ᠬᠠᠶ᠋ᠢ ᠶᠢᠨ ᠭᠤᠪᠢ ᠪᠠᠨ ᠬᠠᠯᠢᠭᠤᠨ ᠲᠡᠮᠡᠭᠡ ᠪᠠᠷ ᠲᠦᠬᠦᠷᠬᠡᠵᠥ ᠪᠠᠶᠢᠭᠰᠠᠨ ᠬᠠᠰᠢᠷ ᠲᠡᠮᠡᠬᠡᠴᠢᠨ
ᠨᠡᠶᠢᠲᠡᠯᠡᠭᠰᠡᠨ ᠴᠠᠭ᠄
2021/3/22
    ᠦᠷᠬᠡᠨ ᠲᠡᠨᠢᠬᠡᠷ ᠲᠠᠯ᠎ᠠ ᠨᠣᠳᠤᠭ ᠲᠤ ᠣᠯᠠᠨ ᠰᠠᠶᠢᠬᠠᠨ ᠦᠯᠢᠬᠡᠷ ᠲᠣᠮᠤᠭ ᠲᠠᠢ ᠭᠠᠵᠠᠷ ᠣᠰᠣᠨ ᠬᠠᠮᠢᠭ᠎ᠠ ᠭᠠᠵᠠᠷ ᠴᠣ᠋ ᠪᠠᠶᠢᠳᠠᠭ ᠪᠦᠬᠡᠳ ᠭᠠᠵᠠᠷ ᠣᠷᠣᠨ ᠤ ᠪᠠᠨ ᠣᠷᠭᠤᠮᠠᠯ ᠰᠢᠨᠵᠢ ᠶᠢᠨ ᠣᠨᠴᠠᠯᠢᠭ ᠲᠤ ᠲᠣᠬᠢᠷᠠᠭᠤᠯᠵᠥ ᠲᠠᠪᠣᠨ ᠬᠤᠰᠢᠭᠤ ᠮᠠᠯ ᠢᠶᠠᠨ ᠮᠠᠯᠯᠠᠨ᠂ ᠨᠡᠬᠦᠳᠡᠯ ᠣᠭᠰᠠᠭᠠᠨ ᠤ ᠪᠠᠨ ᠪᠠᠭᠤᠷᠢ ᠪᠠᠭᠤᠴᠠ ᠶᠢ ᠬᠠᠮᠠᠭᠠᠯᠠᠵᠥ ᠶᠠᠪᠣᠭ᠎ᠠ ᠮᠠᠯᠴᠢᠳ ᠪᠢᠰᠢᠬᠦᠢ ᠯᠡ ᠣᠯᠠᠨ ᠪᠠᠶᠢᠭᠰᠠᠨ᠂ ᠭᠠᠵᠠᠷ ᠣᠰᠣᠨ ᠤ ᠨᠠᠪᠳᠠᠭ ᠱᠠᠪᠳᠠᠭ ᠨᠢ ᠴᠣ᠋᠂ ᠲᠡᠷᠡ ᠣᠯᠠᠨ ᠰᠠᠶᠢᠬᠠᠨ ᠪᠣᠰᠤᠭ᠎ᠠ ᠬᠡᠶᠢᠮᠦᠷᠢᠲᠦ ᠮᠠᠯ ᠢᠶᠠᠨ ᠬᠠᠷᠠᠨ ᠪᠠᠶᠠᠰᠴᠣ᠂ ᠲᠡᠳᠬᠦᠨ ᠢᠪᠡᠬᠡᠵᠥ ᠪᠠᠶᠢᠳᠠᠭ ᠪᠠᠶᠢᠬ᠎ᠠ᠂ ᠠᠪᠠᠭ᠎ᠠ ᠬᠤᠰᠢᠭᠤᠨ ᠤ ᠪᠠᠷᠠᠭᠤᠨ ᠣᠷᠢᠳᠠᠭᠤᠷ ᠬᠠᠶ᠋ᠢ ᠶᠢᠨ ᠭᠤᠪᠢ ᠬᠡᠵᠥ ᠪᠣᠳᠠ ᠪᠣᠳᠠᠷᠭᠠᠨ᠎ᠠ᠂ ᠪᠣᠯᠠᠭ ᠣᠰᠣ ᠲᠠᠢ ᠰᠠᠶᠢᠬᠠᠨ ᠭᠠᠵᠠᠷ ᠪᠠᠶᠢᠳᠠᠭ ᠨᠢ ᠶᠣᠰᠣᠳᠡᠢ ᠯᠡ ᠲᠡᠮᠡᠭᠡ ᠮᠠᠯᠵᠢ ᠬᠡᠵᠥ ᠲᠡᠬᠡᠳᠣ ᠲᠡᠭᠷᠢ ᠠᠴᠠ ᠰᠣᠶᠣᠷᠬᠠᠭᠰᠠᠨ ᠭᠠᠵᠠᠷ ᠬᠡᠯᠳᠡᠢ᠂ ᠵᠠᠭᠤᠨ ᠵᠠᠭᠤᠨ ᠤ ᠲᠣᠷᠰᠢ ᠠᠳᠡ ᠭᠠᠵᠠᠷ ᠭᠠᠵᠠᠷ ᠤᠨ ᠣᠯᠠᠨ ᠰᠠᠶᠢᠬᠠᠨ ᠲᠡᠮᠡᠬᠡᠳ ᠰᠦᠷᠦᠭ ᠰᠦᠷᠦᠭ ᠢᠶᠠᠷ ᠴᠣᠭᠯᠠᠨ ᠬᠤᠵᠢᠷ ᠱᠣ᠋ ᠲᠣᠯᠢᠶᠡᠨ᠂ ᠣᠰᠣᠨ ᠵᠡᠷᠬᠡᠯᠬᠡᠨ ᠲᠣᠮᠳᠠᠭᠤᠷ ᠬᠦᠵᠦᠬᠦᠥ ᠰᠣᠩᠭᠠᠨ ᠨᠡᠬᠦᠳᠡᠯᠯᠡᠬᠦ ᠨᠢ ᠦᠯᠢᠬᠡᠷ  ᠤᠨ ᠶᠤᠮᠰᠢᠭ᠂ ᠲᠣᠮᠤᠭ ᠤᠨ ᠶᠣᠮᠰᠢᠭ ᠰᠠᠨᠠᠭᠳᠠᠬᠤ ᠪᠣᠯᠪᠡᠴᠣ ᠦᠨᠡᠨᠳᠡᠬᠡᠨ ᠦᠴᠦᠬᠡᠳᠣᠷ ᠤᠨ ᠪᠣᠳᠠᠳᠣ ᠣᠴᠢᠷ ᠰᠠᠨ ᠃ ᠪᠡᠯᠴᠢᠬᠡᠷ ᠨᠣᠳᠤᠭ ᠢ ᠡᠷᠣᠬᠡ ᠳᠤ ᠲᠠᠭᠠᠭᠠᠴᠢᠯᠠᠭᠤᠯᠬᠤ ᠠᠴᠠ ᠡᠮᠣᠨ᠎ᠠ ᠲᠡᠮᠡᠬᠡᠳ ᠨᠢ ᠬᠠᠮᠢᠭ᠎ᠠ ᠬᠤᠯᠠ ᠶᠠᠪᠣᠳᠠᠭ ᠪᠣᠯᠪᠡᠴᠣ ᠬᠠᠶ᠋ᠢ ᠶᠢᠨ ᠭᠤᠪᠢ ᠨᠢ ᠵᠠᠪᠠᠯ ᠴᠣᠭᠯᠠᠬᠤ ᠶᠣᠰᠣᠳᠡᠢ ᠭᠠᠵᠡᠷ ᠪᠠᠶᠢᠳᠠᠭ ᠨᠢ ᠬᠠᠴᠢᠷᠬᠠᠯᠳᠡᠢ᠃ ᠨᠣᠮ ᠰᠣᠳᠣᠷ ᠰᠡᠬᠦᠨ ᠲᠡᠣᠬᠡ ᠪᠠᠷᠢᠮᠳᠠ ᠡᠷᠢᠬᠦ ᠳᠤ ᠬᠠᠶ᠋ᠢ ᠶᠢᠨ ᠭᠤᠪᠢ ᠳᠤ ᠪᠣᠰᠣᠳ ᠣᠯᠠᠨ ᠠᠷᠪᠢᠨ ᠬᠠᠭᠤᠴᠢ ᠰᠣᠳᠣᠯᠣᠯ ᠤᠨ ᠵᠦᠢᠯᠡᠰ ᠪᠠᠶᠢᠳᠠᠭ ᠬᠡᠳᠡᠭ ᠪᠣᠯᠪᠡᠴᠣ ᠲᠡᠮᠡᠬᠡᠨ ᠲᠣᠮᠤᠭ ᠤᠨ ᠲᠣᠬᠠᠢ ᠨᠢᠬᠡᠴᠣ ᠬᠠᠷᠠᠭᠳᠠᠭ᠎ᠠ ᠦᠬᠡᠢ  ᠨᠢ ᠰᠣᠨᠢᠬᠠᠨ᠂ ᠰᠢᠨ᠎ᠠ ᠮᠢᠩᠭᠠᠨ ᠣᠨ ᠦᠩᠬᠡᠷᠡᠩᠬᠦᠳᠡ ᠬᠠᠶ᠋ᠢ ᠶᠢᠨ ᠭᠤᠪᠢ ᠶᠢᠨ ᠵᠡᠬᠦᠨ ᠣᠷᠢᠳᠣ ᠲᠡᠨᠵᠢᠨ ᠲᠡᠬᠡᠷ᠎ᠠ ᠢᠳᠡ ᠲᠠᠴᠢᠬᠢᠨᠠᠭᠰᠠᠨ ᠬᠦᠬᠡᠬᠡ ᠡᠪᠣᠯ ᠤᠨ ᠯᠡ ᠰᠠᠷ᠎ᠠ ᠪᠠᠷ ᠵᠠᠭᠤᠨ ᠲᠡᠮᠡᠬᠡᠨ ᠤ ᠦᠨᠢᠷ ᠦᠰᠦᠯᠳᠡ ᠶᠢᠨ ᠨᠠᠶᠢᠷ ᠬᠢᠭᠰᠡᠨ ᠠᠪᠠᠭ᠎ᠠ ᠬᠤᠰᠢᠭᠤᠨ ᠤ ᠪᠠᠶᠠᠨᠴᠠᠭᠠᠨ ᠪᠠᠯᠭᠠᠰᠣᠨ ᠤ ᠣᠯᠠᠨᠪᠣᠯᠠᠭ ᠭᠠᠴᠠᠭᠠᠨ ᠤ ᠬᠠᠰᠢᠷ ᠮᠠᠯᠴᠢᠨ ᠴᠢᠯᠠᠭᠤᠨᠪᠠᠭᠠᠳᠣᠷ ᠢ ᠰᠣᠷᠪᠣᠯᠵᠢᠯᠠᠭᠰᠠᠨ ᠢᠶᠠᠨ ᠣᠯᠠᠨ ᠪᠦᠬᠦᠨ ᠲᠠᠢ ᠪᠠᠨ ᠬᠤᠪᠢᠶᠠᠯᠴᠡᠶ᠎ᠡ᠃     ᠦᠷᠬᠡᠨ ᠭᠤᠪᠢ ᠶᠢᠨ ᠬᠠᠰᠢᠷ ᠮᠠᠯᠴᠢᠨ᠂ ᠠᠯᠳᠡᠷᠳᠣ ᠲᠡᠮᠡᠬᠡᠴᠢᠨ ᠴᠢᠯᠠᠭᠤᠨᠪᠠᠭᠠᠳᠣᠷ ᠭᠤᠸᠡᠢ 1956 ᠣᠨ  ᠳᠤ ᠪᠠᠶᠠᠨᠴᠠᠭᠠᠨ ᠰᠣᠮᠣᠨ ᠤ ᠡᠷᠳᠡᠨᠢᠪᠣᠯᠠᠭ ᠭᠠᠴᠠᠭᠠᠨ ᠤ ᠣᠮᠪᠣᠢ ᠶᠢᠨ ᠡᠷᠬᠢᠴᠡᠭ ᠬᠡᠳᠡᠭ ᠲᠡᠮᠡᠬᠡᠳᠣ ᠨᠣᠳᠤᠭ ᠲᠠᠢ ᠭᠠᠵᠠᠷ ᠲᠦᠷᠦᠭᠰᠡᠨ ᠪᠠᠶᠢᠨ᠎ᠠ᠃ ᠪᠠᠯᠴᠢᠷ ᠪᠠᠭ᠎ᠠ ᠨᠠᠰᠣᠨ ᠳᠠᠭᠠᠨ ᠰᠣᠷᠭᠠᠭᠤᠯᠢ ᠰᠣᠶᠣᠯ ᠤᠨ ᠮᠦᠷ ᠬᠦᠬᠡᠬᠡᠬᠦ ᠪᠠᠷ ᠪᠠᠶᠢᠭᠰᠠᠨ ᠪᠣᠯᠪᠠᠴᠣ ᠴᠠᠭ ᠲᠦᠷᠦ ᠶᠢᠨ ᠨᠦᠯᠥᠬᠡ ᠪᠠᠷ ᠶᠡᠭᠡ ᠴᠣ᠋ ᠰᠣᠷᠴᠣ ᠴᠢᠳᠠᠭᠰᠠᠨ ᠦᠬᠡᠢ᠂ ᠮᠠᠯᠴᠢᠨ ᠪᠣᠯᠬᠤ ᠮᠢᠩᠭᠠᠨ ᠮᠡᠷᠬᠡᠵᠢᠯ ᠤᠨ ᠠᠵᠢᠯ ᠢ ᠪᠠᠭᠰᠢ ᠦᠬᠡᠢ ᠰᠣᠷᠴᠣ ᠬᠡᠷᠡᠭᠯᠡᠬᠦ ᠪᠠᠷ ᠣᠷᠣᠯᠳᠣᠵᠥ ᠡᠬᠢᠯᠡᠭᠰᠡᠨ᠂ ᠠᠯᠪᠠᠨ ᠤ ᠠᠵᠢᠯ ᠳᠤ ᠬᠢᠨᠠᠮᠠᠭᠠᠢ᠂ ᠬᠤᠪᠢᠨ ᠤ ᠠᠮᠢᠳᠣᠷᠠᠯ ᠳᠤ ᠬᠠᠷᠢᠭᠤᠴᠠᠯᠭᠠᠳᠡᠢ ᠪᠠᠶᠢᠳᠠᠭ ᠢᠶᠠᠷ ᠨᠢ ᠴᠢᠯᠠᠭᠤᠨᠪᠠᠭᠠᠳᠣᠷ ᠭᠤᠸᠡᠢ ᠶᠢ 1975 ᠣᠨ ᠳᠤ ᠭᠠᠴᠠᠭᠠᠨ ᠤ ᠲᠡᠳ᠋ ᠲᠠᠷᠤᠭ᠎ᠠ᠂ 1980 ᠣᠨ ᠠᠴᠠ ᠭᠠᠴᠠᠭᠠᠨ ᠲᠠᠷᠤᠭ᠎ᠠ ᠪᠠᠷ ᠰᠣᠩᠭᠤᠵᠥ ᠪᠠᠶᠢᠭᠰᠠᠨ ᠪᠣᠯᠪᠠᠴᠣ᠂ ᠬᠠᠮᠳᠣ ᠣᠯᠠᠨ ᠤ ᠠᠵᠢᠯ ᠬᠢᠨ᠎ᠠ ᠬᠡᠭᠴᠢ ᠦᠩᠬᠡᠷᠡᠭᠰᠡᠨ ᠤ ᠲᠡᠷᠡᠬᠦ ᠲᠣᠷᠰᠢᠯᠭ᠎ᠠ ᠰᠣᠷᠭᠠᠮᠵᠢ ᠪᠠᠷ ᠬᠢᠳᠡᠭ ᠪᠢᠰᠢ ᠬᠠᠷᠢᠨ ᠪᠢᠴᠢᠭ ᠰᠣᠶᠣᠯ᠂ ᠨᠡᠩ ᠴᠢᠨᠠᠭᠰᠢᠯᠠᠭᠠᠳ ᠬᠢᠳᠡᠳ ᠬᠡᠯᠡ ᠬᠢᠳᠡᠳ ᠦᠰᠦᠭ ᠢ ᠴᠣ᠋ ᠪᠠᠰᠠ ᠮᠡᠳᠡᠵᠥ ᠣᠶᠢᠯᠠᠭᠠᠬᠤ ᠴᠢᠬᠤᠯᠠᠳᠡᠢ ᠪᠣᠯᠣᠭᠰᠠᠨ ᠴᠠᠭ ᠦᠶ᠎ᠡ ᠶᠢᠨ ᠱᠠᠭᠠᠷᠳᠠᠯᠭ᠎ᠠ ᠲᠠᠢ ᠪᠣᠯᠣᠭᠰᠠᠨ ᠪᠠ ᠴᠢᠯᠠᠭᠤᠨᠪᠠᠭᠠᠳᠣᠷ ᠭᠤᠸᠡᠢ ᠴᠣ᠋ ᠬᠠᠷᠠᠬᠠᠨ ᠪᠠᠭ᠎ᠠ ᠠᠴᠠ ᠪᠠᠨ ᠦᠪᠡᠷᠳᠡᠬᠡᠨ ᠵᠦᠪᠬᠡᠨ ᠰᠠᠶᠢᠨ ᠲᠡᠮᠡᠬᠡᠴᠢᠨ ᠪᠣᠯᠣᠨ᠎ᠠ ᠬᠡᠰᠡᠨ ᠭᠠᠭᠴᠠᠬᠠᠨ ᠬᠦᠰᠡᠯ ᠪᠠᠶᠢᠭᠰᠠᠨ ᠠᠴᠠ 1984 ᠣᠨ ᠳᠤ ᠭᠠᠴᠠᠭᠠᠨ ᠲᠠᠷᠤᠭ᠎ᠠ ᠶᠢᠨ ᠲᠣᠰᠢᠶᠠᠯ ᠢᠶᠠᠨ ᠦᠪᠡᠷᠳᠡᠬᠡᠨ ᠲᠣᠰᠢᠶᠠᠵᠥ᠂ ᠬᠠᠨ ᠲᠡᠭᠷᠢ ᠶᠢᠨ ᠬᠤᠷᠮᠣᠢ ᠲᠣᠯᠣᠭᠰᠠᠨ ᠬᠠᠶ᠋ᠢ ᠶᠢᠨ ᠭᠤᠪᠢ ᠪᠠᠨ ᠬᠠᠯᠢᠭᠤᠨ ᠬᠦᠷᠡᠩ ᠲᠡᠮᠡᠭᠡ ᠪᠠᠷ ᠲᠦᠬᠦᠷᠬᠡᠬᠦ ᠬᠠᠯᠠᠭᠤᠨ ᠰᠡᠳᠬᠢᠯᠳᠣ ᠬᠠᠳᠠᠭᠤᠵᠢᠯᠳᠡᠢ ᠠᠶᠠᠨ ᠳᠠᠭᠠᠨ ᠮᠣᠷᠳᠠᠭᠰᠠᠨ ᠰᠠᠨ᠃     1983 ᠣᠨ ᠳᠤ ᠮᠠᠯ ᠰᠦᠷᠦᠭ ᠢ ᠡᠷᠣᠬᠡ ᠳᠤ ᠲᠠᠭᠠᠭᠠᠴᠢᠯᠠᠭᠤᠯᠬᠤ ᠦᠶ᠎ᠡ ᠪᠠᠷ ᠴᠢᠯᠠᠭᠤᠨᠪᠠᠭᠠᠳᠣᠷ ᠭᠤᠸᠡᠢ ᠨᠢᠬᠡ ᠢᠩᠬᠡ ᠬᠤᠪᠢᠶᠠᠵᠥ ᠣᠯᠣᠭᠰᠠᠨ ᠪᠦᠬᠡᠳ ᠬᠠᠮᠳᠣ ᠶᠢᠨ ᠲᠡᠮᠡᠬᠡᠨ ᠰᠦᠷᠦᠭ ᠬᠠᠷᠢᠭᠤᠯᠵᠥ ᠶᠠᠪᠣᠭᠰᠠᠨ ᠢᠶᠠᠷ ᠨᠢ ᠭᠠᠴᠠᠭᠠᠨ ᠠᠴᠠ ᠬᠠᠮᠳᠣ ᠪᠠᠷ ᠡᠳ᠋ᠯᠡᠭ ᠬᠡᠵᠥ ᠨᠢᠬᠡ ᠪᠣᠣᠷ᠎ᠠ ᠦᠭᠬᠦᠭᠰᠡᠨ ᠢᠶᠠᠷ ᠲᠡᠮᠡᠬᠡᠨ ᠰᠦᠷᠦᠭ ᠲᠠᠢ ᠪᠣᠯᠬᠤ ᠬᠡᠰᠡᠨ ᠬᠦᠰᠡᠯ ᠳᠤᠨᠢ ᠣᠯᠳᠠᠰᠢ ᠦᠬᠡᠢ ᠶᠡᠭᠡ ᠵᠣᠷᠢᠭᠵᠢᠭᠤᠯᠣᠯ ᠪᠣᠯᠣᠭᠰᠠᠨ ᠢᠶᠠᠷ ᠣᠶᠢᠷ᠎ᠡ ᠣᠷᠴᠢᠮ ᠰᠣᠷᠠᠭ ᠲᠠᠯᠪᠢᠨ ᠴᠢᠩᠨᠠᠵᠥ ᠬᠠᠮᠳᠣ ᠶᠢᠨ ᠬᠤᠪᠢᠶᠠᠵᠥ ᠦᠭᠬᠦᠭᠰᠡᠨ ᠲᠡᠮᠡᠭᠡ ᠪᠠᠨ ᠠᠳᠣᠭᠤ ᠦᠬᠡᠷ ᠢᠶᠠᠷ ᠰᠣᠯᠢᠬᠤ ᠰᠠᠨᠠᠭᠠᠳᠡᠢ ᠮᠠᠯᠴᠢᠳ  ᠠᠴᠠ ᠦᠨ᠎ᠠ ᠬᠠᠶᠢᠷᠠᠯᠠᠯ ᠦᠬᠡᠢ《ᠮᠣᠩᠭᠤᠯ ᠮᠠᠶᠢᠮᠠᠢ 》ᠬᠢᠵᠥ ᠡᠬᠢᠯᠡᠨ ᠨᠢᠬᠡ ᠬᠤᠶᠡᠷ ᠢᠶᠠᠷ ᠴᠣᠭᠯᠠᠭᠤᠯᠣᠭᠰᠠᠭᠠᠷ ᠪᠠᠶᠢᠵᠥ ᠦᠨᠥ ᠶᠣᠰᠣᠳᠡᠢ 《 ᠲᠣᠰᠣᠯ ᠢ ᠬᠤᠷᠢᠶᠠᠪᠠᠯ ᠲᠠᠯᠠᠢ ᠪᠣᠯᠣᠨ᠎ᠠ 》ᠬᠡᠳᠡᠭ ᠢᠶᠠᠷ ᠨᠢᠬᠡ ᠮᠡᠳᠡᠬᠦ ᠳᠤ ᠯᠡ ᠲᠦᠴᠢᠬᠡᠳ ᠲᠡᠮᠡᠭᠡ ᠲᠠᠢ ᠪᠣᠯᠴᠢᠬᠠᠭᠰᠠᠨ ᠪᠠᠶᠢᠯ᠎ᠠ᠃ ᠢᠩᠬᠢᠬᠡᠳ ᠯᠡ ᠬᠠᠯᠢᠭᠤᠨ ᠬᠦᠷᠡᠩ ᠲᠡᠮᠡᠭᠡ ᠪᠠᠨ ᠦᠷᠡᠵᠢᠬᠦᠯᠥᠨ ᠦᠰᠬᠡᠬᠦ ᠬᠠᠯᠠ ᠬᠦᠴᠢᠷᠳᠡᠢ ᠬᠠᠯᠳᠣᠷᠢᠭ᠎ᠠ ᠶᠡᠬᠡᠳᠡᠢ ᠲᠡᠮᠡᠬᠡᠨ ᠵᠢᠩ ᠤᠨ ᠴᠣᠪᠣᠭ᠎ᠠ ᠡᠬᠢᠯᠡᠭᠰᠡᠨ᠃      ᠴᠢᠯᠠᠭᠤᠨᠪᠠᠭᠠᠳᠣᠷ ᠭᠤᠸᠡᠢ ᠶᠢᠨ ᠲᠡᠮᠡᠬᠡᠨ ᠳᠤ ᠬᠠᠶᠢᠷᠡᠳᠡᠢ ᠪᠣᠯᠣᠭᠰᠠᠨ ᠨᠢ ᠪᠠᠰᠠᠴᠣ ᠦᠯᠢᠬᠡᠷ ᠲᠠᠢ ᠶᠣᠮᠰᠠᠨ᠃ ᠴᠢᠯᠠᠭᠤᠨᠪᠠᠭᠠᠳᠣᠷ ᠭᠤᠸᠡᠢ ᠶᠢ ᠪᠠᠭ᠎ᠠ ᠪᠠᠶᠢᠬᠤ ᠳᠤ ᠡᠷᠳᠡ ᠦᠶ᠎ᠡ ᠶᠢᠨ ᠬᠠᠶ᠋ᠢ ᠶᠢᠨ ᠰᠦᠮ᠎ᠠ ᠶᠢᠨ ᠰᠠᠩᠭᠠᠢ ᠪᠣᠣᠷ᠎ᠠ ︵ᠰᠠᠩ ᠤᠨ ᠪᠣᠣᠷ᠎ᠠ ᠬᠡᠰᠡᠨ ᠦᠬᠡ︶ ᠬᠡᠳᠡᠭ ᠬᠦᠮᠦᠨ ᠠᠮᠢᠳᠠᠨ ᠬᠠᠪᠢᠳᠠᠬᠤ ᠶᠢᠨ ᠠᠷᠭ᠎ᠠ ᠦᠬᠡᠢ ᠲᠣᠭᠰᠢᠨ ᠰᠦᠷᠯᠢᠭ ᠬᠦᠷᠡᠩ ᠪᠣᠣᠷ᠎ᠠ ᠬᠦᠮᠦᠨ ᠠᠷᠠᠳ ᠤᠨ ᠲᠣᠮᠳᠠ ᠦᠯᠢᠬᠡᠷ ᠤᠨ ᠶᠣᠮᠰᠢᠭ ᠶᠠᠷᠢᠭᠳᠠᠳᠠᠳᠠᠭ ᠪᠦᠬᠡᠳ ᠮᠦᠨ ᠵᠢᠷᠠᠭᠠᠳ ᠣᠨ ᠤ ᠦᠶ᠎ᠡ ᠪᠠᠷ《 ᠲᠠᠮᠣᠷ ᠭᠤᠣᠯᠳᠣ》 ᠬᠡᠳᠡᠭ ᠡᠳ᠋ᠯᠡᠭᠡ ᠰᠠᠶᠢᠳᠡᠢ᠂ ᠨᠣᠮᠣᠬᠠᠨ ᠮᠦᠷᠳᠡᠬᠡᠨ ᠬᠤᠷᠳᠣᠨ ᠬᠦᠶᠦᠳᠡᠯ ᠲᠠᠢ ᠠᠳᠠ ᠪᠠᠶᠢᠭᠰᠠᠨ ᠨᠢ ᠬᠤᠶᠠᠷᠬᠠᠨ ᠴᠠᠭ ᠢᠯᠡᠬᠦᠥ ᠳᠤ ᠬᠠᠶ᠋ᠢ ᠶᠢᠨ ᠰᠦᠮ᠎ᠠ ᠠᠴᠠ ᠬᠠᠮᠪᠤ  ᠶᠢᠨ ᠰᠦᠮ᠎ᠠ ᠬᠦᠷᠳᠡᠯ᠎ᠠ ︵ᠲᠠᠯᠠᠭᠠᠳ ᠭᠠᠵᠠᠷ︶ ᠣᠨᠴᠠᠭᠠᠢ ᠲᠦᠷᠬᠡᠨ ᠶᠠᠪᠣᠳᠠᠯ ᠲᠠᠢ ᠲᠡᠮᠡᠭᠡ ᠪᠠᠶᠢᠭᠰᠠᠨ ᠵᠡᠷᠬᠡ ᠨᠢ ᠴᠢᠯᠠᠭᠤᠨᠪᠠᠭᠠᠳᠣᠷ ᠭᠤᠸᠡᠢ   ᠳᠤ ᠲᠡᠮᠡᠭᠡ ᠪᠠᠨ ᠦᠰᠬᠡᠵᠥ ᠦᠷᠡᠵᠢᠬᠦᠯᠬᠦ ᠬᠠᠯᠠᠭᠤᠨ ᠰᠡᠳᠬᠢᠯ ᠤᠨ ᠰᠠᠭᠤᠷᠢ ᠶᠢ ᠲᠠᠯᠪᠢᠭᠰᠠᠨ ᠪᠦᠬᠡᠳ ᠨᠡᠩ ᠢᠯᠠᠩᠭᠤᠶ᠎ᠡ 1977 ᠣᠨ ᠤ ᠡᠪᠣᠯ ᠤᠨ ᠶᠡᠭᠡ ᠵᠣᠳ ᠦᠪᠦᠷ ᠮᠣᠩᠭᠤᠯ ᠢ ᠨᠡᠶᠢᠳᠡᠮ ᠬᠠᠮᠣᠷᠠᠨ᠂ ᠵᠣᠳ ᠲᠤ ᠵᠠᠮ ᠨᠡᠪᠳᠡᠷᠡᠯᠬᠡ ᠲᠦᠭᠵᠢᠷᠡᠨ᠂ ᠮᠠᠯ ᠰᠦᠷᠦᠭ ᠬᠦᠨᠳᠣ ᠰᠦᠷᠡᠬᠡᠢ ᠬᠤᠬᠢᠷᠠᠭᠰᠠᠨ ᠲᠡᠷᠡᠬᠦ ᠭᠠᠴᠢᠭᠳᠠᠯᠳᠣ ᠦᠶ᠎ᠡ ᠳᠤ ᠣᠯᠠᠨᠪᠣᠯᠠᠭ ᠪᠠᠷᠢᠭᠠᠳᠠ ᠶᠢᠨ ᠣᠳᠣᠷ ᠶᠠᠪᠣᠭᠠᠳᠣᠢ ᠪᠠᠶᠢᠭᠰᠠᠨ 138 ᠲᠡᠮᠡᠭᠡ ᠨᠢ ᠵᠣᠳ ᠪᠣᠯᠵᠥ ᠵᠠᠮ ᠪᠣᠭᠤᠭᠳᠠᠬᠤ ᠦᠶ᠎ᠡ ᠳᠤ ᠮᠠᠯᠴᠢᠨ ᠲᠦᠮᠡᠨ ᠢᠶᠠᠨ ᠬᠦᠯ ᠵᠠᠯᠭᠠᠭᠤᠯᠣᠭᠰᠠᠨ ᠴᠣᠷ ᠤᠨ ᠭᠠᠭᠴᠠ ᠣᠨᠤᠭ᠎ᠠ ᠪᠣᠯᠣᠭᠰᠠᠨ ᠪᠦᠬᠡᠳ ᠮᠠᠯᠴᠢᠨ ᠲᠦᠮᠡᠨ ᠤ ᠪᠠᠨ ᠠᠮᠢ ᠨᠠᠰᠣ ᠶᠢ ᠠᠪᠣᠷᠠᠵᠥ ᠪᠠᠶᠢᠭᠰᠠᠨ ᠣᠳᠠᠭ᠎ᠠ ᠲᠠᠢ᠂ ᠲᠡᠮᠡᠭᠡ ᠨᠢ ᠭᠠᠩ ᠲᠠᠢ ᠲᠡᠰᠪᠦᠷᠢᠳᠡᠢ᠂ ᠵᠣᠳ ᠲᠤ ᠨᠡᠶᠢᠳᠡᠪᠦᠷᠢᠳᠡᠢ ᠵᠡᠷᠬᠡ ᠣᠯᠠᠨ ᠰᠠᠶᠢᠨ ᠲᠠᠯ᠎ᠠ ᠶᠢ ᠵᠦᠪᠬᠡᠨ ᠴᠢᠯᠠᠭᠤᠨᠪᠠᠭᠠᠳᠣᠷ ᠭᠤᠸᠡᠢ ᠲᠠᠨᠢᠵᠥ ᠮᠡᠳᠡᠷᠡᠨ᠂ ᠲᠡᠮᠡᠬᠡᠨ ᠳᠤ ᠪᠠᠭᠳᠡᠢ ᠪᠣᠯᠣᠭᠰᠠᠨ ᠨᠢ ᠬᠠᠶ᠋ᠢ ᠶᠢᠨ ᠭᠤᠪᠢ ᠶᠢᠨ ᠨᠠᠪᠳᠠᠭ ᠱᠠᠪᠳᠠᠭ ᠲᠣᠰᠬᠠᠢ ᠲᠣᠮ ᠰᠢᠪᠡᠨᠡᠭᠰᠡᠨ ᠬᠡᠯᠳᠡᠢ᠃     ᠲᠡᠮᠡᠭᠡ ᠪᠠᠨ ᠬᠠᠶᠢᠷᠠᠯᠠᠵᠥ ᠬᠠᠮᠠᠭᠠᠯᠠᠵᠥ ᠦᠰᠬᠡᠵᠥ ᠦᠷᠡᠵᠢᠬᠦᠯᠥᠭᠰᠡᠨ ᠴᠢᠯᠠᠭᠤᠨᠪᠠᠭᠠᠳᠣᠷ ᠭᠤᠸᠡᠢ ᠮᠠᠨᠢ 2000 ᠣᠨ ᠤ ᠵᠣᠳ ᠢ ᠲᠡᠮᠡᠬᠡᠨ ᠵᠣᠭᠳᠣᠷ ᠤᠨ ᠢᠶᠠᠨ ᠨᠦᠮᠦᠷᠢ ᠪᠠᠷ ᠠᠵᠢᠭ ᠦᠬᠡᠢ ᠲᠣᠭᠤᠯᠣᠭᠰᠠᠨ ᠪᠦᠬᠡᠳ ᠲᠡᠮᠡᠬᠡᠨ ᠰᠦᠷᠦᠭ ᠨᠢ ᠦᠨᠢᠷ ᠦᠰᠦᠭᠰᠡᠨ ᠠᠴᠠ 2006 ᠣᠨ ᠤ ᠵᠣᠨ ᠪᠣᠯᠬᠤ ᠳᠤ ᠴᠢᠯᠠᠭᠤᠨᠪᠠᠭᠠᠳᠣᠷ ᠭᠤᠸᠡᠢ  ᠶᠢᠨ ᠲᠡᠮᠡᠭᠡ ᠨᠢ ᠨᠢᠬᠡᠨᠳᠠ 160 ᠭᠠᠷᠣᠢ ᠪᠣᠯᠣᠭᠰᠠᠨ ᠪᠦᠬᠡᠳ ᠬᠠᠶ᠋ᠢ ᠶᠢᠨ ᠭᠤᠪᠢ ᠪᠠᠨ ᠬᠠᠯᠢᠭᠤᠨ ᠬᠦᠷᠡᠩ ᠲᠡᠮᠡᠭᠡ ᠪᠠᠷ ᠲᠦᠬᠦᠷᠬᠡᠨ᠎ᠡ ᠬᠡᠰᠡᠨ ᠬᠦᠰᠡᠯ ᠨᠢ ᠡᠷᠡᠮᠵᠡᠯᠡᠯ ᠲᠠᠢ ᠪᠣᠯᠣᠭᠰᠠᠨ ᠢᠶᠠᠷ ᠨᠠᠶᠢᠵᠠ ᠨᠦᠬᠦᠳ ᠤᠨ ᠢᠶᠠᠨ ᠰᠢᠪᠠᠳᠠᠯᠭ᠎ᠠ ᠪᠠᠷ 2006 ᠣᠨ ᠤ ᠢᠳᠡᠷ ᠶᠢᠰᠣ ᠶᠢᠨ ᠠᠩᠬᠠᠨ ᠤ ᠡᠳᠣᠷ ᠬᠠᠶ᠋ᠢ ᠶᠢᠨ ᠭᠤᠪᠢ ᠶᠢᠨ ᠵᠡᠬᠦᠨ ᠣᠷᠢᠳᠣ ᠲᠡᠨᠵᠢᠨ ᠲᠡᠬᠡᠷ᠎ᠡ 128 ᠬᠦᠴᠦᠳᠣ ᠪᠦᠬᠡ ᠪᠠᠷᠢᠯᠳᠣᠭᠤᠯᠣᠭᠰᠠᠨ《 ᠵᠠᠭᠤᠨ ᠲᠡᠮᠡᠬᠡᠨ ᠤ ᠨᠡᠶᠢᠷ》 ᠢᠶᠠᠨ ᠦᠪᠡᠳᠡᠭᠰᠢ ᠶᠡᠭᠡ ᠪᠠᠷ ᠡᠷᠬᠢᠯᠡᠨ ᠨᠣᠳᠤᠭ ᠣᠰᠣᠨ ᠤ ᠨᠠᠪᠳᠠᠭ ᠱᠠᠪᠳᠠᠭ ᠢᠶᠠᠨ ᠪᠠᠶᠠᠰᠬᠠᠭᠰᠠᠨ ᠪᠦᠬᠡᠳ ᠬᠤᠯᠠ ᠣᠶᠢᠷ᠎ᠠ ᠶᠢᠨ ᠦᠵᠡᠭᠴᠢ ᠲᠦᠮᠡᠨ ᠤ ᠬᠠᠯᠠᠭᠤᠨ ᠬᠦᠷᠢᠶᠡᠯᠡᠯ ᠢ ᠲᠣᠰᠣᠭᠰᠠᠨ ᠪᠠᠶᠢᠨ᠎ᠠ᠃ ᠲᠣᠰ ᠣᠳᠠᠭᠠᠨ ᠤ ᠨᠡᠶᠢᠷ  ᠲᠤ ᠠᠪᠠᠭ᠎ᠠ ᠨᠣᠳᠤᠭ ᠤᠨ ᠬᠦᠴᠦᠳᠣ ᠪᠦᠬᠡ ᠠᠯᠳᠠ᠂ ᠬᠠᠷᠢᠰᠢ ᠦᠬᠡᠢ ᠬᠦᠴᠦ ᠴᠢᠳᠠᠯ᠂ ᠬᠠᠷᠢᠭᠤᠯᠵᠥ ᠲᠡᠶᠢᠯᠥᠰᠢ ᠦᠬᠡᠢ ᠮᠡᠭᠡ ᠮᠡᠷᠬᠡᠵᠢᠯ ᠢᠶᠠᠷ ᠬᠠᠷᠭᠤᠭᠰᠠᠨ ᠪᠦᠬᠦᠨ ᠢᠶᠠᠨ ᠬᠠᠶᠠᠯᠠᠭᠰᠠᠭᠠᠷ ᠦᠵᠦᠯᠡᠵᠥ᠂ ᠮᠦᠩᠬᠦᠨ ᠪᠣᠶᠢᠯᠡ ᠲᠠᠢ ᠴᠠᠭᠠᠨ ᠲᠡᠮᠡᠭᠡ ᠪᠠᠷ ᠱᠠᠩᠨᠠᠭᠳᠠᠭᠰᠠᠨ ᠪᠣᠯ ᠬᠤᠯᠠ ᠶᠢᠨ ᠮᠣᠷᠢᠨ ᠤ ᠣᠷᠣᠯᠳᠣᠭᠠᠨ ᠳᠤ ᠣᠣᠯ ᠪᠣᠭᠳᠠ ᠠᠭᠤᠯᠠ ᠰᠣᠮᠣᠨ ᠤ ᠰᠠᠷᠠᠭᠤᠯ ᠭᠠᠴᠠᠭ᠎ᠠ ᠪᠠᠷ ᠨᠣᠳᠤᠭ ᠲᠠᠢ ᠨᠡᠷᠡᠳᠣ ᠣᠶᠠᠭᠠᠴᠢ ᠪᠦᠬᠡᠴᠢᠯᠠᠭᠤ ᠶᠢᠨ ᠦᠰᠦᠬᠡᠢ ᠴᠠᠭᠠᠨ ᠬᠠᠯᠳᠡᠷ ᠮᠣᠷᠢ ᠣᠳᠣᠳᠡᠢ ᠰᠠᠶᠢᠨ ᠲᠡᠪᠬᠢᠨ ᠬᠦᠴᠦᠳᠣ ᠲᠦᠷᠪᠡᠨ ᠲᠣᠭᠤᠷᠡᠢ ᠪᠠᠷ ᠢᠶᠠᠨ ᠬᠠᠶ᠋ᠢ ᠶᠢᠨ ᠭᠤᠪᠢ ᠶᠢᠨ ᠬᠠᠳᠠᠭᠤ ᠬᠦᠷᠦᠰᠣ ᠶᠢ ᠲᠣᠷᠬᠢᠭᠤᠯᠣᠨ ᠲᠠᠪᠬᠢᠵᠥ᠂ ᠮᠠᠩᠨᠠᠢ ᠳᠠᠭᠠᠨ ᠲᠣᠭᠤᠰᠣ ᠦᠬᠡᠢ ᠲᠡᠷᠢᠬᠦᠯᠡᠵᠥ᠂ ᠮᠦᠩᠬᠦᠨ ᠡᠮᠡᠬᠡᠯ ᠬᠠᠵᠠᠭᠠᠷ ᠲᠠᠢ ᠠᠭᠳᠠ ᠮᠣᠷᠢᠨ ᠤ ᠱᠠᠩ ᠲᠣᠰᠴᠣ᠂ ᠬᠠᠶ᠋ᠢ ᠶᠢᠨ ᠭᠤᠪᠢ ᠶᠢᠨ ᠠᠭᠤᠳᠠᠮ ᠲᠡᠨᠢᠬᠦᠨ ᠢ ᠮᠣᠩᠭᠤᠯ ᠮᠣᠷᠢᠨ ᠤ ᠭᠠᠶᠢᠬᠠᠮ᠎ᠠ ᠬᠤᠷᠳᠣ ᠪᠠᠷ ᠬᠤᠷᠣᠮᠬᠠᠨ᠎ᠠ ᠲᠣᠭᠤᠯᠣᠭᠰᠠᠨ ᠭᠠᠶᠢᠬᠠᠮᠰᠢᠭᠳᠣ ᠲᠣᠣᠯᠢᠰ ᠢ ᠪᠢᠴᠢᠭᠯᠡᠭᠰᠡᠨ ᠪᠢᠯᠡ᠃     ᠢᠳᠡᠷ ᠶᠢᠰᠣ ᠶᠢᠨ ᠬᠦᠢᠳᠡᠨ ᠢᠶᠠᠷ ᠡᠬᠢᠯᠡᠭᠰᠡᠨ ᠴᠢᠯᠠᠭᠤᠨᠪᠠᠭᠠᠳᠣᠷ ᠭᠤᠸᠡᠢ ᠶᠢᠨ《 ᠵᠠᠭᠤᠨ ᠲᠡᠮᠡᠬᠡᠨ ᠤ ᠨᠡᠶᠢᠷ 》ᠠᠪᠠᠭ᠎ᠠ ᠨᠣᠳᠤᠭ ᠤᠨ ᠠᠯᠳᠡᠷ ᠨᠡᠷ᠎ᠡ ᠶᠢ ᠦᠨᠳᠣᠷ ᠮᠠᠨᠳᠣᠭᠤᠯᠵᠥ᠂ ᠣᠷᠣᠨ ᠠᠶᠢᠮᠠᠭ ᠤᠨ ᠣᠳᠣᠨ ᠲᠧᠯᠸᠢᠰ᠂ ᠣᠷᠣᠨ ᠠᠶᠢᠮᠠᠭ ᠤᠨ ᠡᠳᠣᠷ ᠤᠨ ᠰᠣᠨᠢᠨ ᠤ ᠰᠣᠷᠪᠣᠯᠵᠢᠯᠠᠭᠴᠢ ᠨᠡᠷ ᠪᠠ ᠣᠷᠣᠨ ᠠᠶᠢᠮᠠᠭ ᠤᠨ ᠬᠡᠷᠡᠯ ᠵᠢᠷᠤᠭ ᠤᠨ ᠪᠠᠭ᠋ᠠᠳᠠᠳ ᠨᠡᠩ ᠴᠢᠨᠠᠭᠰᠢᠯᠠᠭᠠᠳ ᠠᠯᠣᠰ ᠬᠤᠯᠠ ᠲᠠᠶᠢᠸᠡᠨ ᠠᠷᠠᠯ ᠠᠴᠠ ᠬᠡᠷᠡᠯ ᠵᠢᠷᠣᠭᠴᠢᠳ ᠣᠯᠠᠨ ᠢᠷᠡᠵᠡᠬᠡᠵᠥ᠂ ᠡᠪᠣᠯ ᠤᠨ ᠶᠢᠰᠣ ᠶᠢᠨ ᠬᠦᠢᠳᠡᠨ ᠵᠢᠪᠡᠷ ᠢ ᠲᠣᠭᠤᠯ ᠦᠬᠡᠢ᠂ ᠦᠵᠡᠬᠦ ᠨᠢᠳᠣᠨ ᠤ ᠪᠠᠨ ᠬᠠᠷᠠᠭ᠎ᠠ ᠶᠢ ᠬᠤᠵᠢᠷᠯᠠᠵᠥ᠂ ᠴᠢᠯᠠᠭᠤᠨᠪᠠᠭᠠᠳᠣᠷ ᠭᠤᠸᠡᠢ ᠶᠣᠰᠣᠳᠡᠢ ᠲᠡᠮᠡᠬᠡᠨ ᠰᠦᠷᠦᠭ ᠪᠠ ᠲᠡᠷᠬᠡ ᠲᠠᠢ ᠢᠷᠡᠵᠡᠬᠡᠭᠰᠡᠨ ᠵᠣᠴᠢᠳ ᠲᠠᠢ ᠪᠠᠨ ᠬᠠᠶ᠋ᠢ  ᠶᠢᠨ ᠭᠤᠪᠢ ᠪᠠᠨ ᠨᠢᠯ ᠲᠦᠬᠦᠷᠬᠡᠵᠥ᠂ ᠣᠳᠠᠭᠠᠨ ᠡᠳᠣᠷ᠂ ᠵᠣᠵᠠᠭᠠᠨ ᠬᠤᠨᠤᠭ ᠤᠨ ᠮᠦᠷᠦᠬᠡᠳᠣᠯ ᠢᠶᠠᠨ ᠪᠡᠶᠡᠯᠡᠬᠦᠯᠵᠥ᠂ ᠪᠦᠬᠦᠯᠢ ᠡᠪᠣᠯᠵᠢᠨ ᠬᠠᠶ᠋ᠢ ᠶᠢᠨ ᠭᠤᠪᠢ ᠪᠡᠶᠡᠷ ᠨᠡᠶᠢᠷ ᠢᠶᠠᠷ ᠪᠢᠯᠬᠠᠭᠰᠠᠨ ᠪᠠᠶᠢᠯ᠎ᠠ᠃     ᠵᠠᠯᠠᠭᠤ ᠨᠠᠰᠣᠨ ᠤ ᠪᠠᠨ ᠵᠢᠪᠬᠤᠭᠤᠯᠢᠭ ᠦᠢᠯᠡᠰ ᠢᠶᠠᠷ《 ᠰᠢᠯᠢᠳᠡᠭ ᠮᠠᠯᠴᠢᠨ 》᠂《 ᠬᠦᠴᠦᠷᠬᠡᠭ ᠮᠠᠯᠴᠢᠨ 》᠂《 ᠲᠡᠷᠢᠬᠦᠨ ᠤ ᠬᠠᠮᠳᠣ ᠨᠢᠬᠡᠴᠡ》ᠵᠡᠷᠬᠡ ᠪᠠᠷ ᠨᠠᠮ ᠵᠠᠰᠠᠭ ᠲᠠᠭᠠᠨ ᠦᠨᠡᠯᠡᠭᠳᠡᠵᠥ ᠪᠠᠶᠢᠭᠰᠠᠨ ᠴᠢᠯᠠᠭᠤᠨᠪᠠᠭᠠᠳᠣᠷ ᠭᠤᠸᠡᠢ ᠦᠪᠦᠷ ᠮᠣᠩᠭᠤᠯ ᠤᠨ ᠣᠳᠣᠨ ᠲᠧᠯᠸᠢᠰ ᠢᠶᠠᠷ ᠬᠠᠶ᠋ᠢ ᠶᠢᠨ ᠭᠤᠪᠢ ᠶᠢᠨ ᠬᠠᠯᠢᠭᠤᠨ ᠲᠡᠮᠡᠬᠡᠳ ᠲᠠᠢ ᠪᠠᠨ ᠴᠤᠭ ᠦᠵᠡᠭᠴᠢ ᠣᠯᠠᠨ ᠤ ᠬᠠᠷᠠᠭ᠎ᠠ ᠰᠣᠨᠣᠷ ᠢ ᠪᠠᠶᠠᠰᠬᠠᠭᠰᠠᠨ ᠪᠦᠬᠡᠳ ᠲᠠᠬᠢᠨᠳᠠ ᠰᠣᠮᠣ ᠬᠤᠰᠢᠭᠤᠨ ᠤ ᠪᠠᠨ《 ᠰᠢᠯᠢᠳᠡᠭ ᠲᠡᠮᠡᠬᠡᠴᠢᠨ》᠂《 ᠬᠦᠳᠡᠯᠮᠣᠷᠢ ᠶᠢᠨ ᠵᠢᠱᠢᠶᠡᠴᠢ 》 ᠶᠢᠨ ᠢᠷᠡᠭᠤ ᠠᠯᠳᠡᠷ ᠢ ᠬᠦᠷᠳᠡᠭᠰᠡᠨ ᠪᠦᠬᠡᠳ 2012 ᠣᠨ ᠳᠤ ᠪᠣᠯᠣᠭᠰᠠᠨ ᠪᠦᠬᠦ ᠬᠤᠰᠢᠭᠤᠨ ᠤ ᠠᠩᠬᠠᠳᠠᠭᠴᠢ ᠣᠳᠠᠭᠠᠨ ᠤ 《 ᠨᠣᠮᠢᠨ ᠠᠪᠠᠭ᠎ᠠ》ᠨᠠᠭᠠᠳᠣᠮ ᠤᠨ ᠶᠡᠭᠡ ᠬᠤᠷᠠᠯ ᠳᠤ《 ᠬᠦᠳᠡᠯᠮᠣᠷᠢ ᠶᠢᠨ ᠵᠢᠱᠢᠶᠡᠴᠢ 》 ᠪᠠᠷ ᠰᠣᠩᠭᠤᠭᠳᠠᠨ᠂ ᠬᠠᠶ᠋ᠢ ᠶᠢᠨ ᠭᠤᠪᠢ ᠶᠢᠨ ᠬᠠᠮᠳᠣ ᠣᠯᠠᠨ ᠤ ᠣᠮᠣᠭᠰᠢᠯ ᠪᠣᠯᠣᠭᠰᠠᠨ ᠪᠠᠶᠢᠨ᠎ᠠ᠃ ᠬᠠᠰᠢᠷ ᠲᠡᠮᠡᠬᠡᠴᠢᠨ ᠴᠢᠯᠠᠭᠤᠨᠪᠠᠭᠠᠳᠣᠷ ᠭᠤᠸᠡᠢ ᠣᠳᠣ ᠪᠡᠯᠬᠦᠳᠡᠢ ᠪᠠᠯᠭᠠᠰᠣᠨ ᠳᠤ ᠦᠨᠢᠷ ᠦᠳᠬᠡᠨ᠂ ᠦᠶᠦᠭ ᠲᠡᠪᠡᠳᠡᠢ ᠵᠢᠷᠭᠠᠨ ᠰᠠᠭᠤᠵᠥ ᠪᠠᠶᠢᠭ᠎ᠠ᠃  
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ ᠤ ᠠᠯᠪᠠᠨ ᠭᠡᠷ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号