ᠡᠪᠤᠯ ᠠᠴᠠ ᠨᠠᠰᠢ᠂ ᠬᠦᠢᠳᠡᠨ ᠠᠭᠤᠷ ᠠᠮᠢᠰᠬᠤᠯ ᠤᠨ ᠨᠦᠯᠤᠬᠡᠯᠡᠯ ᠢᠶᠠᠷ᠂ ᠮᠠᠨ ᠤ ᠬᠤᠰᠢᠭᠤᠨ ᠳᠤ | ᠬᠡᠳᠤ ᠤᠳᠠᠭᠠᠨ ᠤ ᠶᠡᠭᠡ ᠴᠠᠰᠤ ᠤᠷᠤᠵᠤ᠂ ᠵᠠᠮ ᠨᠠᠪᠳᠠᠷᠠᠯᠬᠡ ᠳᠤ ᠨᠠᠯᠢᠶᠡᠳ ᠶᠡᠭᠡ ᠨᠦᠯᠤᠬᠡ ᠠᠪᠴᠢᠷᠠᠵᠠᠢ᠃ ᠶᠡᠭᠡ | ᠴᠠᠰᠤ ᠤᠷᠤᠭᠰᠡᠨ ᠤ ᠲᠠᠷᠠᠭ᠎ᠠ᠂ ᠪᠠᠶᠡᠡᠳᠤᠭ ᠰᠤᠮᠤᠨ ᠤ ᠪᠠᠶᠠᠡᠳᠤᠭ ᠭᠠᠴᠠᠭ᠎ᠠ ᠪᠠ ᠪᠠᠶᠠᠡᠳᠡᠯᠬᠡᠷ ᠭᠠᠴᠠᠭᠠᠨ ᠤ ᠭᠤᠤᠯ | ᠵᠠᠮ ᠨᠢ ᠴᠠᠰᠤᠨ ᠳᠤ ᠲᠦᠭᠵᠢᠷᠡᠵᠤ᠂ ᠮᠠᠯᠴᠢᠳ ᠤᠨ ᠬᠦᠷᠢᠶ᠎ᠠ ᠬᠠᠰᠢᠶ᠎ᠠ᠂ ᠫᠸᠡᠭ ᠬᠤᠷᠤᠭ᠎ᠠ ᠴᠤ ᠴᠠᠰᠤᠨ ᠳᠤ | ᠲᠠᠷᠤᠭᠳᠠᠨ᠂ ᠡᠪᠡᠰᠤ ᠪᠤᠷᠳᠤᠭ᠎ᠠ ᠤᠷᠤᠭᠤᠯᠵᠤ ᠲᠠᠶᠢᠯᠬᠦ ᠦᠬᠡᠢ᠂ ᠦᠬᠡᠷ ᠬᠤᠨᠢ ᠨᠢ ᠪᠠᠯᠴᠢᠬᠡᠷᠯᠡᠵᠤ ᠲᠡᠶᠢᠯᠬᠦ ᠦᠬᠡᠢ | ᠪᠤᠯᠵᠤ᠂ ᠮᠠᠯᠴᠢᠳ ᠤᠨ ᠦᠢᠯᠡᠳᠪᠤᠷᠢᠯᠡᠯ ᠠᠮᠢᠳᠤᠷᠡᠯ ᠳᠤ ᠮᠠᠰᠢ ᠲᠦᠬᠦᠮ ᠦᠬᠡᠢ ᠪᠤᠯᠤᠭᠰᠡᠨ ᠪᠠᠶᠢᠨ᠎ᠠ᠃ | ᠤᠯᠠᠨ ᠲᠦᠮᠡᠨ ᠲᠠᠢ ᠰᠡᠳᠬᠢᠯ ᠨᠢᠬᠡᠳᠤᠨ᠂ ᠤᠯᠠᠨ ᠲᠦᠮᠡᠨ ᠤ ᠲᠦᠪᠡᠭᠳᠡᠯ ᠢ ᠲᠠᠶᠢᠯᠤᠨ᠎ᠠ᠃ ᠮᠠᠯᠴᠢᠳ | ᠲᠦᠮᠡᠨ ᠤ ᠡᠪᠤᠯ ᠤᠨ ᠤᠯᠠᠷᠢᠯ ᠤᠨ ᠶᠠᠪᠤᠵᠤ ᠰᠠᠭᠤᠬᠤ᠂ ᠡᠪᠡᠰᠤ ᠪᠤᠷᠳᠤᠭ᠎ᠠ ᠨᠦᠬᠡᠴᠡᠯᠡᠬᠦ᠂ ᠤᠴᠢᠷ ᠶᠠᠪᠤᠳᠠᠯ ᠲᠠᠢ | ᠭᠠᠷᠴᠤ ᠤᠷᠤᠬᠤ ᠳᠤ ᠴᠦᠮ ᠵᠠᠮ ᠨᠠᠪᠳᠠᠷᠠᠯᠬᠡ ᠶᠢᠨ ᠰᠠᠭᠠᠳ ᠦᠬᠡᠢ ᠨᠠᠪᠳᠠᠷᠡᠬᠦ ᠳᠤ ᠲᠦᠰᠢᠭᠯᠡᠳᠡᠭ ᠤᠨ ᠤᠴᠢᠷ | ᠴᠠᠰᠤ ᠰᠢᠭᠤᠷᠭ᠎ᠠ ᠶᠡᠭᠡ ᠠᠴᠠ ᠪᠤᠯᠵᠤ ᠵᠠᠮ ᠲᠦᠭᠵᠢᠷᠡᠭᠰᠡᠨ ᠪᠠᠶᠢᠳᠠᠯ ᠳᠤ ᠴᠢᠭᠯᠡᠬᠦᠯᠤᠨ᠂ ᠪᠠᠶᠠᠡᠳᠤᠭ ᠰᠤᠮᠤᠨ ᠤ | ᠨᠠᠮ ᠤ ᠬᠤᠷᠢᠶ᠎ᠠ᠂ ᠵᠠᠰᠠᠭ ᠤᠨ ᠤᠷᠳᠤᠨ ᠠᠴᠠ ᠪᠠᠶᠠᠡᠳᠤᠭ ᠭᠠᠴᠠᠭ᠎ᠠ ᠪᠤᠯᠤᠨ ᠪᠠᠶᠠᠡᠳᠡᠯᠬᠡᠷ ᠭᠠᠴᠠᠭ᠎ᠠ ᠶᠢ ᠵᠤᠬᠢᠶᠠᠨ | ᠪᠠᠶᠢᠭᠤᠯᠤᠨ᠂ ᠭᠠᠴᠠᠭᠠᠨ ᠤ ︽ᠬᠤᠶᠡᠷ ᠵᠦᠪᠯᠡᠯ︾ ᠤᠨ ᠬᠤᠷᠡᠯ ᠢ ᠬᠤᠷᠠᠯᠳᠤᠭᠤᠯᠵᠤ᠂ ᠭᠠᠴᠠᠭᠠᠨ ᠤ ᠬᠠᠮᠳᠤ ᠶᠢᠨ | ᠠᠵᠤ ᠠᠬᠤᠢ ᠶᠢᠨ ᠬᠠᠳᠠᠭᠠᠯᠠᠮᠵᠢ ᠠᠴᠠ ᠲᠤᠰ ᠲᠤᠰ 35 ᠲᠦᠮᠡᠨ ᠲᠦᠬᠦᠷᠢᠭ ᠭᠠᠷᠭᠠᠵᠤ ᠬᠤᠶᠡᠷ ᠲᠤᠮᠤ ᠬᠡᠯᠪᠡᠷᠢ | ᠶᠢᠨ ᠤᠳᠬᠤᠭᠤᠷ ᠮᠠᠰᠢᠨ ᠬᠤᠳᠠᠯᠳᠤᠨ ᠠᠪᠬᠤ ᠪᠠᠷ ᠲᠤᠭᠳᠠᠵᠤ᠂ ᠴᠠᠰᠤ ᠰᠢᠭᠤᠷᠭᠠᠨ ᠲᠠᠢ ᠡᠳᠤᠷ ᠲᠤᠬᠢᠶᠠᠯᠳᠤᠪᠠᠯ᠂ | ᠭᠠᠴᠠᠭᠠᠨ ᠤ ᠭᠤᠤᠯ ᠵᠠᠮ ᠲᠡᠬᠡᠷ᠎ᠠ ᠬᠤᠷᠠᠭᠰᠡᠨ ᠴᠠᠰᠤ ᠶᠢ ᠴᠠᠭ ᠲᠤᠬᠠᠢ ᠲᠤᠨᠢ ᠴᠠᠪᠠᠷᠯᠠᠨ ᠠᠷᠢᠯᠭᠠᠵᠤ᠂ ᠦᠡᠳᠤᠷ | ᠪᠦᠳᠤᠮᠵᠢᠳᠡᠢ ᠠᠵᠢᠯᠯᠠᠭ᠎ᠠ ᠪᠠᠷ ᠢᠶᠠᠨ ᠮᠠᠯᠴᠢᠨ ᠲᠦᠮᠡᠨ ᠤ ᠦᠢᠯᠡᠳᠪᠤᠷᠢᠯᠡᠯ ᠠᠮᠢᠳᠤᠷᠡᠯ ᠤᠨ ᠬᠠᠷᠰᠢ ᠰᠠᠭᠠᠳ ᠢ | ᠠᠷᠢᠯᠭᠠᠵᠤ᠂ ᠠᠮᠤᠷ ᠲᠦᠪᠰᠢᠨ ᠢ ᠬᠠᠮᠠᠭᠠᠯᠠᠬᠤ ᠪᠠᠷ ᠪᠤᠯᠤᠭᠰᠡᠨ ᠪᠠᠶᠢᠨ᠎ᠠ᠃ | ᠴᠠᠰᠤ ᠴᠠᠪᠠᠷᠯᠡᠬᠦ ᠳᠤ ᠬᠤᠷᠳᠤᠴᠠ ᠲᠠᠢ ᠪᠤᠯᠵᠤ᠂ ᠮᠠᠯᠴᠢᠨ ᠲᠦᠮᠡᠨ ᠳᠤ ᠪᠠᠨ ᠬᠠᠯᠠᠮᠵᠢ ᠦᠵᠡᠬᠦᠯᠤᠨ᠎ᠠ᠃ | ᠤᠳᠬᠤᠭᠤᠷ ᠮᠠᠰᠢᠨ ᠲᠠᠢ ᠪᠤᠯᠵᠤ᠂ ᠴᠠᠰᠤ ᠴᠠᠪᠠᠷᠯᠡᠨ ᠵᠠᠮ ᠨᠠᠬᠡᠬᠡᠭᠰᠡᠨ ᠠᠴᠠ᠂ ᠭᠠᠴᠠᠭᠠᠨ ᠤ ᠭᠤᠤᠯ ᠵᠠᠮ ᠵᠢᠴᠢ | ᠮᠠᠯᠵᠢᠬᠤ ᠡᠷᠤᠬᠡ ᠳᠤ ᠨᠠᠪᠳᠠᠷᠡᠬᠦ ᠬᠡᠰᠡᠭ ᠵᠠᠮ ᠢ ᠪᠦᠬᠦᠨ ᠢ ᠨᠠᠪᠳᠠᠷᠡᠬᠦᠯᠵᠤ᠂ ᠤᠳᠤ ᠪᠤᠯᠳᠠᠯ᠎ᠠ᠂ ᠨᠠᠶᠢᠳᠠ 70 | ᠭᠠᠷᠤᠢ ᠺᠢᠯᠤᠮᠧᠲᠷ ᠴᠠᠰᠤᠨ ᠳᠤ ᠲᠦᠭᠵᠢᠷᠡᠭᠰᠡᠨ ᠵᠠᠮ ᠢ ᠲᠦᠯᠬᠢᠨ ᠴᠠᠪᠠᠷᠯᠡᠵᠤ᠂ ᠬᠤᠶᠡᠷ ᠭᠠᠴᠠᠭᠠᠨ ᠤ ᠪᠠᠶᠢᠩᠭᠤ | ᠰᠠᠭᠤᠭ᠎ᠠ 120 ᠭᠠᠷᠤᠢ ᠡᠷᠤᠬᠡ ᠶᠢᠨ 210 ᠭᠠᠷᠤᠢ ᠮᠠᠯᠴᠢᠨ ᠲᠦᠮᠡᠨ ᠤ ᠶᠠᠪᠤᠵᠤ ᠰᠠᠭᠤᠬᠤ ᠳᠤ ᠲᠦᠬᠦᠮ | ᠦᠵᠡᠬᠦᠯᠵᠤ᠂ ᠮᠠᠯᠴᠢᠨ ᠲᠦᠮᠡᠨ ᠤ ᠦᠢᠯᠡᠳᠪᠤᠷᠢᠯᠡᠯ ᠠᠮᠢᠳᠤᠷᠡᠯ ᠳᠤ ᠪᠠᠳᠤᠯᠠᠭ᠎ᠠ ᠬᠠᠩᠭᠠᠭᠰᠡᠨ ᠪᠠᠶᠢᠨ᠎ᠠ᠃ |