ᠨᠠᠷᠠᠡᠪᠤᠯᠠᠭ ᠰᠤᠮᠤᠨ ᠤ ᠮᠤᠩᠭᠤᠯ ᠮᠤᠷᠢᠨ ᠤ ᠰᠢᠡᠳᠠᠰᠤ ᠰᠢᠯᠭᠠᠬᠤ ᠤᠷᠤᠯᠳᠤᠭᠠᠨ ᠢᠳᠠ ᠬᠦᠭ ᠲᠠᠢ ᠶᠠᠪᠤᠭᠳᠠᠪᠠ
ᠨᠡᠶᠢᠲᠡᠯᠡᠭᠰᠡᠨ ᠴᠠᠭ᠄
2023/12/20
       12 ᠰᠠᠷ᠎ᠠ ᠶᠢᠨ 16᠎ ᠤ ᠡᠳᠤᠷ᠂ ᠠᠩᠬᠠᠳᠤᠭᠠᠷ ᠬᠤᠭᠤᠴᠠᠭᠠᠨ ᠤ ︽ᠮᠤᠩᠭᠤᠯ ᠮᠤᠷᠢᠨ ᠤ ᠵᠤᠷᠢᠭ ᠰᠠᠨᠠᠭ᠎ᠠ ᠬᠤᠨᠳᠠᠭᠠᠳᠤ︾ ᠲᠤᠮᠳᠠᠳᠤ ᠤᠯᠤᠰ ᠤᠨ ᠠᠳᠤᠭᠤᠨ ᠰᠤᠶᠤᠯ ᠤᠨ ᠲᠦᠪ ᠰᠢᠯᠢ ᠶᠢᠨ ᠭᠤᠤᠯ ᠤᠨ ᠮᠤᠩᠭᠤᠯ ᠮᠤᠷᠢᠨ ᠤ ᠬᠤᠯᠪᠤᠭᠠᠳᠤ ᠤᠷᠤᠯᠳᠤᠭᠠᠨ ᠤ ᠠᠪᠠᠭ᠎ᠠ ᠬᠤᠰᠢᠭᠤᠨ ᠳᠠᠬᠢ ᠬᠤᠪᠢᠶᠠᠷᠢ ᠲᠠᠯᠠᠪᠠᠢ ᠤᠷᠤᠯᠳᠤᠭᠠᠨ ᠤ ᠨᠠᠷᠠᠡᠪᠤᠯᠠᠭ ᠰᠤᠮᠤᠨ ᠤ ᠮᠤᠷᠢᠨ ᠤ ᠤᠷᠤᠯᠳᠤᠭᠠᠨ ᠪᠠᠶᠠᠡᠰᠢᠯᠢ ᠭᠠᠴᠠᠭᠠᠨ ᠳᠤ ᠠᠮᠵᠢᠯᠳᠠ ᠲᠠᠢ ᠶᠠᠪᠤᠭᠳᠠᠯ᠎ᠠ᠃ ᠲᠤᠰ ᠤᠳᠠᠭᠠᠨ ᠤ ᠤᠷᠤᠯᠳᠤᠭᠠᠨ ᠨᠢ ᠠᠪᠠᠭ᠎ᠠ ᠬᠤᠰᠢᠭᠤᠨ ᠤ ᠰᠤᠮᠤᠨ ᠤ ᠲᠡᠰ ᠤᠨ ᠤᠷᠤᠯᠳᠤᠭᠠᠨ ᠤ ᠴᠢᠬᠤᠯᠠ ᠨᠢᠬᠡ ᠤᠳᠠᠭᠠᠨ ᠤ ᠤᠷᠤᠯᠳᠤᠭᠠᠨ ᠪᠠᠶᠢᠵᠤ᠂ ᠨᠠᠷᠠᠡᠪᠤᠯᠠᠭ ᠰᠤᠮᠤᠨ ᠤ ᠬᠤᠶᠡᠷ ᠲᠠᠯᠠᠪᠠᠢ ᠭᠠᠴᠠᠭᠠᠨ ᠤ ᠲᠠᠰ ᠤᠨ ᠤᠷᠤᠯᠳᠤᠭᠠᠨ ᠳᠤ ᠰᠢᠯᠭᠠᠷᠠᠭᠰᠡᠨ ᠰᠢᠡᠳᠠᠰᠤᠳᠤ ᠮᠤᠷᠢᠳ ᠢ ᠰᠤᠩᠭᠤᠨ ᠤᠷᠤᠯᠴᠠᠭᠤᠯᠵᠠᠢ᠃        ᠡᠬᠢᠯᠡᠯᠳᠡ ᠶᠢᠨ ᠶᠤᠰᠤᠯᠠᠯ ᠢᠶᠠᠷ᠂ ᠨᠠᠷᠠᠡᠪᠤᠯᠠᠭ ᠰᠤᠮᠤᠨ ᠤ ᠬᠠᠷ᠎ᠠ ᠮᠤᠷᠢᠳᠤ ᠰᠤᠮᠤ ᠶᠢᠨ ᠡᠷᠤᠬᠡ ᠶᠢᠨ ᠴᠡᠷᠢᠭ ᠢᠶᠠᠷ ᠪᠦᠷᠢᠯᠳᠦᠭᠰᠡᠨ ᠤᠯᠤᠰ ᠤᠨ ᠲᠤᠭ ᠤᠨ ᠬᠠᠮᠠᠭᠠᠯᠠᠯᠳᠠ ᠶᠢᠨ ᠠᠩᠬᠢ᠂ ᠬᠠᠷ᠎ᠠ ᠮᠤᠷᠢᠳᠤ ᠰᠤᠮᠤ ᠶᠢᠨ ᠡᠷᠤᠬᠡ ᠶᠢᠨ ᠴᠡᠷᠢᠭ ᠤᠨ ᠡᠩᠨᠡᠭᠡ᠂ ᠤᠨᠤᠭᠠᠴᠢᠳ ᠤᠨ ᠡᠩᠨᠡᠭᠡ ᠬᠡᠮᠡᠨ ᠲᠠᠷᠠᠭᠠᠯᠠᠨ ᠲᠠᠯᠠᠪᠠᠢ ᠳᠤ ᠤᠷᠤᠵᠤ᠂ ᠤᠷᠤᠯᠳᠤᠭᠠᠨ ᠤ ᠠᠭᠤᠷ ᠠᠮᠢᠰᠬᠤᠯ ᠢ ᠬᠦᠭᠵᠢᠬᠡᠨ᠂ ᠨᠠᠭᠠᠳᠤᠮᠴᠢᠳ ᠤᠨ ᠪᠠᠭ᠋ᠠᠷᠬᠠᠯ ᠢ ᠲᠠᠳᠠᠨ᠎ᠠ᠃ ᠡᠪᠤᠯ ᠤᠨ ᠬᠦᠢᠳᠠᠨ ᠢ ᠤᠶᠠᠰᠬᠠᠭᠰᠡᠨ ᠦᠷᠬᠡᠨ ᠤᠯᠠᠨ ᠨᠠᠭᠠᠳᠤᠮᠴᠢᠳ ᠴᠤᠪᠤᠷᠠᠯᠳᠤᠵᠤ ᠪᠠᠶᠢᠯ᠎ᠠ᠃        ᠴᠠᠰᠤᠳᠤ ᠲᠠᠯ᠎ᠠ ᠶᠢ ᠰᠢᠪᠳᠤᠯᠤᠨ ᠬᠤᠷᠳᠤᠯᠠᠬᠤ ᠬᠦᠯᠦᠭ ᠤᠨ ᠲᠠᠪᠬᠢᠭᠠᠨ ᠳᠤ᠂ ᠤᠨᠤᠭᠠᠴᠢᠳ ᠮᠠᠨᠢ ᠤᠨᠤᠭᠰᠡᠨ ᠬᠦᠯᠦᠭ ᠲᠠᠢ ᠪᠠᠨ ᠡᠪ ᠢᠶᠠᠷ ᠵᠤᠬᠢᠴᠠᠨ᠂ ᠤᠶᠠᠭᠰᠡᠨ ᠡᠵᠡᠳ ᠤᠨ ᠮᠠᠷᠬᠡᠵᠢᠯ ᠰᠤᠷᠢᠵᠤ᠂ ᠤᠷᠤᠯᠳᠤᠭᠠᠨ ᠮᠤᠷᠢᠳ ᠤᠨ ᠰᠢᠡᠳᠡᠰᠤ ᠰᠢᠯᠭᠠᠨ᠂ ᠮᠤᠩᠭᠤᠯ ᠮᠤᠷᠢ ᠬᠢᠬᠡᠳ ᠤᠨᠤᠭᠰᠡᠨ ᠡᠵᠡᠨ ᠤ ︽ᠲᠠᠰᠪᠤᠷᠢ ᠬᠠᠳᠠᠭᠤᠵᠢᠯᠳᠡᠢ᠂ ᠴᠤᠴᠠᠯᠳᠠ ᠦᠬᠡᠢ ᠤᠷᠤᠭᠰᠢᠯᠠᠬᠤ᠂ ᠵᠤᠷᠢᠭᠰᠡᠨ ᠳᠤ ᠪᠠᠨ ᠬᠦᠷᠬᠦ ᠠᠴᠠ ᠪᠤᠴᠠᠬᠤ ᠦᠬᠡᠢ︾ ᠮᠤᠩᠭᠤᠯ ᠮᠤᠷᠢᠨ ᠤ ᠵᠤᠷᠢᠭ ᠰᠠᠨᠠᠭ᠎ᠠ ᠶᠢ ᠬᠠᠷᠠᠭᠤᠯᠤᠯ᠎ᠠ᠃ ᠤᠷᠤᠯᠳᠤᠭᠠᠨ ᠤ ᠳ᠋ᠦᠡᠭ ᠳᠤ ᠰᠠᠷᠠᠭᠤᠯᠳᠠᠯ᠎ᠠ ᠭᠠᠴᠠᠭᠠᠨ ᠤ ᠪᠦᠬᠡᠪᠢᠯᠢᠭ ᠤᠨ ᠮᠤᠷᠢ 30 ᠭᠠᠵᠡᠷ ᠤᠨ ᠠᠯᠤᠰ ᠤᠨ ᠮᠤᠷᠢᠨ ᠤ ᠤᠷᠤᠯᠳᠤᠭᠠᠨ ᠳᠤ ᠮᠠᠩᠯᠠᠶᠢᠯᠠᠵᠤ᠂ ᠪᠠᠶᠠᠡᠰᠢᠯᠢ ᠭᠠᠴᠠᠭᠠᠨ ᠤ ᠲᠦᠯᠤᠬᠡᠯᠡᠭᠴᠢᠳ ᠤᠨ ᠠᠩᠬᠢ 6000 ᠮᠧᠲᠷ ᠤᠨ ᠬᠦᠴᠤᠨ ᠵᠠᠯᠭᠠᠬᠤ ᠤᠷᠤᠯᠳᠤᠭᠠᠨ ᠳᠤ ᠮᠠᠩᠯᠠᠶᠢᠯᠠᠪᠠ᠃       ᠤᠷᠤᠯᠳᠤᠭᠠᠨ ᠤ ᠲᠦᠷᠤᠯ ᠵᠥᠢᠯ ᠢ ᠪᠠᠶᠠᠯᠢᠭᠵᠢᠭᠤᠯᠬᠤ ᠶᠢᠨ ᠲᠦᠯᠤᠬᠡ᠂ ᠭᠤᠤᠯᠯᠠᠨ ᠡᠷᠬᠢᠯᠡᠬᠦ ᠨᠢᠬᠡᠴᠠ ᠎ ᠶᠢᠨ ᠬᠢᠨ ᠡᠷᠯᠢᠰᠠ ᠮᠤᠷᠢᠨ ᠤ ᠤᠷᠤᠯᠳᠤᠭᠠᠨ᠂ ᠤᠡᠴᠠᠯᠢᠭᠳᠤ ᠠᠮᠳᠠᠳᠤ ᠢᠳᠡᠬᠡᠨ ᠢ ᠠᠮᠳᠠᠯᠠᠭᠤᠯᠬᠤ ᠵᠡᠷᠬᠡ ᠪᠠᠶᠠᠯᠢᠭ ᠠᠭᠤᠯᠭ᠎ᠠ ᠲᠠᠢ ᠠᠵᠢᠯᠯᠠᠭ᠎ᠠ ᠲᠤᠬᠢᠷᠠᠭᠤᠯᠤᠯ᠎ᠠ᠃ ᠪᠠᠰᠠ ᠨᠠᠷᠠᠡᠪᠤᠯᠠᠭ ᠰᠤᠮᠤᠨ ᠤ 60 ᠨᠠᠰᠤᠨ ᠠᠴᠠ ᠲᠡᠬᠡᠭᠰᠢᠬᠢ 70 ᠭᠠᠷᠤᠢ ᠰᠢᠯᠢᠳᠡᠭ ᠤᠶᠠᠭᠠᠴᠢ ᠪᠠ ᠨᠠᠷᠠᠡᠪᠤᠯᠠᠭ ᠰᠤᠮᠤᠨ ᠤ ᠠᠪᠠᠭ᠎ᠠ ᠬᠠᠷ᠎ᠠ ᠠᠳᠤᠭᠤ ᠦᠷᠡᠵᠢᠬᠦᠯᠤᠨ ᠪᠤᠶᠢᠵᠢᠭᠤᠯᠤᠭᠰᠡᠨ ᠰᠢᠯᠢᠳᠡᠭ ᠡᠷᠤᠬᠡ ᠶᠢ ᠬᠦᠬᠢᠬᠦᠯᠤᠨ ᠱᠠᠩᠨᠠᠵᠤ᠂ ᠠᠵᠢᠯᠯᠠᠭᠠᠨ ᠤ ᠠᠭᠤᠯᠭ᠎ᠠ ᠶᠢ ᠪᠠᠶᠠᠯᠢᠭᠵᠢᠭᠤᠯᠤᠨ᠂ ᠨᠠᠭᠠᠳᠤᠮᠴᠢᠨ ᠤᠯᠠᠨ ᠮᠠᠨᠢ ᠮᠤᠩᠭᠤᠯ ᠠᠳᠤᠭᠤᠨ ᠰᠤᠶᠤᠯ ᠤᠨ ᠲᠤᠬᠠᠢ ᠨᠠᠩ ᠰᠠᠶᠢᠨ ᠦᠢᠯᠠᠭᠠᠯᠳᠠ ᠲᠠᠢ ᠪᠤᠯᠤᠭᠰᠡᠨ ᠪᠠᠶᠢᠨ᠎ᠠ᠃       ᠡᠨ᠋ᠨ ᠤᠳᠠᠭᠠᠨ ᠤ ᠤᠷᠤᠯᠳᠤᠭᠠᠨ ᠢ ᠠᠮᠵᠢᠯᠳᠠ ᠲᠠᠢ ᠶᠠᠪᠤᠭᠳᠠᠭᠤᠯᠤᠭᠰᠡᠨ ᠢᠶᠠᠷ ᠮᠤᠩᠭᠤᠯ ᠮᠤᠷᠢᠨ ᠤ ᠰᠢᠯᠢᠳᠡᠭ ᠵᠠᠩ ᠴᠢᠨᠡᠷ ᠪᠠ ᠦᠪᠡᠷᠮᠢᠴᠠ ᠷᠢᠳᠢ ᠰᠢᠳᠢ ᠶᠢ ᠢᠯᠷᠡᠬᠦᠯᠦᠭᠰᠡᠨ ᠢᠶᠠᠷ ᠪᠠᠷᠠᠬᠤ ᠦᠬᠡᠢ᠂ ᠦᠡᠳᠤᠰᠤᠳᠠᠨ ᠎ ᠨᠦᠭᠦᠳ ᠤᠨ ᠬᠤᠭᠤᠷᠤᠡᠳᠤᠬᠢ ᠰᠤᠯᠢᠯᠴᠠᠭ᠎ᠠ ᠪᠠ ᠪᠦᠯᠬᠦᠮᠳᠠᠯ ᠢ ᠠᠬᠢᠭᠤᠯᠬᠤ ᠶᠢᠨ ᠬᠠᠮᠳᠤ ᠪᠠᠰᠠ ᠮᠠᠯᠴᠢᠨ ᠲᠦᠮᠡᠨ ᠎ ᠳᠤ ᠨᠢᠬᠡ ᠤᠳᠠᠭᠠᠨ ᠤ ᠮᠦᠩᠬᠦᠨ ᠡᠪᠤᠯ ᠤᠨ ᠵᠢᠭᠤᠯᠴᠢᠯᠠᠯ ᠪᠤᠯᠤᠨ ᠰᠤᠶᠤᠯ ᠤᠨ ᠵᠤᠭ᠎ᠠ ᠴᠠᠩᠬᠡᠯ ᠢ ᠡᠳ᠋ᠯᠡᠬᠦᠯᠵᠤ ᠴᠢᠳᠠᠭᠰᠡᠨ ᠪᠠᠶᠢᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号