ᠪᠢᠳᠠ ᠵᠢᠷᠭᠠᠵᠤ ᠶᠠᠪᠤᠭ᠎ᠠ ᠲᠡᠷᠡ ᠴᠠᠭ ᠲᠤ ᠪᠠᠨ᠂ ᠳᠠᠩᠳᠠ ᠵᠤᠪᠠᠵᠤ ᠶᠠᠪᠤᠭ᠎ᠠ ᠨᠢᠬᠡᠨ ᠢᠶᠠᠨ ᠪᠤᠳᠤᠵᠤ | ᠦᠩᠬᠡᠷᠡᠭᠰᠡᠨ ᠤᠤ︖ ᠡᠪᠡᠳᠴᠢᠨ ᠡᠮᠬᠡᠭ ᠬᠡᠵᠤ ᠬᠦᠮᠤᠨ ᠲᠦᠷᠤᠯᠬᠢᠳᠠᠨ ᠤ ᠬᠠᠮᠤᠭ ᠤᠨ ᠶᠡᠭᠡ ᠲᠠᠶᠢᠰᠤᠨ ᠪᠠᠶᠢᠵᠤ | ᠲᠠᠭᠠᠷᠠᠨ᠎ᠠ᠃ ᠵᠢᠯ ᠪᠦᠷᠢ ᠵᠦᠪᠬᠡᠨ ᠴᠢᠰᠤ ᠴᠠᠶᠢᠬᠤ ᠡᠪᠡᠳᠴᠢᠨ ᠢᠶᠠᠷ ᠴᠠᠭ ᠲᠤᠬᠠᠢ ᠳᠤᠨᠢ ᠡᠮᠨᠡᠨ ᠵᠠᠰᠠᠵᠤ ᠲᠠᠶᠢᠯᠬᠦ | ᠦᠬᠡᠢ ᠠᠴᠠ ᠪᠤᠯᠵᠤ ᠠᠮᠢ ᠨᠠᠰᠤ ᠪᠠᠨ ᠠᠯᠳᠠᠵᠤ ᠪᠠᠶᠢᠭ᠎ᠠ ᠨᠢ ᠬᠡᠴᠢᠨᠠᠨ ᠪᠠᠶᠢᠭ᠎ᠠ ᠠᠵᠢ᠃ ᠴᠢᠰᠤ ᠪᠦᠳᠤᠬᠡᠬᠦ ᠭᠤᠤᠯ | ᠡᠰ ᠢ ᠰᠢᠯᠵᠢᠬᠦᠯᠬᠦ ᠪᠤᠯ ᠲᠠᠳᠠᠨ ᠢ ᠠᠪᠤᠷᠠᠬᠤ ᠴᠢᠬᠤᠯᠠ ᠠᠷᠭ᠎ᠠ ᠶᠢᠨ ᠨᠢᠬᠡ ᠪᠤᠯᠤᠨ᠎ᠠ᠃ | 12 ᠰᠠᠷ᠎ᠠ ᠶᠢᠨ 17 ᠤ ᠡᠳᠤᠷ᠂ ᠠᠪᠠᠭ᠎ᠠ ᠬᠤᠰᠢᠭᠤᠨ ᠤ ᠠᠩᠬᠠᠳᠠᠭᠴᠢ ᠴᠢᠰᠤ ᠪᠦᠳᠤᠬᠡᠬᠦ ᠭᠤᠤᠯ ᠡᠰ | ᠤᠨ ᠰᠠᠶᠢᠨ ᠲᠤᠷ᠎ᠠ ᠶᠢᠨ ᠠᠵᠢᠯᠯᠠᠭᠴᠢ ᠽᠦᠸᠧ ᠵᠢᠶᠠᠩ ᠲᠤᠤ ᠦᠪᠤᠷ ᠮᠤᠩᠭᠤᠯ ᠤᠨ ᠤᠯᠠᠨ ᠤᠯᠤᠰ ᠤᠨ ᠮᠤᠩᠭᠤᠯ | ᠡᠮᠨᠡᠯᠬᠡ ᠶᠢᠨ ᠬᠤᠷᠢᠶᠠᠨ ᠳᠤ ᠴᠢᠰᠤ ᠪᠦᠳᠤᠬᠡᠬᠦ ᠭᠤᠤᠯ ᠡᠰ ᠢᠶᠠᠨ ᠬᠠᠨᠳᠢᠪᠯᠠᠬᠤ ᠪᠦᠬᠦᠶᠢᠯᠠ ᠶᠠᠪᠤᠴᠠ ᠶᠢ ᠠᠮᠵᠢᠯᠳᠠ | ᠲᠠᠢ ᠦᠩᠬᠡᠷᠡᠬᠡᠵᠤ ᠨᠤᠳᠤᠭ ᠲᠠᠭᠠᠨ ᠪᠤᠴᠠᠨ ᠢᠷᠡᠯ᠎ᠠ᠃ ᠰᠢᠯᠢ ᠶᠢᠨ ᠭᠤᠤᠯ ᠠᠶᠢᠮᠠᠭ ᠤᠨ ᠤᠯᠠᠭᠠᠨ ᠵᠠᠭᠠᠯᠮᠠᠶᠢᠳᠠᠨ | ᠤ ᠨᠠᠶᠢᠬᠡᠮᠯᠢᠭ ᠤᠨ ᠨᠠᠮ ᠤᠨ ᠤᠳᠤᠷᠢᠳᠬᠤ ᠲᠤᠭᠤᠶᠢᠯᠠᠩ ᠤᠨ ᠱᠦᠵᠢ᠂ ᠪᠠᠶᠢᠩᠭᠤ ᠶᠢᠨ ᠲᠡᠳ᠋ ᠲᠠᠷᠤᠭ᠎ᠠ ᠱᠢ | ᠴᠦᠨ ᠬᠤᠨᠭ᠌᠂ ᠠᠪᠠᠭ᠎ᠠ ᠬᠤᠰᠢᠭᠤᠨ ᠤ ᠵᠠᠰᠠᠭ ᠤᠨ ᠤᠷᠳᠤᠨ ᠤ ᠬᠤᠰᠢᠭᠤ ᠲᠡᠳ᠋ ᠲᠠᠷᠤᠭ᠎ᠠ᠂ ᠤᠯᠠᠭᠠᠨ | ᠵᠠᠭᠠᠯᠮᠠᠶᠢᠳᠠᠨ ᠤ ᠨᠠᠶᠢᠬᠡᠮᠯᠢᠭ ᠤᠨ ᠲᠠᠷᠤᠭ᠎ᠠ ᠬᠦᠸᠧ ᠯᠢ ᠬᠤᠨᠭ᠌ ᠵᠢᠴᠢ ᠬᠤᠯᠪᠤᠭᠳᠠᠯ ᠪᠦᠬᠦᠢ ᠰᠠᠯᠠᠭ᠎ᠠ ᠮᠦᠴᠢᠷ ᠤᠨ | ᠬᠠᠷᠢᠭᠤᠴᠠᠯᠭᠠᠳᠠᠨ ᠰᠢᠯᠢ ᠶᠢᠨ ᠬᠤᠳᠠ ᠶᠢᠨ ᠨᠢᠰᠬᠡᠯ ᠤᠨ ᠪᠠᠭᠤᠳᠠᠯ ᠳᠤ ᠬᠦᠷᠴᠤ᠂ ᠲᠡᠬᠦᠨ ᠤ ᠠᠮᠵᠢᠯᠲᠠ ᠲᠠᠢ ᠪᠠᠷ | ᠪᠤᠴᠠᠵᠤ ᠢᠷᠡᠭᠰᠡᠨ ᠢ ᠪᠠᠶᠠᠷᠯᠡᠨ ᠤᠭᠳᠤᠪᠠ᠃ | ᠤᠭᠳᠤᠬᠤ ᠶᠤᠰᠤᠯᠠᠯ ᠤᠨ ᠲᠠᠷᠠᠭ᠎ᠠ᠂ ᠱᠢ ᠴᠦᠨ ᠬᠤᠨᠭ᠌᠂ ᠬᠦᠸᠧ ᠯᠢ ᠬᠤᠨᠭ᠌ ᠨᠠᠷ ᠽᠦᠸᠧ ᠵᠢᠶᠠᠩ ᠲᠤᠤ | ᠵᠢᠴᠢ ᠲᠡᠬᠦᠨ ᠤ ᠬᠡᠷ ᠤᠨ ᠬᠦᠮᠤᠰ ᠲᠠᠢ ᠲᠤᠳᠤᠨᠤ ᠪᠠᠷ ᠶᠠᠷᠢᠯᠴᠠᠵᠤ᠂ ᠪᠠᠶ᠎ᠠ ᠮᠠᠬᠠᠪᠤᠳ᠂ ᠠᠵᠤ ᠠᠮᠢᠳᠤᠷᠡᠯ᠂ ᠠᠵᠢᠯ | ᠦᠢᠯᠡᠰ ᠵᠠᠷᠬᠡ ᠶᠢᠨ ᠪᠠᠶᠢᠳᠠᠯ ᠢ ᠦᠢᠯᠠᠭᠠᠵᠤ᠂ ᠽᠦᠸᠧ ᠵᠢᠶᠠᠩ ᠲᠤᠤ ᠶᠢᠨ ᠬᠠᠷᠡᠮ ᠦᠬᠡᠢ ᠵᠤᠷᠢᠭᠤᠯᠬᠤ ᠶᠡᠭᠡ | ᠬᠠᠶᠢᠷ᠎ᠠ ᠶᠢᠨ ᠵᠤᠷᠢᠭ ᠰᠠᠨᠠᠭ᠎ᠠ ᠳᠤ ᠴᠢᠩ ᠰᠡᠳᠬᠢᠯ ᠠᠴᠠ ᠪᠠᠨ ᠲᠠᠯᠠᠷᠬᠠᠵᠤ ᠪᠠᠶᠢᠬᠤ ᠪᠠᠨ ᠢᠯᠡᠳᠬᠡᠵᠤ᠂ ᠵᠠᠰᠠᠭ ᠤᠨ | ᠤᠷᠳᠤᠨ᠂ ᠤᠯᠠᠭᠠᠨ ᠵᠠᠭᠠᠯᠮᠠᠶᠢᠳᠠᠨ ᠤ ᠨᠠᠶᠢᠬᠡᠮᠯᠢᠭ ᠤᠨ ᠡᠮᠤᠨ᠎ᠠ ᠠᠴᠠ ᠲᠡᠬᠦᠨ ᠤ ᠪᠤᠶᠠᠡᠰᠠᠭ ᠰᠡᠳᠬᠢᠯ ᠵᠢᠷᠤᠮ ᠤᠨ | ᠠᠵᠢᠯᠯᠠᠭ᠎ᠠ ᠶᠢ ᠲᠡᠬᠡᠳᠤ ᠬᠡᠮᠵᠢᠶ᠎ᠠ ᠪᠠᠷ ᠮᠠᠭᠳᠠᠨ ᠰᠠᠶᠢᠰᠢᠶᠠᠵᠤ᠂ ᠽᠦᠸᠧ ᠵᠢᠶᠠᠩ ᠲᠤᠤ ᠶᠢᠨ ᠬᠡᠷ ᠪᠦᠯᠢ ᠵᠢᠴᠢ | ᠪᠠᠶᠢᠭᠤᠯᠭ᠎ᠠ ᠶᠢᠨ ᠬᠢᠨᠢ ᠦᠢᠯᠠᠭᠠᠨ ᠲᠡᠮᠵᠢᠭᠰᠡᠨ ᠳᠤ ᠲᠠᠯᠠᠷᠬᠠᠵᠤ ᠪᠠᠶᠢᠬᠤ ᠪᠠᠨ ᠢᠯᠡᠷᠬᠡᠶᠢᠯᠡᠬᠦ ᠶᠢᠨ ᠬᠠᠮᠳᠤ ᠽᠦᠸᠧ | ᠵᠢᠶᠠᠩ ᠲᠤᠤ ᠳᠤ ᠲᠤᠬᠤᠨᠢᠭᠤᠯᠭ᠎ᠠ ᠶᠢᠨ ᠮᠦᠩᠬᠦ ᠭᠠᠷᠳᠠᠭᠤᠯᠪᠠ᠃ | 43 ᠨᠠᠰᠤ ᠲᠠᠢ ᠽᠦᠸᠧ ᠵᠢᠶᠠᠩ ᠲᠤᠤ ᠪᠤᠯ ᠠᠪᠠᠭ᠎ᠠ ᠬᠤᠰᠢᠭᠤᠨ ᠤ ᠴᠠᠬᠢᠯᠭᠠᠨ ᠬᠠᠩᠭᠠᠬᠤ ᠬᠤᠪᠢᠶᠠᠷᠢ | ᠺᠤᠮᠫᠠᠨᠢ ᠶᠢᠨ ᠲᠦᠯᠤᠪᠯᠡᠭᠡ ᠶᠢᠨ ᠢᠡᠵᠧᠨᠧᠷᠢᠩ ᠤᠨ ᠲᠠᠰᠤᠭ ᠤᠨ ᠡᠷᠬᠢᠯᠡᠭᠴᠢ ᠶᠤᠮ ᠲᠡᠷᠡ ᠦᠨ᠎ᠠ ᠲᠦᠯᠤᠪᠤᠷᠢ | ᠦᠬᠡᠢ ᠪᠠᠷ ᠴᠢᠰᠤ ᠬᠠᠨᠳᠢᠪᠯᠠᠬᠤ ᠶᠢ ᠢᠮᠠᠭᠳᠠ ᠪᠠᠷᠢᠮᠳᠠᠯᠠᠭᠰᠠᠭᠠᠷ ᠢᠷᠡᠭᠰᠡᠨ ᠪᠦᠬᠡᠳ 2022 ᠤᠨ ᠳᠤ ᠦᠨ᠎ᠠ | ᠲᠦᠯᠤᠪᠤᠷᠢ ᠦᠬᠡᠢ ᠪᠠᠷ ᠴᠢᠰᠤ ᠬᠠᠨᠳᠢᠪᠯᠠᠬᠤ ᠳᠠᠭᠠᠨ ᠴᠢᠰᠤᠨ ᠤ ᠶᠠᠩᠵᠤ ᠪᠠᠨ ᠦᠯᠡᠳᠡᠬᠡᠨ᠂ ᠲᠤᠮᠳᠠᠳᠤ ᠶᠢᠨ | ᠴᠢᠮᠤᠬᠡᠨ ᠤ ᠬᠦᠮᠤᠷᠬᠡ ᠳᠤ ᠲᠠᠩᠰᠠᠯᠠᠭᠤᠯᠤᠭᠰᠡᠨ ᠪᠠᠶᠢᠨ᠎ᠠ᠃ ᠦᠨᠤ ᠵᠢᠯ ᠤᠨ 8 ᠰᠠᠷ᠎ᠠ ᠳᠤ᠂ ᠠᠪᠠᠭ᠎ᠠ ᠬᠤᠰᠢᠭᠤᠨ | ᠤ ᠤᠯᠠᠭᠠᠨ ᠵᠠᠭᠠᠯᠮᠠᠶᠢᠳᠠᠨ ᠤ ᠨᠠᠶᠢᠬᠡᠮᠯᠢᠭ ᠠᠴᠠ ᠲᠡᠬᠦᠨ ᠳᠤ ᠨᠢᠬᠡᠨ ᠴᠢᠰᠤ ᠴᠠᠶᠢᠬᠤ ᠡᠪᠡᠳᠴᠢᠳᠠᠨ ᠤ ᠡᠰ ᠤᠨ | ᠬᠡᠯᠪᠡᠷᠢ ᠨᠢ ᠲᠡᠬᠦᠨ ᠤ ᠬᠢ ᠲᠠᠢ ᠲᠤᠬᠢᠷᠠᠯᠴᠠᠬᠤ ᠶᠢ ᠮᠡᠳᠡᠭᠳᠡᠪᠡ᠃ ᠢᠩᠬᠢᠬᠡᠳ ᠴᠢᠰᠤ ᠪᠦᠳᠤᠬᠡᠬᠦ ᠭᠤᠤᠯ ᠡᠰ | ᠬᠠᠨᠳᠢᠪᠯᠠᠬᠤ ᠲᠤᠬᠠᠢ ᠦᠢᠯᠠᠭᠠᠬᠤ ᠪᠠᠷ ᠲᠠᠮᠵᠢᠨ ᠡᠪᠡᠳᠴᠢᠳᠠᠨ ᠤ ᠵᠤᠪᠠᠯ ᠵᠦᠳᠡᠬᠦᠷᠢ᠂ ᠡᠰ ᠤᠨ ᠬᠡᠯᠪᠡᠷᠢ | ᠲᠠᠭᠠᠷᠠᠭᠤᠯᠬᠤ ᠳᠤ ᠮᠠᠰᠢ ᠬᠦᠴᠢᠷᠳᠡᠢ ᠪᠠᠶᠢᠳᠠᠭ ᠢ ᠦᠢᠯᠠᠭᠠᠭᠰᠡᠨ ᠪᠠᠶᠢᠨ᠎ᠠ᠃ ᠡᠶᠢᠡᠬᠦ ᠦᠪᠡᠷ ᠤᠨ ᠬᠠᠨᠳᠢᠪᠯᠠᠬᠤ | ᠰᠠᠨᠠᠭ᠎ᠠ ᠪᠠᠨ ᠬᠡᠷ ᠤᠨ ᠬᠦᠮᠤᠰ ᠲᠡᠭᠡᠨ ᠬᠡᠯᠡᠭᠰᠡᠨ ᠳᠤ ᠲᠡᠳᠡᠨ ᠤ ᠪᠠᠨ ᠬᠠᠯᠠᠭᠤᠨ ᠲᠡᠮᠵᠢᠯᠬᠡ ᠪᠠ ᠦᠢᠯᠠᠭᠠᠯᠳᠠ ᠶᠢ | ᠬᠦᠯᠢᠶᠡᠭᠰᠡᠨ ᠮᠦᠷᠳᠡᠬᠡᠨ ᠪᠠᠶᠢᠭᠤᠯᠭ᠎ᠠ ᠨᠢ ᠴᠤ ᠲᠡᠬᠦᠨ ᠳᠤ ᠵᠤᠬᠢᠬᠤ ᠬᠡᠮᠵᠢᠶᠠᠨ ᠤ ᠲᠡᠮᠵᠢᠯᠬᠡ ᠦᠵᠡᠬᠦᠯᠦᠭᠰᠨᠨ | ᠪᠠᠶᠢᠨ᠎ᠠ᠃ | 12 ᠰᠠᠷ᠎ᠠ ᠶᠢᠨ 10 ᠤ ᠡᠳᠤᠷ᠂ ᠽᠦᠸᠧ ᠵᠢᠶᠠᠩ ᠲᠤᠤ ᠤᠯᠠᠭᠠᠨ ᠵᠠᠭᠠᠯᠮᠠᠶᠢᠳᠠᠨ ᠤ ᠨᠠᠶᠢᠬᠡᠮᠯᠢᠭ ᠤᠨ | ᠠᠵᠢᠯᠳᠠᠨ ᠤ ᠪᠠᠷ᠎ᠠ ᠪᠤᠯᠤᠯᠭ᠎ᠠ ᠲᠠᠢ ᠪᠠᠷ ᠬᠦᠬᠡᠬᠤᠳᠠ ᠳᠠᠬᠢ ᠦᠪᠤᠷ ᠮᠤᠩᠭᠤᠯ ᠤᠨ ᠤᠯᠠᠨ ᠤᠯᠤᠰ ᠤᠨ ᠮᠤᠩᠭᠤᠯ | ᠡᠮᠨᠡᠯᠬᠡ ᠶᠢᠨ ᠬᠤᠷᠢᠶᠠᠨ ᠳᠤ ᠴᠢᠰᠤ ᠴᠠᠶᠢᠬᠤ ᠡᠪᠡᠳᠴᠢᠳᠠᠨ ᠳᠤ ᠴᠢᠰᠤ ᠪᠦᠳᠤᠬᠡᠬᠦ ᠭᠤᠤᠯ ᠡᠰ ᠢᠶᠠᠨ ᠬᠠᠨᠳᠢᠪᠯᠠᠬᠤ | ᠪᠠᠷ ᠬᠦᠷᠤᠯ᠎ᠠ᠃ 12 ᠰᠠᠷ᠎ᠠ ᠶᠢᠨ 11 ᠤ ᠡᠳᠤᠷ ᠠᠴᠠ 14 ᠤ ᠡᠳᠤᠷ ᠪᠤᠯᠳᠠᠯ᠎ᠠ᠂ ᠽᠦᠸᠧ ᠵᠢᠶᠠᠩ ᠲᠤᠤ ᠡᠮᠴᠢ | ᠰᠤᠪᠢᠯᠠᠭᠴᠢ ᠶᠢᠨ ᠵᠢᠯᠤᠭᠤᠳᠤᠯᠭ᠎ᠠ ᠶᠤᠰᠤᠭᠠᠷ᠂ ᠢᠳᠡᠬᠡᠨ ᠤᠮᠳᠠᠭᠠᠨ ᠢᠶᠠᠨ ᠵᠤᠬᠢᠴᠠᠭᠤᠯᠤᠨ᠂ ᠰᠡᠳᠬᠢᠯ ᠰᠠᠨᠠᠭ᠎ᠠ | ᠪᠠᠨ ᠲᠠᠶᠢᠪᠤᠡᠭ ᠪᠠᠶᠢᠯᠭᠠᠬᠤ ᠪᠠ ᠠᠵᠢᠯᠯᠠᠵᠤ ᠠᠮᠠᠷᠠᠬᠤ ᠪᠠᠨ ᠲᠤᠬᠢᠷᠠᠭᠤᠯᠤᠨ᠂ ᠡᠳᠤᠷ ᠪᠦᠷᠢ ᠵᠤᠬᠢᠬᠤ ᠬᠡᠮᠵᠢᠶᠠᠨ ᠤ | ᠲᠠᠶᠢᠴᠢᠯᠠᠬᠤ ᠡᠮ ᠲᠠᠷᠢᠵᠤ᠂ ᠴᠢᠮᠤᠬᠡᠨ ᠲᠤᠳᠤᠷᠡᠬᠢ ᠴᠢᠰᠤ ᠪᠦᠳᠤᠬᠡᠬᠦ ᠭᠤᠤᠯ ᠡᠰ ᠤᠨ ᠭᠠᠳᠠᠷ ᠡᠷᠬᠢᠯᠳᠡ ᠶᠢᠨ | ᠴᠢᠰᠤ ᠤᠷᠤᠭᠤ ᠤᠷᠤᠭᠤᠯᠬᠤ ᠶᠢ ᠬᠦᠭᠵᠢᠬᠡᠵᠡᠢ᠃ 12 ᠰᠠᠷ᠎ᠠ ᠶᠢᠨ 15 ᠤ ᠦᠳᠠ ᠶᠢᠨ ᠡᠮᠤᠨ᠎ᠠ᠂ 4 ᠴᠠᠭ | ᠭᠠᠷᠤᠢ ᠶᠢᠨ ᠴᠠᠭ ᠬᠡᠷᠡᠭᠰᠡᠨ ᠪᠠᠶᠢᠵᠤ᠂ ᠽᠦᠸᠧ ᠵᠢᠶᠠᠩ ᠲᠤᠤ ᠶᠢᠨ ᠴᠢᠰᠤᠨ ᠠᠴᠠ 242 ᠮᠢᠯᠢᠯᠢᠲᠷ ᠴᠢᠰᠤ | ᠪᠦᠳᠤᠬᠡᠬᠦ ᠭᠤᠤᠯ ᠡᠰ ᠤᠨ ᠬᠦᠪᠤᠮᠠᠯ ᠰᠢᠩᠬᠡᠨ ᠢ ᠠᠮᠵᠢᠯᠳᠠ ᠲᠠᠢ ᠪᠠᠷ ᠠᠪᠴᠤ᠂ ᠰᠠᠶᠢᠨ ᠲᠤᠷ᠎ᠠ ᠶᠢᠨ ᠠᠵᠢᠯᠯᠠᠭᠴᠢ | ᠠᠴᠠ ᠮᠢᠩᠭᠠᠨ ᠭᠠᠵᠡᠷ ᠤᠨ ᠲᠡᠷᠳᠡᠭᠡ ᠪᠠᠶᠢᠭ᠎ᠠ ᠡᠪᠡᠳᠴᠢᠳᠠᠨ ᠤ ᠪᠠᠶᠢᠭ᠎ᠠ ᠡᠮᠨᠡᠯᠬᠡ ᠶᠢᠨ ᠬᠤᠷᠢᠶᠠᠨ ᠳᠤ ᠪᠠᠴᠢᠮ | ᠬᠦᠷᠬᠡᠵᠤ᠂ ᠨᠢᠬᠡ ᠴᠢᠰᠤᠨ ᠤ ᠡᠪᠡᠳᠴᠢᠨ ᠲᠠᠢ ᠡᠪᠡᠳᠴᠢᠳᠠᠨ ᠢ ᠠᠪᠤᠷᠠᠵᠠᠢ᠃ ᠢᠩᠬᠢᠬᠡᠳ ᠽᠦᠸᠧ ᠵᠢᠶᠠᠩ ᠲᠤᠤ | ᠦᠪᠤᠷ ᠮᠤᠩᠭᠤᠯ ᠤᠨ ᠦᠪᠡᠷᠳᠡᠬᠡᠨ ᠵᠠᠰᠠᠬᠤ ᠤᠷᠤᠨ ᠤ 167 ᠳ᠋ᠤᠭᠠᠷ ᠵᠢᠱᠢᠶ᠎ᠠ᠂ ᠰᠢᠯᠢ ᠶᠢᠨ ᠭᠤᠤᠯ ᠠᠶᠢᠮᠠᠭ ᠤᠨ | 12 ᠳ᠋ᠤᠭᠠᠷ ᠵᠢᠱᠢᠶ᠎ᠠ᠂ ᠠᠪᠠᠭ᠎ᠠ ᠬᠤᠰᠢᠭᠤᠨ ᠤ ᠴᠢᠰᠤ ᠪᠦᠳᠤᠬᠡᠬᠦ ᠭᠤᠤᠯ ᠡᠰ ᠬᠠᠨᠳᠢᠪᠯᠠᠭᠰᠡᠨ ᠠᠩᠬᠠᠳᠠᠭᠴᠢ | ᠵᠢᠱᠢᠶ᠎ᠠ ᠪᠤᠯᠤᠭᠰᠡᠨ ᠪᠠᠶᠢᠨ᠎ᠠ᠃ | ︽ᠴᠢᠰᠤ ᠪᠦᠳᠤᠬᠡᠬᠦ ᠭᠤᠤᠯ ᠡᠰ ᠢᠶᠠᠨ ᠠᠮᠵᠢᠯᠳᠠ ᠲᠠᠢ ᠬᠠᠨᠳᠢᠪᠯᠠᠭᠰᠡᠨ ᠶᠠᠪᠤᠳᠠᠯ ᠪᠤᠯ ᠮᠢᠨᠤ ᠡᠨ᠋ᠨ ᠨᠠᠰᠤᠨ | ᠳᠠᠬᠢ ᠪᠠᠰᠠ ᠨᠢᠬᠡ ᠵᠥᠢᠯ ᠤᠨ ᠤᠡᠴᠠᠭᠠᠢ ᠦᠩᠬᠡᠷᠡᠯᠳᠠ ᠮᠥᠨ᠂ ᠮᠢᠨᠤ ᠬᠠᠨᠳᠢᠪ ᠢ ᠲᠤᠰᠤᠭᠰᠡᠨ ᠡᠪᠡᠳᠴᠢᠳᠠᠨ ᠤ | ᠡᠪᠡᠳᠴᠢᠨ ᠢ ᠢᠯᠠᠨ ᠲᠠᠪᠠᠵᠤ᠂ ᠡᠷᠡᠬᠦᠯ ᠴᠢᠬᠢᠷᠠᠭ᠂ ᠡᠷᠡᠯᠬᠡᠭ ᠪᠠᠭᠠᠳᠤᠷᠯᠢᠭ ᠢᠶᠠᠷ ᠠᠮᠢᠳᠤᠷᠡᠬᠤ ᠶᠢ ᠬᠦᠰᠠᠵᠤ | ᠪᠠᠶᠢᠨ᠎ᠠ᠂ ᠡᠬᠦᠨ ᠤ ᠬᠠᠮᠳᠤ ᠡᠨ᠋ᠨ ᠤᠳᠠᠭᠠᠨ ᠤ ᠬᠠᠨᠳᠢᠪ ᠢᠶᠠᠷ ᠲᠤᠬᠢᠶᠠᠯ ᠪᠤᠯᠭᠠᠵᠤ᠂ ᠲᠡᠷᠬᠡᠳᠡᠬᠢ ᠨᠠᠩ ᠤᠯᠠᠨ | ᠬᠦᠮᠤᠨ ᠢ ᠲᠠᠶᠢᠴᠢᠯᠠᠨ ᠴᠢᠰᠤ ᠪᠦᠳᠤᠬᠡᠬᠦ ᠭᠤᠤᠯ ᠡᠰ ᠢᠶᠠᠨ ᠬᠠᠨᠳᠢᠪᠯᠠᠬᠤ ᠳᠤ ᠤᠷᠤᠯᠴᠠᠭᠤᠯᠵᠤ᠂ ᠬᠠᠮᠳᠤ ᠪᠠᠷ | ᠬᠠᠯᠠᠭᠤᠨ ᠭᠠᠷ ᠢᠶᠠᠨ ᠰᠤᠩᠭᠠᠨ ᠬᠠᠶᠢᠷ᠎ᠠ ᠬᠠᠯᠠᠮᠵᠢ ᠪᠠᠷ ᠢᠶᠠᠨ ᠴᠢᠰᠤᠨ ᠤ ᠡᠪᠡᠳᠴᠢᠨ ᠲᠠᠢ ᠡᠪᠡᠳᠴᠢᠳᠠᠨ ᠤ ᠠᠮᠢ | ᠨᠠᠰᠤ ᠶᠢ ᠠᠪᠤᠷᠠᠬᠤ ᠶᠢ ᠬᠦᠰᠠᠵᠤ ᠪᠠᠶᠢᠨ᠎ᠠ︾ ᠬᠡᠵᠤ ᠽᠦᠸᠧ ᠵᠢᠶᠠᠩ ᠲᠤᠤ ᠤᠷᠢᠶᠠᠯᠠᠨ᠎ᠠ᠃ | ᠽᠦᠸᠧ ᠵᠢᠶᠠᠩ ᠲᠤᠤ ᠦᠨᠡᠨ ᠰᠡᠳᠬᠢᠯᠬᠡ ᠪᠠ ᠦᠢᠯᠡ ᠠᠵᠢᠯᠯᠠᠭ᠎ᠠ ᠪᠠᠷ ᠢᠶᠠᠨ ᠠᠮᠢ ᠨᠠᠰᠤᠨ ᠤ ᠤᠴᠢ ᠶᠢ | ᠪᠠᠳᠠᠷᠠᠭᠠᠵᠤ᠂ ᠨᠢᠬᠡᠨ ᠵᠤᠯ ᠪᠤᠰᠤ ᠬᠡᠷ ᠪᠦᠯᠢ ᠶᠢ ᠠᠪᠤᠷᠠᠪᠠ᠃ ᠲᠡᠬᠦᠨ ᠤ ᠡᠷᠬᠢᠮ ᠲᠡᠬᠡᠳᠤ ᠦᠢᠯᠡ ᠠᠵᠢᠯᠯᠠᠭ᠎ᠠ ᠨᠢ | ᠲᠡᠷᠬᠡᠳᠡᠬᠢ ᠬᠦᠮᠤᠰ ᠲᠤ ᠪᠠᠨ ᠦᠯᠢᠬᠡᠷ ᠲᠠᠭᠤᠷᠢᠶᠠᠯ ᠪᠤᠯᠬᠤ ᠮᠦᠷᠳᠡᠬᠡᠨ ᠲᠡᠷᠡ ᠶᠡᠭᠡ ᠬᠠᠶᠢᠷ᠎ᠠ ᠶᠢᠨ ᠬᠦᠴᠤᠨ | ᠦᠷᠬᠦᠯᠵᠢᠳᠠ ᠪᠠᠨ ᠲᠠᠮᠵᠢᠭᠳᠠᠬᠤ ᠤᠴᠢᠷᠳᠡᠢ︕ | ᠤᠳᠤᠬᠠᠨ ᠳᠤ᠂ ᠠᠪᠠᠭ᠎ᠠ ᠬᠤᠰᠢᠭᠤᠨ ᠤ ᠴᠢᠰᠤ ᠪᠦᠳᠤᠬᠡᠬᠦ ᠭᠤᠤᠯ ᠡᠰ ᠢᠶᠠᠨ ᠬᠠᠨᠳᠢᠪᠯᠠᠬᠤ ᠠᠵᠢᠯ | ᠨᠢᠬᠡᠨᠳᠡ ᠡᠬᠢᠯᠡᠯᠳᠡ ᠲᠠᠢ ᠪᠤᠯᠵᠤ᠂ ᠨᠢᠬᠡᠨᠳᠡ130 ᠭᠠᠷᠤᠢ ᠰᠠᠶᠢᠨ ᠲᠤᠷᠠᠴᠤᠤᠯ ᠲᠤᠮᠳᠠᠳᠤ ᠶᠢᠨ ᠴᠢᠮᠤᠬᠡᠨ ᠤ | ᠬᠦᠮᠤᠷᠬᠡ ᠳᠤ ᠲᠠᠩᠰᠠᠯᠠᠭᠤᠯᠤᠭᠰᠡᠨ ᠪᠠᠶᠢᠨ᠎ᠠ᠂ ᠲᠡᠳᠡ ᠬᠠᠯᠠᠭᠤᠨ ᠴᠢᠰᠤ ᠪᠠᠷ ᠢᠶᠠᠨ ᠡᠪᠡᠳᠴᠢᠳᠠᠨ ᠳᠤ ᠠᠮᠢ ᠨᠠᠰᠤᠨ | ᠤ ᠬᠡᠷᠡᠯ ᠬᠡᠬᠡ ᠤᠯᠭᠤᠵᠤ᠂ ᠠᠪᠠᠭ᠎ᠠ ᠬᠤᠰᠢᠭᠤᠨ ᠤ ᠴᠢᠰᠤ ᠪᠦᠳᠤᠬᠡᠬᠦ ᠭᠤᠤᠯ ᠡᠰ ᠢᠶᠠᠨ ᠬᠠᠨᠳᠢᠪᠯᠠᠬᠤ ᠠᠵᠢᠯ ᠳᠤ | ᠢᠳᠡᠪᠬᠢᠳᠡᠢ ᠵᠢᠱᠢᠶ᠎ᠠ ᠦᠵᠡᠬᠦᠯᠵᠤ ᠬᠦᠳᠤᠯᠤᠨ ᠲᠠᠭᠠᠭᠤᠯᠬᠤ ᠦᠢᠯᠡᠳᠤᠯ ᠦᠵᠡᠬᠦᠯᠵᠤ ᠪᠠᠶᠢᠨ᠎ᠠ᠃ ᠨᠠᠩ ᠤᠯᠠᠨ | ᠬᠠᠶᠢᠷ᠎ᠠ ᠬᠠᠯᠠᠮᠵᠢ ᠬᠦᠷᠬᠡᠬᠦ ᠬᠦᠮᠤᠰ ᠴᠢᠰᠤ ᠪᠦᠳᠤᠬᠡᠬᠦ ᠭᠤᠤᠯ ᠡᠰ ᠢᠶᠠᠨ ᠬᠠᠨᠳᠢᠪᠯᠡᠬᠤ ᠰᠠᠶᠢᠨ ᠲᠤᠷᠠᠴᠤᠤᠯ ᠤᠨ | ᠡᠩᠨᠡᠬᠡᠨ ᠳᠤ ᠤᠷᠤᠵᠤ᠂ ᠨᠠᠶᠢᠳᠠ ᠶᠢᠨ ᠠᠰᠠᠷᠠᠮᠵᠢ ᠶᠢᠨ ᠦᠢᠯᠡᠰ ᠲᠤ ᠤᠷᠤᠯᠴᠠᠨ᠂ ᠬᠠᠶᠢᠷ᠎ᠠ ᠬᠠᠯᠠᠮᠵᠢ ᠪᠠᠨ | ᠡᠷᠬᠦᠵᠤ᠂ ᠨᠠᠩ ᠤᠯᠠᠨ ᠴᠢᠰᠤᠨ ᠤ ᠡᠪᠡᠳᠴᠢᠨ ᠲᠠᠢ ᠡᠪᠡᠳᠴᠢᠳᠠᠨ ᠳᠤ ᠠᠮᠢ ᠨᠠᠰᠤᠨ ᠤ ᠬᠦᠰᠠᠯ ᠡᠷᠠᠮᠠᠯᠵᠠᠯᠠᠯ | ᠤᠯᠭᠤᠬᠤ ᠶᠢ ᠬᠦᠰᠠᠵᠤ ᠪᠠᠶᠢᠨ᠎ᠠ᠃ |