ᠴᠠᠰᠣ ᠰᠢᠭᠤᠷᠭᠠᠨ ᠳᠤ ᠬᠠᠰᠢᠭᠳᠠᠭᠰᠡᠨ ᠮᠠᠯᠴᠢᠨ ᠲᠦᠮᠡᠨ ᠳᠤ ᠪᠠᠨ ᠱᠠᠯᠠᠪᠬᠠᠨ ᠲᠤᠰᠠᠯᠠᠮᠵᠢ ᠬᠦᠷᠳᠡᠬᠡᠨ᠎ᠠ
ᠨᠡᠶᠢᠲᠡᠯᠡᠭᠰᠡᠨ ᠴᠠᠭ᠄
2023/12/29
      12 ᠰᠠᠷ᠎ᠠ ᠶᠢᠨ 14᠎ ᠤ ᠡᠳᠤᠷ ᠠᠴᠠ ᠨᠠᠰᠢ᠂ ᠪᠠᠶᠠᠡᠳᠤᠭ ᠰᠤᠮᠤᠨ ᠳᠤ ᠵᠠᠯᠭᠠᠪᠠᠷ ᠴᠠᠰᠤ ᠤᠷᠤᠵᠤ᠂ ᠵᠠᠮ ᠬᠠᠷᠢᠯᠴᠠᠭᠠᠨ ᠳᠤ ᠶᠡᠬᠡᠳᠡ ᠨᠦᠯᠤᠬᠡ ᠤᠴᠠᠷᠠᠭᠤᠯᠪᠠ᠃       12 ᠰᠠᠷ᠎ᠠ ᠶᠢᠨ 20᠎ ᠤ ᠤᠷᠤᠢ ᠶᠢᠨ ᠨᠠᠢᠮᠠᠨ ᠴᠠᠭ ᠤᠨ ᠪᠠᠷᠤᠭ ᠢᠶᠠᠷ ᠪᠠᠶᠡᠡᠳᠤᠭ ᠰᠤᠮᠤᠨ ᠤ ᠵᠠᠰᠠᠭ ᠤᠨ ᠤᠷᠳᠤᠨ ᠤ ᠵᠢᠵᠢᠬᠦᠷᠯᠡᠬᠦ ᠲᠠᠰᠤᠭ ᠤᠨ ᠬᠢᠨ ︽ᠰᠠᠶᠢᠨ ᠪᠠᠶᠢᠨ᠎ᠠ ᠤᠤ᠂ ᠪᠢ ᠦᠭᠬᠢᠶᠠᠮᠤᠷ ᠭᠠᠴᠠᠭᠠᠨ ᠤ ᠮᠠᠯᠴᠢᠨ ᠬᠦᠭᠵᠢᠯᠪᠠᠭᠠᠳᠤᠷ ᠪᠠᠶᠢᠨ᠎ᠠ᠃ ᠵᠢᠷᠭᠠᠯᠠᠩᠳᠤ ᠰᠤᠮᠤᠨ ᠳᠤ ᠶᠠᠪᠤᠬᠤ ᠵᠠᠮ ᠲᠡᠬᠡᠷ᠎ᠠ ᠲᠡᠷᠬᠡ ᠴᠠᠰᠤᠨ ᠳᠤ ᠰᠢᠬᠢᠳᠤᠬᠡᠳ ᠪᠠᠶᠢᠨ᠎ᠠ᠂ ᠲᠡᠭᠷᠢ ᠬᠠᠷᠠᠩᠭᠤᠢ ᠪᠤᠯᠤᠭᠰᠡᠨ ᠮᠦᠷᠳᠡᠬᠡᠨ ᠴᠠᠰᠤ ᠤᠷᠤᠬᠤ ᠨᠢ ᠤᠯᠠᠮ ᠶᠠᠬᠡᠰᠴᠤ᠂ ᠲᠡᠷᠬᠡ ᠴᠤ ᠲᠤᠰᠤ ᠦᠬᠡᠢ ᠪᠤᠯᠬᠤ ᠰᠢᠬᠠᠯ᠎ᠠ︾ ᠬᠡᠰᠡᠨ ᠠᠪᠤᠷᠠᠯᠳᠠ ᠶᠢᠨ ᠤᠳᠠᠰᠤ ᠶᠢ ᠲᠤᠰᠤᠯ᠎ᠠ᠃ ︽ᠲᠠ ᠪᠢᠳᠠᠬᠡᠢ ᠪᠠᠴᠢᠮᠳᠠᠵᠤ ᠰᠠᠡᠳᠤᠷᠤᠭᠠᠷᠠᠢ᠂ ᠪᠢᠳᠠ ᠤᠳᠠᠬᠤ ᠦᠬᠡᠢ ᠲᠠᠨ ᠢ ᠲᠤᠰᠠᠯᠠᠬᠤ ᠪᠠᠷ ᠤᠴᠢᠨ᠎ᠠ︾ ᠬᠡᠰᠡᠨ ᠬᠠᠷᠢᠭᠤᠯᠳᠠ ᠦᠭᠬᠦᠮᠡᠭᠴᠠ ᠂ ᠪᠠᠶᠠᠡᠳᠤᠭ ᠰᠤᠮᠤᠨ ᠤ ᠨᠠᠮ ᠵᠠᠰᠠᠭ ᠤᠨ ᠭᠤᠤᠯ ᠤᠳᠤᠷᠢᠳᠤᠯᠭ᠎ᠠ ᠲᠠᠭᠠᠭᠤᠯᠵᠤ᠂ ᠤᠳᠬᠤᠭᠤᠷ ᠲᠡᠷᠬᠡ ᠪᠠᠨ ᠵᠢᠯᠤᠭᠤᠳᠴᠤ᠂ ᠴᠠᠰᠤ ᠮᠠᠯᠳᠠᠬᠤ ᠪᠠᠭᠠᠵᠢ ᠬᠡᠷᠡᠭᠰᠡᠯ ᠢᠶᠠᠨ ᠠᠪᠤᠨ᠂ ᠨᠠᠮ ᠤᠨ ᠬᠡᠰᠢᠬᠦᠨ ᠺᠠᠳ᠋ᠷ᠂ ᠰᠠᠯᠪᠤᠷᠢ ᠶᠢᠨ ᠴᠡᠷᠢᠭ ᠴᠠᠭᠳᠠᠭ᠎ᠠ ᠶᠢ ᠵᠤᠬᠢᠶᠠᠨ ᠪᠠᠶᠢᠭᠤᠯᠵᠤ ᠲᠠᠷᠤᠢ ᠲᠦᠷᠬᠡᠨ ᠬᠦᠳᠡᠯᠤᠯᠴᠠᠪᠠ᠃       ᠬᠡᠳᠤᠨ ᠡᠳᠤᠷ ᠤᠨ ᠬᠢᠨᠢ ᠲᠠᠷᠠᠭ᠎ᠠ ᠬᠦᠭᠵᠢᠯᠪᠠᠭᠠᠳᠤᠷ᠄ ︽ᠲᠠᠷᠡ ᠡᠳᠤᠷ ᠴᠠᠰᠤ ᠲᠠᠶᠢᠮᠤ ᠶᠡᠭᠡ ᠤᠷᠤᠨ᠎ᠠ ᠬᠡᠵᠤ ᠪᠤᠳᠤᠭ᠎ᠠ ᠦᠬᠡᠢ᠂ ᠬᠡᠷᠪᠡ ᠲᠠ ᠨᠠᠷ ᠨᠠᠮ᠎ᠠ ᠶᠢ ᠠᠪᠤᠷᠠᠬᠤ ᠪᠠᠷ ᠤᠴᠢᠭᠰᠡᠨ ᠦᠬᠡᠢ ᠪᠤᠯ ᠪᠢ ᠦᠨᠡᠨ ᠶᠠᠭᠠᠬᠢᠬᠤ ᠪᠠᠨ ᠮᠠᠳᠠᠬᠦ ᠦᠬᠡᠢ ᠪᠠᠶᠢᠭᠰᠡᠨ᠂ ᠲᠠ ᠨᠠᠷ ᠲᠤ ᠦᠨᠡᠬᠡᠷ ᠶᠡᠭᠡ ᠲᠠᠯᠠᠷᠬᠠᠵᠤ ᠪᠠᠶᠢᠨ᠎ᠠ ᠰᠢᠤ︾ ᠬᠡᠮᠡᠨ ᠪᠠᠶᠠᠷᠯᠠᠵᠤ ᠲᠠᠯᠠᠷᠬᠠᠬᠤ ᠰᠡᠳᠬᠢᠯᠬᠡ ᠪᠠᠨ ᠢᠯᠡᠳᠬᠡᠬᠦ ᠶᠢᠨ ᠬᠠᠮᠳᠤ ︽ᠴᠠᠰᠤ ᠲᠠᠢ ᠲᠠᠮᠠᠴᠠᠨ ᠰᠢᠭᠤᠷᠬᠠᠶᠢᠯᠠᠭᠰᠡᠨ ᠬᠦᠢᠳᠡᠨ ᠢ ᠰᠦᠷᠦᠭᠰᠡᠨ ᠵᠤᠷᠢᠭᠳᠠᠳ᠂ ᠴᠠᠭ ᠲᠠᠢ ᠤᠷᠤᠯᠳᠤᠨ ᠭᠠᠪᠰᠢᠭᠠᠶᠢᠯᠠᠭᠰᠡᠨ ᠠᠷᠡᠳ ᠢ ᠲᠤᠰᠠᠯᠠᠭᠰᠡᠨ ᠬᠦᠴᠤᠳᠠᠳ︾ ᠬᠡᠰᠡᠨ ᠬᠡᠮᠡᠷᠯᠢᠭ ᠲᠤᠭ ᠭᠠᠷᠳᠠᠭᠤᠯᠪᠠ᠃       ᠴᠠᠰᠤ ᠶᠡᠭᠡ ᠤᠷᠤᠵᠤ᠂ ᠵᠠᠮ ᠲᠦᠭᠵᠢᠷᠡᠭᠰᠡᠨ ᠠᠴᠠ ᠬᠤᠶᠢᠰᠢ ᠤᠳᠠᠭ᠎ᠠ ᠲᠠᠷᠠᠭᠠᠯᠠᠨ ᠴᠦᠬᠦᠷᠡᠰᠢ ᠦᠬᠡᠢ ᠠᠪᠤᠷᠠᠨ ᠲᠤᠰᠠᠯᠠᠯᠳᠠ ᠬᠢᠵᠤ᠂ ᠤᠯᠠᠨ ᠬᠦᠮᠤᠨ ᠤᠨ ᠪᠠᠶᠠᠷ ᠲᠠᠯᠠᠷᠬᠠᠯ ᠢ ᠬᠦᠷᠳᠡᠵᠤ ᠪᠠᠶᠢᠭ᠎ᠠ ᠪᠠᠶᠠᠡᠳᠤᠭ ᠰᠤᠮᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠨᠢ ᠲᠤᠮᠳᠠᠳᠤ ᠶᠢᠨ ᠦᠡᠳᠤᠰᠤᠳᠠᠨ ᠤ ᠬᠠᠮᠳᠤ ᠶᠢᠨ ᠴᠤᠭᠴᠠ ᠶᠢᠨ ᠤᠬᠠᠮᠰᠠᠷ ᠢ ᠪᠠᠳᠤ ᠪᠠᠬᠢ ᠪᠤᠢ ᠪᠤᠯᠭᠠᠬᠤ ᠶᠢ ᠡᠯ᠎ᠠ ᠵᠥᠢᠯ ᠤᠨ ᠠᠵᠢᠯ ᠤᠨ ᠭᠤᠤᠯ ᠱᠤᠭᠤᠮ ᠪᠤᠯᠭᠠᠵᠤ᠂ ᠶᠡᠭᠡ ᠴᠠᠰᠤ ᠰᠢᠭᠤᠷᠭᠠᠨ ᠲᠠᠢ ᠦᠶᠠᠰ ᠰᠤᠮᠤᠨ ᠤ ᠨᠠᠮ ᠤᠨ ᠬᠤᠷᠢᠶ᠎ᠠ ᠵᠠᠰᠠᠭ ᠤᠨ ᠤᠷᠳᠤᠨ ᠠᠴᠠ ᠴᠠᠭ ᠲᠤᠬᠠᠢ ᠳᠤᠨᠢ ᠲᠤᠬᠢᠷᠠᠭᠤᠯᠤᠨ ᠪᠠᠶᠢᠷᠢᠯᠠᠭᠤᠯᠵᠤ᠂ ᠬᠠᠮᠤᠭ ᠤᠨ ᠲᠡᠷᠢᠬᠦᠨ ᠳᠤ ᠤᠷᠢᠳᠴᠢᠯᠡᠨ ᠰᠠᠷᠠᠮᠵᠢᠯᠡᠬᠦᠯᠬᠦ ᠮᠡᠳᠡᠭᠳᠡᠯ ᠨᠠᠶᠢᠳᠠᠯᠡᠵᠤ ᠂ ᠬᠠᠷᠢᠶ᠎ᠠ ᠲᠤᠭᠤᠷᠢᠭ ᠤᠨ ᠮᠠᠯᠴᠢᠨ ᠲᠦᠮᠡᠨ ᠳᠤ ᠠᠶᠤᠯ ᠲᠦᠭᠰᠢᠬᠦᠷᠢ ᠶᠢᠨ ᠣᠬᠠᠮᠰᠠᠷ ᠢᠶᠠᠨ ᠴᠢᠩᠭᠠᠳᠬᠠᠵᠤ᠂ ᠤᠷᠢᠳᠴᠢᠯᠡᠨ ᠠᠷᠭ᠎ᠠ ᠬᠡᠮᠵᠢᠶ᠎ᠠ ᠠᠪᠴᠤ᠂ ᠬᠤᠬᠢᠷᠡᠯ ᠭᠠᠷᠬᠤ ᠠᠴᠠ ᠰᠡᠷᠬᠡᠶᠢᠯᠡᠬᠦ ᠶᠢ ᠰᠠᠨᠠᠭᠤᠯᠬᠤ ᠶᠢᠨ ᠬᠠᠮᠳᠤ᠂ ᠨᠠᠮ ᠤᠨ ᠬᠡᠰᠢᠬᠦᠨ ᠺᠠᠳ᠋ᠷᠴᠤᠳ ᠢ ᠤᠷᠢᠶᠠᠯᠠᠨ ᠵᠠᠮ ᠲᠡᠬᠡᠷᠡᠬᠢ ᠬᠤᠷᠠᠭᠰᠡᠨ ᠴᠠᠰᠤ ᠶᠢ ᠲᠦᠷᠤᠬᠦᠯᠡᠨ ᠴᠠᠪᠠᠷᠯᠡᠵᠤ᠂ ᠴᠠᠰᠤ ᠰᠢᠭᠤᠷᠭᠠᠨ ᠳᠤ ᠬᠠᠮᠳᠤᠪᠠᠷ ᠲᠠᠮᠠᠴᠠᠬᠦ ᠬᠦᠴᠤᠷᠬᠡᠭ ᠶᠡᠭᠡ ᠬᠦᠴᠤᠨ ᠢ ᠨᠢᠭᠳᠠᠷᠠᠭᠤᠯᠵᠤ᠂ ᠮᠠᠯᠴᠢᠨ ᠲᠦᠮᠡᠨ ᠤ ᠠᠮᠤᠷ ᠲᠦᠪᠰᠢᠨ ᠠᠶᠠᠯᠠᠯ ᠤᠨ ᠵᠠᠮ ᠢ ᠪᠦᠬᠦ ᠬᠦᠴᠤᠨ ᠢᠶᠠᠷ ᠢᠶᠠᠨ ᠰᠠᠬᠢᠨ ᠬᠠᠮᠠᠭᠠᠯᠠᠬᠤ ᠶᠢ ᠪᠠᠷᠢᠮᠳᠠᠯᠠᠭᠰᠠᠭᠠᠷ ᠢᠷᠠᠵᠠᠢ᠃       ᠤᠳᠤᠬᠠᠨ ᠪᠤᠯᠳᠠᠯ᠎ᠠ᠂ ᠪᠠᠶᠠᠡᠳᠤᠭ ᠰᠤᠮᠤ ᠡᠯ᠎ᠠ ᠭᠠᠴᠠᠭ᠎ᠠ᠂ ᠬᠠᠷᠢᠶ᠎ᠠ ᠲᠤᠭᠤᠷᠢᠭ ᠤᠨ ᠠᠭᠤᠷᠬᠠᠢ ᠵᠠᠷᠬᠡ ᠶᠢ ᠵᠤᠬᠢᠶᠠᠨ ᠪᠠᠶᠢᠭᠤᠯᠵᠤ 90 ᠭᠠᠷᠤᠢ ᠤᠳᠠᠭ᠎ᠠ ᠤᠳᠬᠤᠭᠤᠷ ᠮᠠᠰᠢᠨ ᠬᠦᠳᠡᠯᠬᠡᠨ᠂ 110 ᠭᠠᠷᠤᠢ ᠬᠦᠮᠤᠨ ᠤᠳᠠᠭ᠎ᠠ ᠂ 200 ᠭᠠᠷᠤᠢ ᠴᠠᠭ ᠠᠵᠢᠯᠯᠠᠨ᠂ 210 ᠺᠢᠯᠤᠮᠧᠲᠷ ᠵᠠᠮ ᠤᠨ ᠴᠠᠰᠤ ᠶᠢ ᠴᠠᠪᠠᠷᠯᠠᠨ᠂ 221 ᠬᠦᠮᠤᠨ 146 ᠲᠡᠷᠬᠡ ᠢ ᠠᠪᠤᠷᠠᠨ ᠲᠤᠰᠠᠯᠠᠪᠠ᠃       ᠡᠬᠦᠨ ᠤ ᠬᠠᠮᠳᠤ ᠪᠠᠶᠠᠡᠳᠤᠭ ᠰᠤᠮᠤᠨ ᠤ ᠮᠠᠯᠴᠢᠨ ᠲᠦᠮᠡᠨ ᠴᠤ ᠰᠠᠶᠢᠨ ᠲᠤᠷ᠎ᠠ ᠶᠢᠨ ᠦᠢᠯᠡᠴᠢᠯᠡᠬᠡᠨ ᠤ ᠠᠩᠬᠢ ᠶᠢ ᠵᠤᠬᠢᠶᠠᠨ ᠪᠠᠶᠢᠭᠤᠯᠵᠤ᠂ ᠤᠯᠠᠨ ᠢᠶᠠᠷ ᠢᠶᠠᠨ ᠮᠠᠰᠢᠨ ᠲᠡᠷᠬᠡ ᠬᠦᠮᠤᠨ ᠤ ᠬᠦᠴᠤ ᠪᠠᠨ ᠭᠠᠷᠭᠠᠨ ᠪᠦᠯᠬᠦᠮᠳᠠᠨ ᠬᠠᠮᠵᠢᠯᠴᠠᠵᠤ᠂ ᠵᠠᠮ ᠲᠡᠬᠡᠷᠡᠬᠢ ᠬᠤᠷᠠᠭᠰᠡᠡ ᠴᠠᠰᠤ ᠶᠢ ᠢᠳᠡᠪᠬᠢᠲᠡᠢ ᠴᠠᠪᠠᠷᠯᠠᠨ᠂ ᠬᠠᠬᠢᠷ ᠬᠦᠢᠳᠠᠨ ᠢ ᠬᠠᠮᠳᠤ ᠶᠢᠨ ᠬᠦᠳᠡᠯᠮᠤᠷᠢ᠂ ᠬᠠᠯᠠᠭᠤᠨ ᠬᠠᠶᠢᠷ᠎ᠠ ᠪᠠᠷ ᠢᠶᠠᠨ ᠤᠶᠠᠰᠬᠠᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号