᠰᠤᠨᠢᠷᠬᠠᠭᠰᠡᠨ ᠤ ᠬᠠᠮᠳᠤ ᠱᠠᠩᠨᠠᠯ ᠬᠦᠷᠳᠡᠭᠰᠡᠳ ᠲᠤ ᠱᠠᠩᠨᠠᠯ ᠭᠠᠷᠳᠠᠭᠤᠯᠪᠠ᠃       ᠲᠤᠷᠠᠳᠤᠭᠤᠰᠢᠳᠡᠢ ᠨᠢ᠂ ᠡᠨ᠋ᠨ ᠣᠳᠠᠭᠠᠨ ᠤ ᠤᠷᠤᠯᠳᠤᠭᠠᠨ ᠳᠤ ᠨᠠᠰᠤᠨ ᠤ ᠬᠢᠵᠠᠭᠠᠷᠯᠠᠯ ᠦᠬᠡᠢ ᠪᠠᠶᠢᠵᠤ᠂ ᠤᠷᠤᠯᠳᠤᠭᠠᠨ ᠳᠤ ᠤᠷᠤᠯᠴᠠᠭᠰᠡᠳ ᠤᠨ ᠲᠤᠳᠤᠷ᠎ᠠ 80 ᠭᠠᠷᠤᠭᠰᠡᠨ ᠨᠠᠰᠤᠳᠠᠨ ᠪᠤᠢ᠂ ᠰᠠᠶ᠋ᠢᠬᠠᠨ ᠨᠠᠶᠢᠬᠡᠮ ᠤᠨ ᠪᠤᠱᠤᠭ᠎ᠠ ᠶᠢ ᠠᠯᠬᠤᠭ᠎ᠠ ᠵᠠᠯᠠᠭᠤᠴᠤᠳ ᠴᠤ ᠪᠤᠢ ᠡᠨᠡᠬᠦ ᠤᠷᠤᠯᠳᠤᠭᠠᠨ ᠨᠢ ᠦᠷᠬᠡᠨ ᠤᠯᠠᠨ ᠠᠶ᠎ᠠ ᠲᠠᠭᠤᠨ ᠤ ᠪᠠᠭ᠋ᠠᠳᠠᠳ ᠲᠤ ᠴᠢᠯᠤᠬᠡᠳᠡᠢ ᠲᠠᠪᠴᠠᠩ ᠬᠠᠩᠭᠠᠵᠤ ᠦᠭᠬᠦᠭᠰᠡᠨ ᠢᠶᠠᠷ ᠪᠠᠰᠠ ᠴᠦᠬᠡᠨ ᠪᠤᠰᠤ ᠰᠢᠨ᠎ᠠ ᠲᠠᠭᠤᠴᠢᠳ ᠲᠤᠳᠤᠷᠠᠵᠤ᠂ ᠠᠪᠠᠭ᠎ᠠ ᠬᠤᠰᠢᠭᠤᠨ ᠤ ᠨᠠᠩ ᠤᠯᠠᠨ ᠤᠳᠬ᠎ᠠ ᠤᠷᠠᠯᠢᠭ ᠲᠤ ᠪᠠᠭ᠋ᠠᠳᠡᠢ ᠬᠦᠮᠤᠰ ᠢ ᠬᠦᠮᠤᠵᠢᠬᠦᠯᠬᠦ ᠳᠤ ᠰᠠᠭᠤᠷᠢ ᠲᠠᠯᠪᠢᠵᠤ ᠦᠭᠬᠦᠭᠰᠡᠨ ᠪᠠᠶᠢᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号